ᠨᠡᠪᠲᠡᠷᠡᠨ ᠤᠷᠤᠬᠤ
ᠭᠦᠰᠡᠯ ᠤᠨ ᠵᠢᠭᠦᠷ ᠢ ᠣᠷᠭᠤᠭᠤᠯᠤᠭᠰᠠᠨ ᠰᠤᠷᠭᠠᠭᠤᠯᠢ
᠊᠊᠊᠊᠊᠊᠊᠊᠊᠊᠊᠊᠊᠊᠊ ᠬᠦᠬᠡᠬᠤᠲᠠ ᠶᠢᠨ ᠦᠨᠳᠦᠰᠦᠳᠠᠨ ᠤ ᠳᠤᠷᠰᠢᠯᠳᠠ ᠶᠢᠨ ᠰᠤᠷᠭᠠᠭᠤᠯᠢ ᠶᠢ ᠳᠤᠪᠴᠢ ᠳᠠᠨᠢᠯᠴᠠᠭᠤᠯᠬᠤ ᠨᠢ

ᠬᠦᠬᠡᠬᠤᠲᠠ ᠶᠢᠨ ᠦᠨᠳᠦᠰᠦᠳᠠᠨ ᠤ ᠳᠤᠷᠰᠢᠯᠳᠠ ᠶᠢᠨ ᠰᠤᠷᠭᠠᠭᠤᠯᠢ (ᠣᠤᠯ ᠤᠨ ᠬᠦᠬᠡᠬᠤᠲᠠ ᠶᠢᠨ ᠭᠢᠩᠭ᠋ᠠᠨ ᠵᠠᠮ ᠤᠨ ᠦᠨᠳᠦᠰᠦᠳᠠᠨ ᠤ ᠪᠠᠭ᠎ᠠ ᠰᠤᠷᠭᠠᠭᠤᠯᠢ) ᠪᠣᠯ ᠳᠡᠭᠡᠷ᠎ᠡ ᠵᠠᠭᠤᠨ ᠤ ᠨᠠᠶᠠᠭᠠᠤᠨ ᠣᠨ ᠤ ᠳᠤᠮᠳᠠᠴᠢ ᠪᠠᠷ ᠪᠠᠢ᠌ᠭᠤᠯᠤᠭᠳᠠᠭᠰᠠᠨ ᠬᠦᠬᠡᠬᠤᠲᠠ ᠣᠷᠤᠨ ᠤ ᠴᠤᠯᠤ ᠮᠤᠩᠭ᠋ᠤᠯ ᠶᠢᠡᠷ ᠭᠢᠴᠢᠶᠡᠯᠯᠡᠭᠦ ᠪᠠᠷ ᠭᠤᠤᠯ ᠪᠣᠯᠭᠠᠭᠰᠠᠨ ᠴᠤᠷᠢ ᠶᠢᠨ ᠭᠠᠭᠴᠠ ᠪᠦᠷᠢᠨ ᠪᠠᠭ᠎ᠠ ᠰᠤᠷᠭᠠᠭᠤᠯᠢ ᠶᠤᠮ᠃ ᠳᠤᠰ ᠰᠤᠷᠭᠠᠭᠤᠯᠢ ᠨᠢ ᠴᠤᠯᠤ ᠮᠤᠩᠭ᠋ᠤᠯ ᠶᠢᠡᠷ ᠭᠢᠴᠢᠶᠡᠯᠯᠡᠭᠦ ᠠᠩᠭᠢ᠂ ᠮᠤᠩᠭ᠋ᠤᠯ ᠭᠡᠯᠡ ᠨᠠᠮᠠᠵᠤ ᠰᠤᠷᠬᠤ ᠠᠩᠭᠢ᠂ ᠰᠤᠯᠤᠩᠭ᠋ᠤᠰ ᠭᠡᠯᠡ ᠨᠠᠮᠠᠵᠤ ᠰᠤᠷᠬᠤ ᠠᠩᠭᠢ ᠪᠠ ᠭᠠᠳᠠᠭᠠᠳᠤ ᠶᠢᠨ ᠰᠤᠷᠤᠭᠴᠢᠳ ᠤᠨ ᠭᠢᠳᠠᠤᠨ ᠭᠡᠯᠡ ᠰᠤᠷᠬᠤ ᠠᠩᠭᠢ ᠭᠡᠭᠦ ᠭᠤᠷᠪᠠᠨ ᠭᠡᠯᠡ ᠪᠠᠷ ᠭᠢᠴᠢᠶᠡᠯᠯᠡᠭᠦ ᠪᠦᠳᠦᠴᠡ ᠲᠡᠶ᠂ ᠨᠢᠭᠡ ᠰᠤᠷᠭᠠᠭᠤᠯᠢ ᠣᠯᠠᠨ ᠴᠢᠳᠠᠪᠭᠢ ᠲᠡᠶ ᠪᠠᠢ᠌ᠬᠤ ᠣᠠᠴᠠᠯᠢᠭ ᠢ ᠪᠦᠷᠢᠯᠳᠦᠭᠦᠯᠦᠭ᠍ᠰᠡᠨ᠂ ᠣᠯᠠᠨ ᠵᠢᠯ ᠤᠨ ᠳᠤᠷᠰᠢ ᠬᠦᠬᠡᠬᠤᠲᠠ ᠣᠷᠤᠨ ᠤ ᠴᠤᠩᠬᠤᠪᠴᠢ ᠰᠤᠷᠭᠠᠭᠤᠯᠢ ᠶᠢᠨ ᠨᠢᠭᠡ ᠨᠢ ᠪᠣᠯᠤᠭᠰᠠᠭᠠᠷ ᠢᠷᠡᠭ᠍ᠰᠡᠨ ᠰᠤᠷᠭᠠᠭᠤᠯᠢ ᠶᠤᠮ᠃

ᠰᠠᠢ᠌ᠬᠠᠨ ᠳᠤᠭᠤᠷᠢᠭ ᠤᠨ ᠨᠠᠮ ᠤᠨ ᠬᠤᠷᠢᠶ᠎ᠠ᠂ ᠵᠠᠰᠠᠭ ᠤᠨ ᠣᠷᠳᠤᠨ᠂ 2009 ᠣᠨ ᠳᠤ 1.3 ᠳ᠋ᠦ᠋ᠩᠰᠢᠭᠤᠷ ᠳᠦᠭᠦᠷᠢᠭ᠌ ᠤᠨ ᠪᠠᠯᠠ ᠣᠷᠤᠭᠤᠯᠵᠤ᠂ ᠳᠤᠰ ᠰᠤᠷᠭᠠᠭᠤᠯᠢ ᠶᠢ ᠰᠢᠨᠡᠳᠭᠡᠨ ᠦᠷᠭᠡᠳᠭᠡᠨ ᠪᠠᠢ᠌ᠭᠤᠯᠵᠠᠢ᠃ ᠦᠷᠭᠡᠳᠭᠡᠨ ᠪᠠᠢ᠌ᠭᠤᠯᠤᠭᠰᠠᠨ ᠤ ᠳᠠᠷᠠᠭ᠎ᠠ᠂ ᠳᠤᠰ ᠰᠤᠷᠭᠠᠭᠤᠯᠢ ᠶᠢᠨ ᠳᠦᠷᠰᠤ ᠪᠠᠢ᠌ᠳᠠᠯ ᠳᠤ ᠡᠷᠭᠢᠯᠳᠡ ᠶᠢᠨ ᠴᠢᠨᠠᠷᠳᠠᠢ ᠬᠤᠪᠢᠷᠠᠯᠳᠠ ᠭᠠᠷᠪᠠ᠃ ᠣᠳᠤ ᠳᠤᠰ ᠰᠤᠷᠭᠠᠭᠤᠯᠢ ᠵᠢᠨ ᠡᠵᠡᠯᠡᠭᠦ ᠳᠠᠯᠠᠪᠠᠢ ᠨᠢ 15118 ᠳᠡᠭ᠍ᠰᠢ ᠳᠦᠷᠪᠠᠯᠵᠢᠨ ᠮᠸᠲ᠋ᠷ᠂ ᠭᠡᠷ ᠪᠠᠷᠢᠯᠭ᠎ᠠ ᠶᠢᠨ ᠡᠵᠡᠯᠡᠭᠦ ᠳᠠᠯᠠᠪᠠᠢ ᠨᠢ 27628 ᠳᠡᠭ᠍ᠰᠢ ᠳᠦᠷᠪᠠᠯᠵᠢᠨ ᠮᠸᠲ᠋ᠷ᠂ 2600 ᠭᠠᠷᠤᠢ ᠰᠤᠷᠤᠭᠴᠢ ᠶᠢ ᠪᠠᠭᠳᠠᠭᠠᠬᠤ 50 ᠳᠠᠰᠤᠯᠭ᠎ᠠ ᠭᠢᠴᠢᠶᠠᠯ ᠤᠨ ᠭᠡᠷ ᠲᠡᠶ᠃ ᠰᠠᠷᠠᠭᠤᠯ ᠳᠤᠭᠢᠯᠢᠭ ᠭᠢᠴᠢᠶᠠᠯ ᠤᠨ ᠭᠡᠷ᠂ ᠳᠤᠳᠤᠭᠤᠷ ᠪᠠᠢ᠌ᠷᠢ᠂ ᠬᠤᠭᠤᠯᠠᠨ ᠳᠠᠩᠭᠢᠮ᠂ ᠪᠠᠭᠰᠢ ᠠᠵᠢᠯᠳᠠᠨ ᠤ ᠠᠵᠢᠯᠯᠠᠬᠤ ᠦᠷᠦᠭᠡ ᠲᠡᠶ᠂ ᠪᠠᠭᠠᠵᠢ ᠳᠦᠭᠦᠭᠡᠷᠦᠮᠵᠢ ᠪᠦᠷᠢᠨ ᠳᠦᠭᠦᠷ᠂ ᠠᠩᠭᠢ ᠪᠦᠷᠢ ᠳᠤ ᠣᠯᠠᠨ ᠵᠠᠭᠤᠴᠢᠳᠤ ᠳᠦᠭᠦᠭᠡᠷᠦᠮᠵᠢ ᠲᠡᠶ᠃ ᠪᠠᠰᠠ 200 ᠮᠸᠲ᠋ᠷ ᠤᠨ ᠭᠦᠶ‍ᠦᠳᠡᠯᠳᠤ ᠳᠠᠮᠢᠷ ᠤᠨ ᠲ᠋ᠠᠯᠠᠪᠣᠷ ᠲᠡᠶ᠂ 1120 ᠳᠡᠭ᠍ᠰᠢ ᠳᠦᠷᠪᠠᠯᠵᠢᠨ ᠮᠸᠲ᠋ᠷ ᠤᠨ ᠠᠰᠠᠷ ᠳᠤᠤᠷᠠᠭᠢ ᠪᠢᠳᠡᠭᠦᠮᠵᠢᠯᠡᠯᠳᠤ ᠳᠠᠮᠢᠷ ᠤᠨ ᠳᠠᠯᠠᠪᠣᠷ ᠲᠡᠶ᠃ ᠪᠠᠭᠰᠢ ᠪᠣᠯᠭᠠᠨ ᠣᠳᠤᠭᠢᠴᠢᠯᠠᠭᠰᠠᠨ ᠵᠢᠭᠠᠬᠤ ᠠᠷᠭ᠎ᠠ ᠠᠪᠴᠢᠯᠠᠭᠤᠷ ᠶᠢᠡᠷ ᠮᠡᠳᠡᠯᠭᠡ ᠣᠯᠠᠮᠵᠢᠯᠠᠵᠤ᠂ ᠰᠤᠷᠤᠭᠴᠢᠳ ᠰᠤᠷᠬᠤ ᠵᠣᠢ᠌ᠯᠠᠰ ᠵᠢᠠᠨ ᠣᠳᠤᠭᠢᠴᠢᠯᠠᠭᠰᠠᠨ ᠰᠤᠷᠬᠤ ᠪᠠᠭᠠᠵᠢ ᠭᠡᠷᠡᠭᠯᠡᠭᠦᠷ ᠶᠢᠡᠷ ᠳᠠᠮᠵᠢᠨ ᠰᠢᠭᠤᠳ ᠭᠦᠷᠳᠡᠨ ᠡᠵᠡᠮᠰᠢᠵᠤ ᠴᠢᠳᠠᠬᠤ ᠪᠣᠯᠤᠭᠰᠠᠨ ᠬᠦᠬᠡᠬᠤᠲᠠ ᠣᠷᠤᠨ ᠤ ᠳᠡᠷᠢᠭᠦᠨ ᠵᠡᠷᠭᠡ ᠵᠢᠨ ᠦᠨᠳᠦᠰᠦᠳᠠᠨ ᠤ ᠰᠤᠷᠭᠠᠭᠤᠯᠢ ᠪᠣᠯᠤᠨ᠎ᠠ᠃

