ᠨᠡᠪᠲᠡᠷᠡᠨ ᠤᠷᠤᠬᠤ
ᠵᠤᠪᠠᠨ᠎ᠠ

ᠵᠤᠪᠠᠨ᠎ᠠ

ᠡᠭᠡ ᠪᠠᠢ᠌ᠭᠠᠯᠢ ᠶᠢᠨ ᠶᠢᠡᠨ ᠳᠠᠴᠢᠷᠰᠢᠯ ᠢ ᠬᠠᠷᠠᠭᠠᠤᠨ

ᠵᠤᠪᠠᠨ᠎ᠠ

ᠡᠯᠡᠰᠤᠨ ᠰᠢᠭᠤᠷᠭᠠᠨ ᠤ ᠭᠢᠨᠢ ᠭᠠᠯᠵᠠᠭᠤᠷᠠᠯ ᠢ ᠬᠠᠷᠠᠭᠠᠤᠨ

ᠵᠤᠪᠠᠨ᠎ᠠ

ᠠᠭᠤᠯᠠ ᠬᠠᠳᠠᠨ ᠤ ᠬᠤᠪᠠᠬᠠᠢ᠌ᠷᠠᠯ ᠢ ᠬᠠᠷᠠᠭᠠᠤᠨ

ᠵᠤᠪᠠᠨ᠎ᠠ

ᠣᠷᠤᠰᠬᠠᠯ ᠪᠣᠯᠠᠭ ᠤᠨ ᠪᠣᠭᠢᠷᠳᠤᠯ ᠢ ᠬᠠᠷᠠᠭᠠᠤᠨ

ᠵᠤᠪᠠᠨ᠎ᠠ

ᠨᠠᠭᠤᠷ ᠱᠠᠩᠳᠠ ᠶᠢᠨ ᠰᠢᠷᠭᠢᠯ ᠢ ᠬᠠᠷᠭᠭᠠᠤᠨ

ᠵᠤᠪᠠᠨ᠎ᠠ

ᠨᠤᠭᠤᠰᠤ ᠭᠠᠯᠠᠭᠤᠳ ᠤᠨ ᠦᠨᠦᠴᠢᠷᠠᠯ ᠢ ᠬᠠᠷᠠᠭᠠᠤᠨ

ᠵᠤᠪᠠᠨ᠎ᠠ

ᠠᠠᠵᠢᠰᠤᠨ ᠬᠤᠰᠢᠭᠤᠨ ᠤ ᠢᠷ ᠢ ᠬᠠᠷᠠᠭᠠᠤᠨ

ᠵᠤᠪᠠᠨ᠎ᠠ

ᠠᠳᠠᠷ ᠳᠠᠯ᠎ᠠ ᠶᠢᠨ ᠡᠪᠳᠡᠷᠡᠯ ᠢ ᠬᠠᠷᠠᠭᠠᠤᠨ

ᠵᠤᠪᠠᠨ᠎ᠠ

ᠠᠳᠤᠭᠤᠨ ᠰᠤᠶᠤᠯ ᠤᠨ ᠶᠠᠳᠠᠭᠤᠷᠠᠯ ᠢ ᠬᠠᠷᠠᠭᠠᠤᠨ

ᠵᠤᠪᠠᠨ᠎ᠠ

ᠣᠷᠭᠤᠬᠤ ᠨᠠᠷᠠᠨ ᠤ ᠳᠤᠶᠠᠭ᠎ᠠ ᠣᠯᠠᠪᠢᠷ ᠦᠭᠡᠶ ᠳ᠋ᠤᠨᠢ

ᠵᠤᠪᠠᠨ᠎ᠠ

ᠣᠷᠭᠤᠮᠠᠯ ᠴᠡᠴᠡᠭ᠌ ᠤᠨ ᠮᠢᠨᠢ ᠭᠠᠩᠬᠤᠭ᠎ᠠ ᠰᠤᠷᠭᠤᠭ ᠦᠭᠡᠶ ᠳ᠋ᠤᠨᠢ

ᠵᠤᠪᠠᠨ᠎ᠠ

ᠣᠨᠠᠭᠠᠨ ᠪᠠᠢ᠌ᠭᠠᠯᠢ ᠶᠢᠨ ᠮᠢᠨᠢ ᠣᠩᠭ᠋ᠤᠨ ᠦᠭᠡᠶ ᠳ᠋ᠤᠨᠢ

ᠵᠤᠪᠠᠨ᠎ᠠ

ᠣᠬᠠᠭᠠᠨ ᠰᠤᠶᠤᠯ ᠤᠨ ᠮᠢᠨᠢ ᠪᠣᠰᠤᠭ᠎ᠠ ᠦᠭᠡᠶ ᠳ᠋ᠤᠨᠢ

