☆ ᠪᠠ᠊·ᠢᠯᠠᠯᠳᠠ
ᠪᠠᠩᠵᠢᠯ ᠴᠢᠨᠢ ᠭᠡᠢ᠌ᠰᠭᠦ ᠡᠴᠠ ᠠᠶᠤᠨ᠎ᠠ ᠪᠢ
ᠡᠷᠢᠶᠡᠨ ᠬᠤᠸᠠᠷ ᠲᠡᠶ ᠪᠠᠩᠵᠢᠯ ᠴᠢᠨᠢ
ᠡᠷᠭᠦᠭ᠍ᠳᠡᠰᠭᠢᠨ ᠭᠡᠢ᠌ᠰᠪᠠᠯ
ᠡᠮᠦᠰᠦᠭ᠍ᠰᠡᠨ ᠳᠤᠳᠤᠷ᠎ᠠ ᠬᠤᠪᠴᠠᠰᠤ ᠴᠢᠨᠢ
ᠥᠩᠭᠡᠷᠡᠤ ᠨᠢᠮᠭᠡᠭᠡᠨ ᠪᠣᠯᠬᠤᠷ
ᠰᠢᠷᠬᠠᠳᠠᠵᠤ ᠰᠢᠯᠪᠣᠷᠠᠴᠢᠬᠠᠬᠤ ᠡᠴᠠ ᠴᠢᠨᠢ ᠠᠶᠤᠵᠤ
ᠰᠠᠨᠠᠭ᠎ᠠ ᠵᠤᠪᠠᠳᠠᠭ ᠶᠤᠮ ᠰᠢᠤ ᠪᠢ
ᠰᠠᠯᠭᠢᠨ ᠵᠢᠭᠠᠬᠠᠨ ᠳᠡᠭ᠍ᠳᠡᠰᠭᠢᠪᠠᠯ
ᠰᠠᠢ᠌ᠬᠠᠨ ᠳᠠ ᠮᠢᠨᠢ ᠨᠢᠰᠤᠮᠠᠷ ᠳᠠᠷᠪᠠᠯᠵᠠᠵᠤ
ᠴᠢᠮ᠎ᠠ ᠶᠢ ᠶᠡᠭᠡ ᠬᠠᠢ᠌ᠷᠠᠯᠠᠳᠠᠭ ᠶᠢᠡᠷ ᠵᠢᠠᠨ
ᠴᠠᠭᠢᠯᠭᠠᠨ ᠳᠤ ᠴᠤᠭᠢᠭᠳᠠᠰᠠᠨ ᠰᠢᠭ ᠵᠢᠷᠠᠰᠭᠢᠨᠡ
ᠰᠠᠯᠭᠢ ᠴᠤ ᠰᠢᠷᠭᠤᠭᠠᠤᠨ ᠡᠪᠠᠦᠡᠭᠡᠴᠢᠭᠡᠭᠦ ᠪᠣᠢ ᠭᠡᠵᠤ
ᠰᠢᠨᠠᠯᠠᠳᠠᠭ ᠪᠠᠢ᠌ᠭᠰᠠᠨ ᠮᠢᠨᠢ ᠳᠠᠷᠠ ᠶᠤᠮ ᠰᠢᠤ︕
ᠥᠭᠡᠷ᠎ᠡ ᠭᠦᠮᠤᠨ ᠲᠡᠶ ᠢᠨᠠᠭᠯᠠᠭᠤᠯᠮᠠᠷ ᠥᠭᠡᠢ
ᠥᠮᠴᠢᠷᠭᠡᠵᠤ ᠯᠠ ᠰᠠᠭᠤᠮᠠᠷ ᠮᠤᠩᠭ᠋ᠤᠯ ᠭᠡᠦᠭᠡᠡᠴᠦᠳ ᠵᠢᠠᠨ
ᠡᠮᠦᠰᠦᠭ᠍ᠰᠡᠨ ᠪᠠᠩᠵᠢᠯ ᠢ ᠨᠢ ᠭᠡᠢ᠌ᠰᠭᠦ ᠪᠦᠷᠢ
ᠡᠭᠦᠷᠢᠳᠡ ᠠᠶᠤᠬᠤ ᠮᠢᠨᠢ ᠣᠴᠢᠷᠳᠠᠢ ᠶᠤᠮ ᠡ
ᠡᠳᠦᠷ ᠡᠴᠠ ᠡᠳᠦᠷ ᠰᠢᠨᠤᠬᠠᠢ᠌ᠷᠠᠵᠤ ᠪᠠᠢ᠌ᠭ᠎ᠠ
ᠥᠭᠡᠷ᠎ᠡ ᠦᠨᠳᠦᠰᠦᠳᠠᠨ ᠡᠴᠠ ᠬᠠᠷᠠᠮᠯᠠᠭᠰᠠᠨ ᠳᠠᠭᠠᠨ ᠳᠠᠷᠠ ᠡ ᠁
ᠵᠤᠬᠢᠶᠠᠭᠴᠢ ᠶᠢᠨ ᠬᠠᠶᠢᠭ ᠄ ᠪᠠᠷᠠᠭᠤᠨ ᠦᠵᠦᠮᠤᠴᠢᠨ ᠬᠤᠰᠢᠭᠤᠨ ᠤ ᠪᠠᠶᠠᠠᠬᠤᠧᠨ ᠪᠠᠯᠭᠠᠰᠤᠨ ᠤ ᠪᠠᠶᠠᠨ ᠭᠦᠪᠠᠭᠡ ᠭᠠᠴᠠᠭ᠎ᠠ
ᠵᠤᠬᠢᠶᠠᠭᠴᠢ᠄ ᠪᠠ᠊·ᠢᠯᠠᠯᠳᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2645
ᠴᠠᠭ᠄ 2010 ᠤᠨ ᠤ 03 ᠰᠠᠷ᠎ᠠ ᠶᠢᠨ 16
ᠨᠠᠢ᠌ᠷᠠᠭᠤᠯᠤᠭᠴᠢ᠄ ᠪᠦᠬᠡᠡᠷᠳᠡᠨᠢ