ᠰᠤᠷᠭᠠᠭᠤᠯᠢ ᠶᠢᠨ ᠶᠢᠡᠨ ᠣᠷᠳᠤ ᠬᠤᠭᠤᠴᠠᠭᠠᠨ ᠤ ᠭᠦᠭ᠍ᠵᠢᠯᠳᠡ ᠶᠢ ᠪᠠᠳᠤᠯᠠᠵᠤ᠂ ᠰᠤᠷᠭᠠᠨ ᠭᠦᠮᠦᠵᠢᠯ ᠤᠨ ᠳᠡᠷᠢᠭᠦᠨ ᠡᠩᠨᠡᠭᠡᠨ ᠳᠤ ᠠᠯᠬᠤᠬᠤ ᠵᠢᠨ ᠲ᠋ᠤᠰᠠᠳᠠ᠂ ᠳᠤᠰ ᠰᠤᠷᠭᠠᠭᠤᠯᠢ ᠮᠤᠩᠭ᠋ᠤᠯ ᠶᠢᠡᠷ ᠭᠢᠴᠢᠶᠡᠯᠯᠡᠭᠦ ᠪᠠᠷ ᠭᠤᠤᠯᠯᠠᠬᠤ ᠪᠠ ᠭᠠᠳᠠᠭᠠᠳᠤ ᠶᠢᠨ ᠬᠡᠦᠬᠡᠳ ᠲᠤ ᠵᠤᠷᠢᠭᠤᠯᠤᠭᠰᠠᠨ ᠭᠢᠳᠠᠤᠨ ᠭᠡᠯᠡᠨ ᠤ ᠠᠩᠭᠢ ᠡᠷᠭᠢᠯᠡᠭᠦ ᠶᠢ ᠣᠶᠠᠯᠳᠤᠭᠤᠯᠤᠨ᠂ ᠰᠤᠷᠭᠠᠭᠤᠯᠢ ᠡᠷᠭᠢᠯᠡᠭᠦ ᠬᠠᠷᠠᠯᠳᠠ ᠪᠠ ᠠᠷᠭ᠎ᠠ ᠵᠠᠮ ᠳᠠᠭᠠᠨ ᠳᠠᠰᠤᠷᠠᠯᠳᠠ ᠦᠭᠡᠶ ᠥᠭᠡᠷᠡᠴᠢᠯᠡᠯᠳᠡ ᠰᠥᠪᠠᠭ᠍ᠴᠢᠯᠡᠯᠳᠡ ᠭᠢᠭ᠍ᠰᠡᠭᠡᠷ ᠢᠷᠠᠪᠠ᠃ ᠣᠳᠤ ᠳᠤᠰ ᠰᠤᠷᠭᠠᠭᠤᠯᠢ ᠨᠢ 36 ᠵᠢᠭᠠᠨ ᠰᠤᠷᠭᠠᠭᠤ ᠠᠩᠭᠢ ᠲᠡᠶ᠃ ᠡᠭᠦᠨ ᠳᠤ᠂ ᠴᠤᠯᠤ ᠮᠤᠩᠭ᠋ᠤᠯ ᠶᠢᠡᠷ ᠭᠢᠴᠢᠶᠡᠯᠯᠡᠭᠦ ᠠᠩᠭᠢ 17᠂ ᠮᠤᠩᠭ᠋ᠤᠯ ᠭᠡᠯᠡ ᠨᠠᠮᠠᠵᠤ ᠰᠤᠷᠬᠤ ᠠᠩᠭᠢ 9᠂ ᠰᠤᠯᠤᠩᠭ᠋ᠤᠰ ᠭᠡᠯᠡ ᠨᠠᠮᠠᠵᠤ ᠰᠤᠷᠬᠤ ᠠᠩᠭᠢ 3 ᠪᠠ ᠭᠠᠳᠠᠭᠠᠳᠤ ᠶᠢᠨ ᠰᠤᠷᠤᠭᠴᠢᠳ ᠤᠨ ᠭᠢᠳᠠᠤᠨ ᠭᠡᠯᠡ ᠰᠤᠷᠬᠤ ᠠᠩᠭᠢ 4᠂ ᠪᠡᠯᠡᠳᠭᠡᠯ ᠠᠩᠭᠢ 3 ᠪᠠᠢ᠌ᠵᠤ᠂ ᠰᠤᠷᠭᠠᠭᠤᠯᠢ ᠳᠤ ᠪᠠᠢ᠌ᠭ᠎ᠠ ᠰᠤᠷᠤᠭᠴᠢ 1700 ᠭᠠᠷᠤᠢ ᠳᠤ ᠭᠦᠷᠪᠡ᠃ ᠣᠯᠠᠩᠭᠢ ᠨᠢ ᠬᠦᠬᠡᠬᠤᠲᠠ ᠣᠷᠤᠨ ᠤ ᠮᠤᠩᠭ᠋ᠤᠯ ᠬᠡᠦᠬᠡᠳ᠃ ᠪᠠᠰᠠ ᠮᠤᠩᠭ᠋ᠤᠯ᠂ ᠣᠷᠤᠰ᠂ ᠺᠦᠷᠢᠶᠠ᠂ ᠶᠠᠫᠣᠨ ᠵᠡᠷᠭᠡ ᠣᠯᠤᠰ ᠤᠨ 100 ᠭᠠᠷᠤᠢ ᠰᠤᠷᠤᠭᠴᠢ ᠰᠤᠷᠤᠯᠴᠠᠵᠤ ᠪᠣᠢ᠃

ᠳᠤᠰ ᠰᠤᠷᠭᠠᠭᠤᠯᠢ ᠪᠠᠢ᠌ᠭᠤᠯᠤᠭᠳᠠᠭᠰᠠᠨ ᠡᠴᠡ ᠨᠠᠰᠢ᠂ ᠳᠡᠭᠡᠳᠤ ᠱᠠᠳᠤᠨ ᠤ ᠱᠠᠩᠨᠠᠯ ᠭᠦᠭᠢᠭᠦᠯᠦᠯ ᠢ ᠣᠯᠠᠠᠳᠠ ᠭᠦᠷᠳᠡᠵᠡᠢ᠃ ᠣᠠᠴᠠᠭᠠᠢ᠌ᠯᠠᠨ ᠦᠨᠳᠦᠰᠦᠳᠠᠨ ᠤ ᠰᠤᠷᠭᠠᠨ ᠭᠦᠮᠦᠵᠢᠯ ᠤᠨ ᠳᠠᠯ᠎ᠠ ᠪᠠᠷ ᠬᠤᠳᠠ᠂ ᠳᠤᠭᠤᠷᠢᠭ ᠤᠨ ᠳᠡᠷᠢᠭᠦᠨ ᠤ ᠰᠤᠷᠭᠠᠭᠤᠯᠢ ᠪᠠᠷ ᠣᠳᠠᠭ᠎ᠠ ᠳᠠᠷᠠᠭᠠᠯᠠᠨ ᠭᠦᠭᠢᠭᠦᠯᠦᠭ᠍ᠳᠡᠨ ᠱᠠᠩᠨᠠᠭᠳᠠᠭᠰᠠᠭᠠᠷ ᠢᠷᠠᠪᠠ᠃ ᠳᠠᠷᠠᠴᠢᠯᠠᠨ ᠮᠤᠩᠭ᠋ᠤᠯ᠂ ᠣᠷᠤᠰ᠂ ᠺᠦᠷᠢᠶᠠ᠂ ᠶᠠᠫᠣᠨ ᠵᠡᠷᠭᠡ ᠣᠯᠤᠰ ᠤᠳ ᠤᠨ ᠰᠤᠷᠭᠠᠭᠤᠯᠢ ᠨᠤᠭᠤᠳ ᠲᠡᠶ ᠨᠥᠭᠦᠷᠰᠡᠭ᠌ ᠬᠠᠷᠢᠯᠴᠠᠭ᠎ᠠ ᠪᠠᠢ᠌ᠭᠤᠯᠵᠤ᠂ ᠣᠷᠳᠤ ᠬᠤᠭᠤᠴᠠᠭ᠎ᠠ ᠪᠠᠷ ᠮᠡᠷᠭᠡᠵᠢᠯ ᠰᠤᠳᠤᠯᠭᠠᠨ ᠤ ᠰᠤᠯᠢᠯᠴᠠᠭ᠎ᠠ ᠭᠢᠵᠤ᠂ ᠡᠯ᠎ᠡ ᠣᠯᠤᠰ ᠤᠨ ᠭᠢᠨ ᠤ ᠰᠠᠢ᠌ᠨ ᠦᠨᠡᠯᠠᠯᠳᠠ᠂ ᠰᠠᠢ᠌ᠰᠢᠶᠠᠯ ᠮᠠᠭᠳᠠᠭᠠᠯ ᠢ ᠣᠯᠤᠭᠰᠠᠭᠠᠷ ᠢᠷᠠᠪᠠ᠃

