ᠨᠡᠪᠲᠡᠷᠡᠨ ᠤᠷᠤᠬᠤ
ᠳᠤᠪᠰᠢᠭᠤᠷ

ᠪᠢ ᠪᠣᠯ ᠠᠷᠭ᠎ᠠ ᠣᠳᠠᠰᠤ

ᠴᠢ ᠪᠣᠯ ᠪᠢᠯᠢᠭ᠌ ᠣᠳᠠᠰᠤ

ᠪᠠᠳᠠ ᠬᠤᠶᠠᠷ ᠪᠣᠯ ᠮᠤᠩᠭ᠋ᠤᠯ ᠳᠤᠪᠰᠢᠭᠤᠷ ᠤᠨ

ᠪᠠᠶᠠᠨ ᠠᠶᠠᠰ ᠲᠡᠶ ᠬᠤᠤᠰ ᠣᠳᠠᠰᠤ ᠶᠤᠮ ᠡ

ᠣᠨ ᠵᠢᠯ ᠣᠷᠤᠰᠴᠤ

ᠣᠩᠭ᠋ᠤᠨ ᠬᠠᠢ᠌ᠷ᠎ᠠ ᠠᠰᠠᠵᠤ

ᠣᠷᠢᠳᠠ ᠶᠢᠨ ᠵᠠᠶᠠᠭᠠᠨ ᠳᠠᠩᠭ᠋ᠠᠷᠢᠭ ᠶᠢᠡᠷ

ᠣᠴᠠᠷᠠᠵᠤ ᠪᠠᠳᠠ ᠬᠠᠨᠢᠯᠠᠭᠰᠠᠨ

ᠠᠮᠢᠳᠤᠷᠠᠯ ᠭᠡᠳᠡᠭ᠌ ᠪᠠᠭᠰᠢ

ᠠᠯᠳᠠᠨ ᠬᠤᠷᠤᠭᠤ ᠪᠠᠨ ᠭᠦᠳᠡᠯᠭᠡᠵᠤ

ᠨᠠᠮᠢ᠋ᠢ ᠭᠦᠪᠴᠢᠳᠡᠭᠡᠳ ᠳᠠᠯᠪᠢᠭᠰᠠᠨ

ᠨᠠᠷᠠ ᠮᠢᠨᠢ ᠪᠣᠯ ᠴᠢ ᠭᠡᠵᠤ ᠪᠢ ᠴᠢᠮ᠎ᠠ ᠳᠠᠭᠠᠨ ᠳᠠᠩᠭ᠋ᠠᠷᠢᠭᠯᠠᠭᠰᠠᠨ

ᠳᠤᠷᠠᠯᠠᠯ ᠭᠡᠳᠡᠭ᠌ ᠰᠠᠭᠢᠭᠤᠰᠤ

ᠳᠤᠯᠤᠷ ᠬᠤᠷᠤᠭᠤ ᠪᠠᠨ ᠭᠦᠳᠡᠯᠭᠡᠵᠤ

ᠴᠢᠮᠢ᠋ᠢ ᠶᠤᠩᠬᠤᠷᠳᠤᠭᠠᠤᠨ ᠳᠠᠯᠪᠢᠭᠰᠠᠨ

ᠰᠠᠷᠠ ᠮᠢᠨᠢ ᠪᠣᠯ ᠴᠢ ᠭᠡᠵᠤ ᠴᠢ ᠮᠢᠨᠢ ᠨᠠᠳᠠᠳᠤ ᠪᠠᠨ ᠠᠠᠳᠠᠭᠠᠢ᠌ᠯᠠᠭᠰᠠᠨ

ᠳᠤᠷᠠᠯᠠᠯ ᠤᠨ ᠪᠠᠯ ᠢ ᠠᠮᠰᠠᠵᠤ

ᠳᠤᠤᠯᠢᠮ᠎ᠠ ᠬᠤᠷᠤ ᠎ᠡ ᠶᠢ ᠳᠤᠭᠤᠯᠵᠤ

ᠠᠮᠢᠳᠤᠷᠠᠯ ᠤᠨ ᠬᠠᠯᠠ ᠶᠢ ᠠᠮᠳᠠᠯᠠᠵᠤ

ᠠᠶᠠᠨ ᠤ ᠵᠠᠮ ᠶᠢᠡᠨ ᠡᠯᠡᠭᠡᠭᠦ ᠳᠡᠭᠡᠨ

ᠭᠡᠨ ᠴᠤ ᠵᠤᠬᠢᠶᠠᠵᠤ ᠦᠯᠦ ᠳᠠᠢ᠌ᠯᠤᠮ᠎ᠠ

ᠭᠤᠶᠤᠬᠠᠨ ᠠᠶᠠᠰ ᠢ ᠪᠦᠳᠦᠭᠡᠵᠤ

ᠭᠡᠨ ᠴᠤ ᠭᠦᠭ᠍ᠵᠢᠮᠳᠡᠵᠤ ᠦᠯᠦ ᠴᠢᠳᠠᠮ᠎ᠠ

ᠭᠤᠴᠤ ᠠᠶᠠᠯᠭᠤ ᠶᠢ ᠴᠤᠤᠷᠢᠶᠠᠳᠤᠭᠤᠯᠵᠤ

ᠠᠮᠢᠳᠠᠨ ᠢ ᠭᠠᠢ᠌ᠬᠠᠰᠢᠷᠠᠭᠤᠯᠤᠨ ᠠᠮᠢᠳᠤᠷᠠᠭᠰᠠᠨ ᠪᠠᠢ᠌ᠨ᠎ᠠ

ᠠᠴᠢᠷ ᠦᠷ᠎ᠡ ᠲᠡᠶ ᠪᠣᠯᠤᠭᠰᠠᠨ ᠪᠠᠢ᠌ᠨ᠎ᠠ

ᠠᠵᠠ ᠵᠢᠷᠭᠠᠯ ᠢ ᠡᠳ᠋ᠯᠡᠭ᠍ᠰᠡᠨ ᠪᠠᠢ᠌ᠨ᠎ᠠ

ᠠᠭᠢᠶᠠᠤᠨ ᠰᠠᠢ᠌ᠬᠠᠨ ᠭᠦᠭ᠍ᠰᠢᠷᠡᠭ᠍ᠰᠡᠨ ᠪᠠᠢ᠌ᠨ᠎ᠠ

ᠡᠨᠡ ᠠᠶᠠᠯᠭᠤ ᠪᠠᠨ ᠪᠢᠳᠠ ᠬᠤᠶᠠᠷ

ᠡᠳᠦᠭᠡ ᠪᠠᠰᠠ ᠭᠦᠭ᠍ᠵᠢᠮᠳᠡᠭ᠍ᠰᠡᠭᠡᠷ ᠪᠠᠢ᠌ᠨ᠎ᠠ

ᠡᠨᠡᠭᠡᠨ ᠬᠤᠷᠸ᠎ᠠ ᠳᠤ ᠪᠢᠳᠠᠨ ᠤ ᠳᠠᠭᠤᠤ

ᠦᠶ᠎ᠡ ᠶᠢᠨ ᠦᠶ᠎ᠡ ᠳᠤ ᠳᠠᠭᠤᠯᠠᠭᠳᠠᠬᠤ ᠪᠣᠯᠤᠨ᠎ᠠ

ᠪᠢ ᠪᠣᠯ ᠠᠷᠭ᠎ᠠ ᠣᠳᠠᠰᠤ

ᠴᠢ ᠪᠣᠯ ᠪᠢᠯᠢᠭ᠌ ᠣᠳᠠᠰᠤ

ᠪᠠᠳᠠ ᠬᠤᠶᠠᠷ ᠪᠣᠯ ᠳᠤᠷᠠᠯᠠᠯ ᠭᠡᠳᠡᠭ᠌ ᠳᠤᠪᠰᠢᠭᠤᠷ ᠤᠨ

ᠪᠠᠬᠠᠷᠤᠮ᠎ᠠ ᠰᠤᠭᠳᠤᠭᠤᠷᠠᠮ᠎ᠠ ᠠᠶᠠᠯᠭᠤ ᠶᠤᠮᠰᠠᠨ

ᠨᠢᠭᠡᠨ ᠡᠳᠦᠷ ᠠᠵᠠ ᠪᠣᠰᠤ ᠪᠠᠷ

ᠨᠡᠭᠡᠷᠡᠨ ᠪᠢ ᠴᠢᠮ᠎ᠠ ᠡᠴᠡ ᠪᠠᠨ ᠡᠰᠡᠭᠦᠯ᠎ᠡ ᠴᠢ ᠨᠠᠳᠠ ᠡᠴᠡ ᠪᠠᠨ

ᠨᠢᠭᠡᠮᠦᠰᠤᠨ ᠰᠠᠯᠤᠨ ᠣᠤᠠᠬᠤ ᠴᠠᠭ ᠲᠤ

ᠨᠠᠮᠢ᠋ᠢ ᠴᠢᠮᠢ᠋ᠢ ᠵᠢᠶᠠᠭᠠᠭᠰᠠᠨ ᠪᠣᠷᠬᠠᠨ ᠳᠠᠪᠳᠠᠢ ᠨᠢᠭᠡ ᠣᠭᠢᠯᠠᠨ᠎ᠠ ᠳ᠋ᠠ ᠴᠠᠪᠠᠰᠤ︕

ᠵᠤᠬᠢᠶᠠᠭᠴᠢ᠄ ᠭᠠᠩᠭ᠋᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2639
ᠴᠠᠭ᠄ 2009 ᠤᠨ ᠤ 03 ᠰᠠᠷ᠎ᠠ ᠶᠢᠨ 19
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