ᠵᠤᠪᠠᠨ᠎ᠠ

ᠳᠠᠨᠠᠨ ᠨᠤᠳᠤᠭ ᠤᠨ ᠮᠢᠨᠢ ᠳᠠᠴᠢᠷᠳᠠᠭᠰᠠᠨ ᠢ ᠬᠠᠷᠠᠭᠠᠤᠨ

ᠵᠤᠪᠠᠨ᠎ᠠ

ᠳᠠᠩᠰᠤᠭ ᠰᠦᠷᠦᠭ᠌ ᠤᠨ ᠮᠢᠨᠢ ᠨᠢᠮᠭᠡᠷᠡᠭ᠍ᠰᠡᠨ ᠢ ᠬᠠᠷᠠᠭᠠᠤᠨ

ᠵᠤᠪᠠᠨ᠎ᠠ

ᠪᠣᠷᠬᠠᠨ ᠬᠠᠯᠳᠤᠨ ᠤ ᠪᠠᠨ ᠪᠠᠷ᠎ᠠ ᠶᠢ ᠬᠠᠷᠠᠪᠠᠯ

ᠵᠤᠪᠠᠨ᠎ᠠ

ᠪᠣᠭᠳᠠ ᠴᠢᠩᠭᠢᠰ ᠤᠨ ᠶᠢᠡᠨ ᠰᠦᠯᠳᠡ ᠶᠢ ᠬᠠᠷᠠᠪᠠᠯ

ᠵᠤᠪᠠᠨ᠎ᠠ

ᠠᠷᠭᠠᠰᠤᠨ ᠬᠤᠷᠴᠢ ᠶᠢᠨ ᠶᠢᠡᠨ ᠳᠤᠮᠤᠭ ᠢ ᠪᠣᠳᠤᠪᠠᠯ

ᠵᠤᠪᠠᠨ᠎ᠠ

ᠠᠯᠤᠨ ᠡᠭᠡ ᠶᠢᠨ ᠶᠢᠡᠨ ᠰᠤᠷᠭᠠᠯ ᠢ ᠪᠣᠳᠤᠪᠠᠯ

ᠵᠤᠪᠠᠨ᠎ᠠ

ᠣᠨᠤᠨ ᠮᠦᠷᠠᠨ ᠤ ᠪᠠᠨ ᠣᠰᠤ ᠶᠢ ᠬᠠᠷᠠᠪᠠᠯ

ᠵᠤᠪᠠᠨ᠎ᠠ

ᠣᠷᠳᠤ ᠶᠢᠨ ᠳᠠᠭᠤᠨ ᠤ ᠭᠢᠨᠢ ᠭᠢᠩᠰᠢᠯ ᠢ ᠴᠢᠩᠨᠠᠪᠠᠯ

ᠵᠤᠪᠠᠨ᠎ᠠ

ᠬᠠᠪᠣᠳᠤ ᠬᠠᠰᠠᠷ ᠤᠨ ᠬᠣᠢ᠌ᠴᠢᠰ ᠶᠢᠡᠨ ᠪᠣᠳᠤᠪᠠᠯ

ᠵᠤᠪᠠᠨ᠎ᠠ

ᠬᠠᠳᠠᠨ ᠶᠠᠰᠤᠨ ᠤ ᠭᠢᠨᠢ ᠭᠡᠯᠳᠡᠷᠭᠡᠢ ᠶᠢ ᠪᠣᠳᠤᠪᠠᠯ

ᠵᠤᠪᠠᠨ᠎ᠠ

ᠬᠠᠮᠤᠭ ᠮᠤᠩᠭ᠋ᠤᠯ ᠤᠨ ᠶᠢᠡᠨ ᠭᠦᠭ᠍ᠵᠢᠯ ᠢ ᠪᠣᠳᠤᠪᠠᠯ

ᠵᠤᠪᠠᠨ᠎ᠠ

ᠬᠠᠭᠠᠨ ᠣᠷᠤᠭᠳᠠᠨ ᠤ ᠪᠠᠨ ᠢᠷᠡᠭᠡᠳᠦᠢ ᠶᠢ ᠪᠣᠳᠤᠪᠠᠯ

ᠵᠤᠪᠠᠨ᠎ᠠ

ᠭᠠᠳᠠ ᠮᠠᠢ᠌ᠷᠠᠨ ᠤ ᠪᠠᠨ ᠨᠤᠳᠤᠭ ᠢ ᠪᠣᠳᠤᠪᠠᠯ

ᠵᠤᠪᠠᠨ᠎ᠠ

ᠭᠠᠯᠪᠠ ᠶᠢ ᠳᠤᠷᠭᠢᠭᠤᠯᠤᠭᠰᠠᠨ ᠮᠤᠩᠭ᠋ᠤᠯ ᠶᠢᠡᠨ ᠪᠣᠳᠤᠪᠠᠯ

ᠵᠤᠪᠠᠨ᠎ᠠ

ᠴᠢᠩᠭᠢᠰ ᠵᠤᠷᠢᠭ ᠤᠨ ᠣᠳᠤᠮ ᠶᠢᠡᠨ ᠪᠣᠳᠤᠪᠠᠯ

ᠵᠤᠪᠠᠨ᠎ᠠ

ᠴᠢᠩ ᠵᠢᠷᠤᠮ ᠲᠡᠶ ᠶᠠᠪᠣᠭᠰᠠᠨ ᠶᠢᠡᠨ ᠪᠣᠳᠤᠪᠠᠯ

ᠵᠤᠪᠠᠨ᠎ᠠ

ᠭᠦᠭᠡ ᠰᠤᠳᠤᠷ ᠶᠢᠡᠨ ᠭᠦᠯᠭᠦᠭ᠍ᠰᠡᠨ ᠦᠭᠡᠶ ᠶᠢ ᠪᠣᠳᠤᠪᠠᠯ

ᠵᠤᠪᠠᠨ᠎ᠠ

ᠭᠦᠭᠡ ᠮᠤᠩᠭ᠋ᠤᠯ ᠶᠢᠡᠨ ᠭᠦᠭ᠍ᠵᠢᠭᠦᠯᠦᠭ᠍ᠰᠡᠨ ᠦᠭᠡᠶ ᠶᠢ ᠪᠣᠳᠤᠪᠠᠯ

ᠵᠤᠪᠠᠨ᠎ᠠ

ᠨᠢᠭᠤᠴᠠ ᠳᠤᠪᠴᠢᠶᠠᠨ ᠶᠢᠡᠨ ᠣᠩᠰᠢᠭᠰᠠᠨ ᠦᠭᠡᠶ ᠶᠢ ᠪᠣᠳᠤᠪᠠᠯ

ᠵᠤᠪᠠᠨ᠎ᠠ

ᠨᠤᠳᠤᠭ ᠣᠰᠤᠨ ᠤ ᠪᠠᠨ ᠨᠢᠮᠭᠡᠷᠡᠭ᠍ᠰᠡᠨ ᠢ ᠪᠣᠳᠤᠪᠠᠯ

ᠵᠤᠪᠠᠨ᠎ᠠ

  

ᠵᠤᠪᠠᠨ᠎ᠠ ᠵᠤᠪᠠᠨ᠎ᠠ

ᠵᠤᠪᠠᠬᠤ ᠪᠠᠷ ᠳᠦᠷᠦᠭ᠍ᠰᠡᠨ ᠪᠢ ᠴᠢᠨᠢ

ᠵᠤᠪᠠᠬᠤ ᠶᠢᠨ ᠲᠦᠯᠦᠭᠡ ᠴᠤ ᠵᠤᠪᠠᠨ᠎ᠠ


ᠵᠤᠬᠢᠶᠠᠭᠴᠢ ᠶᠢᠨ ᠬᠠ‍‌ᠶᠢᠭ ᠄ ᠵᠠᠷᠤᠳ ᠬᠤᠰᠢᠭᠤᠨ ᠤ ᠪᠠᠶᠠᠠᠮᠩᠬ᠎ᠠ ᠰᠤᠷᠭᠠᠭᠤᠯᠢ

ᠵᠤᠬᠢᠶᠠᠭᠴᠢ᠄ ᠳᠢᠶ‍ᠧ ᠮᠢᠩ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 10324
ᠴᠠᠭ᠄ 2013 ᠤᠨ ᠤ 12 ᠰᠠᠷ᠎ᠠ ᠶᠢᠨ 10
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