ᠳᠤᠰ ᠰᠤᠷᠭᠠᠭᠤᠯᠢ ᠨᠢ ᠣᠳᠤ 88 ᠪᠠᠭᠰᠢ ᠠᠵᠢᠯᠳᠠᠨ ᠲᠡᠶ᠂ ᠡᠭᠦᠨ ᠳᠤ᠂ ᠶᠡᠭᠡ ᠳᠡᠭᠡᠳᠤ ᠰᠤᠷᠭᠠᠭᠤᠯᠢ ᠳᠡᠭᠦᠰᠦᠭ᠍ᠰᠡᠨ ᠪᠠᠭᠰᠢ ᠠᠵᠢᠯᠳᠠᠨ 92 ᠡᠴᠡ ᠳᠡᠭᠡᠭ᠍ᠰᠢ ᠶᠢ ᠡᠵᠡᠯᠡᠵᠤ᠂ ᠳᠤᠮᠳᠠ᠂ ᠳᠡᠭᠡᠳᠤ ᠵᠡᠷᠭᠡ ᠶᠢᠨ ᠪᠠᠭᠰᠢ ᠶᠢᠨ ᠮᠡᠷᠭᠡᠵᠢᠯ ᠤᠨ ᠴᠤᠯᠠ ᠲᠡᠶ ᠪᠠᠭᠰᠢ 70 ᠶ᠋ᠢ ᠡᠵᠡᠯᠡᠨ᠎ᠡ᠃ ᠪᠠᠰᠠ ᠬᠤᠳᠠ ᠶᠢᠨ ᠳᠠᠰ ᠡᠴᠡ ᠳᠡᠭᠡᠭ᠍ᠰᠢ ᠵᠢᠭᠠᠨ ᠰᠤᠷᠭᠠᠬᠤ ᠴᠢᠳᠠᠪᠣᠷᠢᠳᠠᠨ᠂ ᠭᠤᠤᠯᠯᠠᠭᠴᠢ ᠪᠠᠭᠰᠢ 13᠂ ᠣᠯᠤᠰ ᠤᠨ ᠳᠠᠰ ᠤᠨ ᠳᠡᠷᠢᠭᠦᠨ ᠤ ᠪᠠᠭᠰᠢ 1 ᠨᠠᠷ᠎ᠠ ᠪᠠᠢ᠌ᠨ᠎ᠠ᠃

ᠳᠤᠰ ᠰᠤᠷᠭᠠᠭᠤᠯᠢ ᠨᠢ ᠴᠥᠭᠡᠨ ᠳᠤᠭᠠᠳᠤ ᠦᠨᠳᠦᠰᠦᠳᠠᠨ ᠤ ᠰᠤᠷᠭᠠᠨ ᠭᠦᠮᠦᠵᠢᠯ ᠤᠨ ᠣᠠᠴᠠᠯᠢᠭ ᠲᠤ ᠴᠢᠭᠯᠡᠭᠦᠯᠵᠤ᠂ ᠨᠠᠮ ᠤᠨ ᠦᠨᠳᠦᠰᠦᠳᠠᠨ ᠤ ᠰᠤᠷᠭᠠᠨ ᠭᠦᠮᠦᠵᠢᠯ ᠤᠨ ᠳᠦᠷᠤ ᠶᠢᠨ ᠪᠣᠳᠤᠯᠭ᠎ᠠ ᠶᠢ ᠴᠢᠩᠭ᠎ᠠ ᠪᠠᠷ ᠪᠠᠷᠢᠮᠳᠠᠯᠠᠨ ᠳᠠᠭᠠᠵᠤ᠂ ᠨᠠᠮ ᠪᠠ ᠣᠯᠤᠰ ᠡᠴᠡ ᠴᠥᠭᠡᠨ ᠳᠤᠭᠠᠳᠤ ᠦᠨᠳᠦᠰᠦᠳᠠᠨ ᠤ ᠬᠡᠦᠬᠡᠳ ᠪᠠᠭᠠᠴᠤᠳ ᠤᠨ ᠰᠤᠷᠭᠠᠨ ᠭᠦᠮᠦᠵᠢᠯ ᠢ ᠲᠤᠢ᠌ᠯ ᠶᠢᠡᠷ ᠴᠢᠬᠤᠯᠠᠴᠢᠯᠠᠨ ᠭᠦᠡᠳᠦᠳᠭᠡᠵᠤ ᠪᠠᠢ᠌ᠭ᠎ᠠ ᠪᠠᠢ᠌ᠳᠠᠯ ᠢ ᠪᠦᠭᠦ ᠳᠠᠯ᠎ᠠ ᠪᠠᠷ ᠳᠤᠪᠣᠢ᠌ᠯᠭᠠᠵᠤ᠂ ᠴᠥᠭᠡᠨ ᠳᠤᠭᠠᠳᠤ ᠦᠨᠳᠦᠰᠦᠳᠠᠨ ᠤ ᠰᠤᠷᠭᠠᠨ ᠭᠦᠮᠦᠵᠢᠯ ᠤᠨ ᠣᠠᠴᠠᠯᠢᠭ ᠲᠡᠶ ᠣᠶᠠᠯᠳᠤᠭᠤᠯᠵᠤ᠂ ᠵᠤᠷᠢᠭᠳᠠᠢ ᠪᠠᠷ ᠰᠥᠪᠠᠭ᠍ᠴᠢᠯᠡᠨ ᠬᠠᠮᠢᠶᠠᠷᠤᠯᠳᠠ ᠪᠠᠨ ᠴᠢᠩᠭ᠋ᠠᠳᠬᠠᠵᠤ᠂ ᠰᠤᠷᠭᠠᠭᠤᠯᠢ ᠪᠠᠨ ᠰᠢᠯᠢᠳᠡᠭ᠌ ᠰᠤᠳᠤᠨ ᠰᠤᠷᠭᠠᠭᠤᠯᠢ ᠪᠣᠯᠭᠠᠨ ᠪᠦᠳᠦᠭᠡᠨ ᠪᠠᠢ᠌ᠭᠤᠯᠬᠤ ᠪᠠᠷ ᠴᠢᠷᠮᠠᠢ᠌ᠭᠰᠠᠭᠠᠷ ᠢᠷᠠᠪᠠ᠃ ᠳᠠᠷᠠᠴᠢᠯᠠᠨ ᠣᠯᠠᠨ ᠣᠯᠤᠰ ᠤᠨ ᠪᠣᠶᠤ ᠣᠯᠠᠨ ᠦᠨᠳᠦᠰᠦᠳᠠᠨ ᠤ ᠬᠡᠦᠬᠡᠳ ᠲᠡᠶ ᠮᠤᠩᠭ᠋ᠤᠯ ᠶᠢᠡᠷ ᠭᠢᠴᠢᠶᠡᠯᠯᠡᠭᠦ ᠪᠠᠷ ᠭᠤᠤᠯᠳᠠᠭᠤᠯᠵᠤ᠂ ᠣᠯᠠᠨ ᠭᠡᠯᠡ ᠶᠢ ᠬᠠᠪᠰᠤᠷᠭᠠᠨ ᠭᠢᠴᠢᠶᠡᠯᠯᠡᠳᠡᠭ᠌ ᠭᠠᠵᠠᠷ ᠣᠷᠤᠨ ᠤ ᠪᠠ ᠦᠨᠳᠦᠰᠦᠳᠠᠨ ᠤ ᠣᠠᠴᠠᠯᠢᠭ ᠲᠡᠶ ᠰᠤᠷᠭᠠᠭᠤᠯᠢ ᠪᠣᠯᠪᠠ᠃ ᠣᠯᠤᠰ ᠤᠨ ᠭᠠᠳᠠᠭᠠᠳᠤ ᠳᠤ ᠵᠤᠷᠢᠭᠤᠯᠤᠭᠰᠠᠨ ᠭᠢᠳᠠᠤᠨ ᠭᠡᠯᠡᠨ ᠤ ᠰᠤᠷᠭᠠᠯᠳᠠ ᠶᠢᠨ ᠰᠠᠭᠤᠷᠢᠨ ᠴᠤ ᠪᠣᠯᠪᠠ᠃

ᠳᠡᠷᠢᠭᠦᠨ ᠤ ᠣᠷᠴᠢᠨ ᠳᠤᠭᠤᠷᠢᠨ ᠲᠡᠶ᠂ ᠳᠡᠷᠢᠭᠦᠨ ᠤ ᠪᠠᠭᠠᠵᠢ ᠳᠦᠭᠦᠭᠡᠷᠦᠮᠵᠢ ᠲᠡᠶ᠂ ᠳᠡᠷᠢᠭᠦᠨ ᠤ ᠰᠤᠷᠭᠠᠭᠤᠯᠢ ᠡᠷᠭᠢᠯᠡᠭᠦ ᠣᠨᠤᠯᠵᠢᠬᠤᠨ ᠲᠡᠶ᠂ ᠳᠡᠷᠢᠭᠦᠨ ᠤ ᠬᠠᠮᠢᠶᠠᠷᠤᠯᠳᠠ ᠶᠢᠨ ᠠᠷᠭ᠎ᠠ ᠠᠪᠴᠢᠯ ᠲᠡᠶ᠂ ᠳᠡᠷᠢᠭᠦᠨ ᠤ ᠪᠠᠭᠰᠢ ᠠᠵᠢᠯᠳᠠᠨ ᠤ ᠡᠩᠨᠡᠭᠡ ᠲᠡᠶ᠂ ᠳᠡᠷᠢᠭᠦᠨ ᠤ ᠰᠤᠷᠭᠠᠭᠤᠯᠢ ᠶᠢ ᠴᠤᠭᠴᠠᠯᠠᠨ ᠪᠠᠢ᠌ᠭᠤᠯᠵᠤ᠂ ᠬᠦᠬᠡᠬᠤᠲᠠ ᠣᠷᠤᠨ ᠤ ᠴᠥᠭᠡᠨ ᠳᠤᠭᠠᠳᠤ ᠦᠨᠳᠦᠰᠦᠳᠠᠨ ᠤ ᠭᠡᠯᠡ ᠪᠠᠷ ᠰᠤᠷᠬᠤ ᠬᠡᠦᠬᠡᠳ ᠤᠨ ᠭᠦᠰᠡᠯ ᠱᠠᠭᠠᠷᠳᠠᠯᠭ᠎ᠠ ᠶᠢ ᠬᠠᠩᠭ᠋ᠠᠬᠤ ᠪᠣᠯ ᠳᠤᠰ ᠰᠤᠷᠭᠠᠭᠤᠯᠢ ᠶᠢᠨ ᠰᠤᠷᠭᠠᠭᠤᠯᠢ ᠡᠷᠭᠢᠯᠡᠭᠦ ᠬᠠᠷᠠᠯᠳᠠ ᠪᠣᠯᠤᠨ᠎ᠠ᠃ ᠳᠠᠷᠠ ᠨᠢ ᠰᠤᠷᠬᠤ ᠨᠠᠰᠤᠨ ᠤ ᠬᠡᠦᠬᠡᠳ ᠤᠳ ᠤᠨ ᠰᠡᠳᠭᠢᠯ ᠢ ᠳᠠᠳᠠᠭᠰᠠᠨ ᠭᠦᠰᠡᠯ ᠤᠨ ᠵᠢᠭᠦᠷ ᠢ ᠣᠷᠭᠤᠭᠤᠯᠬᠤ ᠥᠯᠦᠭᠡᠢ ᠪᠣᠯᠬᠤ ᠶᠤᠮ᠃

ᠬᠦᠬᠡᠬᠤᠲᠠ ᠶᠢᠨ ᠦᠨᠳᠦᠰᠦᠳᠠᠨ ᠤ ᠳᠤᠷᠰᠢᠯᠳᠠ ᠶᠢᠨ ᠰᠤᠷᠭᠠᠭᠤᠯᠢ ᠦᠨᠢᠳᠠ ᠥᠭᠡᠳᠡᠯᠡᠨ ᠳᠠᠪᠰᠢᠨᠠᠮ᠂ ᠪᠠᠳᠠᠷᠠᠨ ᠴᠡᠴᠡᠭᠯᠡᠨᠡᠮ ︕


ᠵᠤᠬᠢᠶᠠᠭᠴᠢ ᠶᠢᠨ ᠬᠠ‍‌ᠶᠢᠭ ᠄ ᠬᠦᠬᠡᠬᠤᠲᠠ ᠶᠢᠨ ᠦᠨᠳᠦᠰᠦᠳᠠᠨ ᠤ ᠳᠤᠷᠰᠢᠯᠳᠠ ᠶᠢᠨ ᠰᠤᠷᠭᠠᠭᠤᠯᠢ

ᠵᠤᠬᠢᠶᠠᠭᠴᠢ᠄ ᠭᠦᠷᠵᠡᠪ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠪᠠᠭᠰᠢ ᠶᠢᠨ ᠬᠠᠨᠢ
ᠳᠠᠷᠤᠮ᠄ 2731
ᠴᠠᠭ᠄ 2011 ᠤᠨ ᠤ 07 ᠰᠠᠷ᠎ᠠ ᠶᠢᠨ 09
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