ᠨᠡᠪᠲᠡᠷᠡᠨ ᠤᠷᠤᠬᠤ
ᠪᠣᠤ ᠦᠵᠡᠭ᠍ᠳᠡᠮ᠎ᠡ ᠪᠦᠰᠡᠭᠦᠢ

ᠰᠠᠯᠭᠢᠨ ᠤ ᠰᠡᠵᠢᠭᠦᠷ ᠲᠤ ᠡᠷᠭᠡᠯᠡᠭᠦ

ᠠᠯᠢᠶᠠᠬᠠᠨ ᠬᠤᠩᠭ᠋ᠤᠷ ᠰᠤᠷᠮᠤᠤᠰᠤ ᠶᠤᠮ ᠴᠢ

ᠠᠳᠠᠯᠢᠬᠠᠨ ᠦᠴᠦᠭᠡᠳᠦᠷ ᠤᠳ ᠢ ᠳᠠᠭᠠᠵᠢᠩᠨᠠᠵᠤ

ᠭᠡᠨ ᠤ ᠨᠢᠳᠤᠨ ᠳᠤ ᠳᠤᠷᠮᠣᠢ᠌ᠨ᠎ᠠ ᠪᠣᠢ

ᠪᠣᠳᠤᠯ ᠤᠨ ᠮᠢᠨᠢ ᠨᠠᠭᠤᠷ ᠢ ᠮᠢᠷᠠᠯᠵᠠᠳᠠᠯ᠎ᠠ ᠭᠡᠳᠡᠭᠡᠯᠡᠭᠦ

ᠦᠷᠤᠮ᠎ᠠ ᠬᠤᠯᠠᠭᠠᠢ᠌ᠴᠢ

ᠰᠡᠳᠭᠢᠯ ᠤᠨ ᠬᠤᠯᠠᠭᠠᠢ᠌ᠴᠢ

ᠬᠠᠮᠠᠷ ᠤᠨ ᠮᠢᠨᠢ ᠦᠵᠦᠭᠦᠷ ᠢ ᠦᠨᠦᠰᠤᠨ ᠳᠡᠪᠢᠭᠦ

ᠳᠡᠭ᠍ᠵᠢᠨ ᠡᠷᠪᠠᠭᠡᠢ

ᠳᠡᠷᠭᠡᠳᠡ ᠮᠢᠨᠢ ᠨᠠᠯᠠᠩᠬᠠᠢ

ᠬᠠᠮᠳᠤ ᠳᠠᠭᠠᠨ ᠰᠤᠨᠤᠰᠴᠤ ᠪᠠᠶᠠᠰᠤᠭᠰᠠᠨ

ᠬᠠᠮᠤᠭ ᠤᠨ ᠢᠨᠠᠭ ᠨᠢᠭᠡᠨ ᠳᠠᠭᠤᠤ ᠮᠢᠨᠢ

ᠠᠮᠢᠰᠬᠤᠭ᠎ᠠ ᠶᠢ ᠴᠢᠨᠢ ᠥᠭᠡᠢ᠌ᠯᠡᠭᠦ ᠦᠷᠯᠦᠭᠡ

ᠰᠠᠮᠠᠷᠠᠨ ᠰᠠᠨᠠᠬᠤ ᠰᠡᠭᠦᠷᠡᠰᠤ

ᠬᠠᠢ᠌ᠷ᠎ᠠ ᠪᠠᠨ ᠠᠮᠠᠯᠠᠵᠤ ᠬᠠᠢ᠌ᠯᠤᠭᠰᠠᠨ

ᠬᠠᠮᠤᠭ ᠤᠨ ᠰᠢᠨᠤᠭ ᠨᠢᠭᠡᠨ ᠦᠨᠦᠰᠤᠯᠳᠠ ᠮᠢᠨᠢ

ᠠᠩᠭᠢᠯᠤᠮ᠎ᠠ ᠶᠢ ᠴᠢᠨᠢ ᠮᠦᠷᠦᠭᠡᠳᠭᠦ ᠦᠳᠡᠰᠢ

ᠰᠢᠨᠠᠯᠤᠨ ᠳᠤᠰᠤᠯᠬᠤ ᠨᠢᠯᠪᠣᠰᠤ

ᠠᠶ᠎ᠠ ᠮᠢᠨᠤ ᠠᠯᠳᠠᠷᠠᠢ ᠬᠤᠩᠭ᠋ᠤᠷᠬᠠᠨ

ᠠᠶᠠᠯᠭᠤ ᠡᠴᠠ ᠠᠶᠠᠯᠭᠤ ᠳᠦᠷᠢᠭᠦ

ᠬᠠᠢ᠌ᠷ᠎ᠠ ᠶᠢᠨ ᠮᠢᠨᠢ ᠠᠮᠢᠯᠠᠨ ᠮᠥᠩᠭᠡᠵᠢᠭᠦᠢ

ᠠᠶᠠᠨ ᠡᠴᠠ ᠠᠶᠠᠨ ᠡᠪᠭᠡᠭᠦ

ᠠᠮᠢᠳᠤᠷᠠᠯ ᠤᠨ ᠮᠢᠨᠢ ᠭᠡᠢ᠌ᠭᠡᠨ ᠴᠢᠮᠡᠭᠦᠢ


ᠲᠦᠮᠡᠨ ᠮᠦᠷᠦᠭᠡᠳᠦᠯ ᠣᠴᠢᠭᠯᠠᠵᠤ

ᠰᠠᠪᠢᠯᠵᠠᠨ ᠠᠩᠭᠢᠯᠬᠤ ᠭᠡᠵᠢᠭᠡ ᠶᠤᠮ ᠴᠢ

ᠠᠳᠠᠭ᠎ᠠ ᠶᠡᠭᠦᠷᠡᠭᠦ ᠠᠰᠬ᠎ᠠ ᠡᠴᠠ ᠴᠢᠳᠬᠤᠵᠤ

ᠭᠡᠨ ᠤ ᠭᠢᠯᠢᠩ ᠶᠢᠡᠷ ᠭᠦᠷᠭᠢᠷᠡᠨ᠎ᠡ ᠪᠣᠢ

ᠬᠤᠷᠤᠭᠤᠨ ᠵᠠᠪᠰᠠᠷ ᠣᠭᠢᠯᠠᠩᠨᠠᠵᠤ

ᠰᠠᠷᠠᠨ ᠤ ᠡᠮᠳᠡᠷᠭᠡᠢ ᠰᠢᠭ᠌ ᠰᠠᠮᠠᠷᠠᠨ᠎ᠡ

ᠡᠩ ᠦᠭᠡᠶ ᠳᠤᠷᠭᠠᠨ ᠢᠯᠪᠢᠯᠳᠠ ᠪᠠᠷ

ᠡᠭᠢ ᠦᠭᠡᠶ ᠵᠡᠭᠦᠳᠤᠨ ᠳᠤ ᠣᠷᠢᠶᠠᠯᠳᠤᠨ᠎ᠠ

ᠨᠠᠷᠠᠨ ᠤ ᠰᠠᠴᠤᠷᠠᠭ ᠲᠡᠶ ᠥᠨᠦᠰᠳᠡᠭᠦ

ᠨᠠᠳᠠᠳᠤ ᠯᠠ ᠥᠨᠦᠰᠳᠡᠭᠦ

ᠴᠠᠢ ᠶᠢᠨ ᠬᠠᠩᠬᠤᠯᠤᠮ᠎ᠠ ᠦᠨᠦᠷ

ᠰᠠᠷᠠᠨ ᠤ ᠰᠤᠷᠮᠤᠤᠰᠤ ᠪᠠᠷ ᠭᠢᠯᠪᠠᠬᠤ

ᠨᠠᠳᠠᠳᠤ ᠯᠠ ᠬᠠᠷᠠᠭᠳᠠᠬᠤ

ᠬᠠᠷᠠᠴᠠᠨ ᠤ ᠠᠯᠤᠰ ᠭᠢᠵᠠᠭᠠᠷ

ᠠᠶ᠎ᠠ ᠮᠢᠨᠤ ᠡᠭᠡᠰᠢᠭ᠌ ᠡᠩᠭᠦᠷᠡᠢ᠌ᠭᠡᠨ

ᠠᠯᠮᠠᠩ ᠰᠠᠷᠠᠨ ᠤ ᠦᠳᠡᠰᠢ

ᠳᠠᠷ᠎ᠠ ᠳᠡᠭᠡᠷ᠎ᠡ ᠠᠰᠬᠠᠷᠠᠬᠤ ᠭᠤᠨᠢᠭ ᠡ ᠴᠢ

ᠠᠷᠢᠭᠤᠬᠠᠨ ᠴᠤᠭᠴᠠᠰ ᠶᠢᠡᠨ ᠨᠠᠮᠤᠷ ᠲᠤ ᠠᠭᠤᠰᠬᠠᠭᠰᠠᠨ

ᠨᠠᠪᠴᠢᠨ ᠤ ᠠᠯᠳᠠᠨ ᠰᠢᠷᠭᠠᠯ ᠡ ᠴᠢ


ᠰᠠᠢ᠌ᠬᠠᠨ ᠭᠦᠰᠡᠯ ᠳᠤ ᠮᠡᠯᠳᠡᠭᠡᠨᠡᠭᠦ

ᠰᠠᠷᠠᠨ ᠪᠣᠯᠤᠷ ᠨᠢᠳᠤᠨ ᠶᠤᠮ ᠴᠢ

ᠰᠢᠩᠭᠡᠨ ᠵᠠᠮᠬᠠᠷᠠᠬᠤ ᠳᠤᠯᠤᠩ ᠰᠢᠭ

ᠭᠡᠨ ᠤ ᠮᠦᠷᠦᠭᠡᠳᠦᠯ ᠳᠤ ᠳᠤᠷᠮᠣᠢ᠌ᠨ᠎ᠠ ᠪᠣᠢ

ᠡᠷᠭᠡ ᠬᠤᠩᠭ᠋ᠤᠷ ᠳᠠᠭᠤᠳᠠᠯᠭ᠎ᠠ ᠳᠤ ᠣᠶᠠᠷᠠᠬᠤ

ᠮᠠᠯᠮᠠᠷᠢ ᠳᠤᠯᠠᠭᠠᠨ ᠬᠠᠷᠠᠴᠠ ᠴᠢᠨᠢ

ᠡᠩ ᠦᠭᠡᠶ ᠮᠦᠷᠦᠭᠡᠳᠦᠯ ᠳᠤ ᠮᠢᠨᠢ ᠳᠠᠯᠮᠢᠶᠠᠷᠠᠬᠤ

ᠭᠦᠯ ᠦᠭᠡᠶ ᠴᠡᠩᠭᠡᠷ ᠣᠰᠤᠨ ᠡ

ᠡᠭᠡᠯ ᠨᠢᠭᠡᠨ ᠬᠠᠷ᠎ᠠ ᠭᠦᠤ ᠨᠠᠮ᠎ᠠ ᠶᠢ ᠡᠩᠰᠡᠷᠡᠳᠡᠯ᠎ᠡ ᠰᠠᠨᠠᠭᠤᠯᠳᠠᠭ

ᠣᠢ᠌ᠯᠠ ᠶᠢᠨ ᠠᠯᠪᠢᠨ

ᠡᠷᠭᠢᠵᠤ ᠢᠷᠡᠭᠦ ᠦᠭᠡᠶ ᠪᠦᠭᠦᠨ ᠢ ᠮᠢᠨᠢ

ᠡᠪᠭᠡᠷᠳᠡᠯ᠎ᠡ ᠮᠦᠷᠦᠭᠡᠳᠦᠭᠦᠯᠳᠡᠭ᠌ ᠨᠠᠷ᠎ᠠ ᠦᠭᠡᠶ ᠰᠠᠷᠬᠤᠤᠨ

ᠦᠵᠤᠮ ᠡᠴᠠ ᠢᠷᠡᠭ᠍ᠰᠡᠨ ᠣᠭᠢᠯᠠᠮ᠎ᠠ ᠳᠤᠰᠤᠯᠤᠮ᠎ᠠ ᠠᠯᠳᠠᠷᠠᠢ ᠮᠢᠨᠢ

ᠦᠨᠡᠨ ᠢ ᠥᠭᠡᠯᠡᠭ᠍ᠰᠡᠨ ᠠᠮᠢᠯᠠᠮ᠎ᠠ ᠴᠠᠯᠭᠢᠮ᠎ᠠ ᠡᠩᠭᠦᠷᠡᠢ ᠮᠢᠨᠢ

ᠥᠨᠦᠰᠭᠦ ᠳᠤ ᠠᠨᠢᠳᠠᠭ ᠡᠭᠦᠷᠢᠳᠡ ᠶᠢᠨ ᠡᠮᠵᠡᠭ᠌ ᠳᠦᠷᠢᠮᠡᠭᠡᠢ ᠴᠢ

ᠦᠮᠴᠢᠯᠠᠵᠤ ᠴᠢᠳᠠᠳᠠᠭ ᠦᠭᠡᠶ ᠦᠨᠢ ᠶᠢᠨ ᠭᠦᠨ ᠬᠠᠷᠠᠩᠭ᠋ᠤᠢ ᠴᠢ


ᠪᠣᠷᠬᠠᠨ ᠡᠴᠠ ᠠᠮᠢᠯᠠᠭᠤᠯᠵᠤ ᠰᠤᠶᠤᠷᠬᠠᠭᠰᠠᠨ

ᠪᠣᠯᠪᠠᠷᠠᠢ ᠨᠠᠪᠴᠢᠨ ᠣᠷᠤᠭᠤᠯ ᠶᠤᠮ ᠴᠢ

ᠶᠠᠭᠠᠨ ᠰᠠᠷᠭᠠᠢ ᠶᠢᠨ ᠳᠠᠯᠪᠢ ᠰᠢᠭ᠌

ᠭᠡᠨ ᠤ ᠪᠣᠷᠤᠭᠠᠨ ᠶᠢᠡᠷ ᠣᠮᠳᠠᠯᠠᠨ᠎ᠠ ᠪᠣᠢ

ᠣᠮᠤᠭᠯᠠᠩ ᠶᠢᠡᠨ ᠮᠠᠷᠳᠠᠨ ᠪᠢ

ᠡᠨᠡ ᠯᠠ ᠮᠦᠰᠢᠶᠠᠯ ᠳᠤ ᠰᠥᠭᠦᠷᠡᠭ᠍ᠰᠡᠨ

ᠣᠷᠴᠢᠯᠠᠩ ᠶᠢᠡᠨ ᠣᠮᠠᠷᠳᠠᠨ ᠪᠢ

ᠨᠢᠭᠡ ᠯᠠ ᠥᠭᠡᠨ ᠳᠤ ᠣᠶᠠᠷᠠᠭᠰᠠᠨ

ᠡᠩᠭᠦᠷᠡᠢ᠌ᠯᠡᠯ ᠶᠢᠡᠷ ᠠᠮᠢᠯᠠᠬᠤ ᠬᠤᠤᠰ ᠦᠭᠡᠶ ᠭᠤᠪᠠᠢ

ᠡᠴᠢᠨ᠎ᠡ ᠳᠠᠯᠳᠠ ᠳᠤ ᠴᠤ ᠮᠠᠷᠳᠠᠮ᠎ᠠ ᠦᠭᠡᠶ ᠭᠡᠭᠡᠡᠴᠢᠷ

ᠠᠯᠠᠭᠠᠨ ᠤ ᠭᠡ ᠪᠠᠷ ᠣᠷᠤᠰᠴᠤ

ᠠᠩᠭᠢᠯᠤᠮ᠎ᠠ ᠴᠢᠨᠢ ᠵᠢᠷᠦᠭᠡᠨ ᠳᠤ ᠰᠠᠩᠭᠢᠨᠠᠳᠠᠯ᠎ᠠ

ᠠᠮᠢᠰᠬᠤᠭᠠᠨ ᠤ ᠴᠤᠭᠢᠯᠭ᠎ᠠ ᠪᠠᠷ ᠥᠭ᠍ᠰᠦᠵᠤ

ᠢᠨᠢᠶᠡᠮᠰᠦᠭᠯᠡᠯ ᠴᠢᠨᠢ ᠦᠷᠦᠭᠡᠨ ᠳᠤ ᠭᠡᠷᠡᠯᠳᠦᠳᠡᠯ᠎ᠡ

ᠬᠠᠭᠠᠴᠠᠰᠢ ᠦᠭᠡᠶ ᠬᠠᠵᠠᠭᠤ ᠳᠤ ᠴᠢᠨᠢ ᠪᠠᠢ᠌ᠮᠠᠷ

ᠬᠠᠨᠢᠯᠠᠨ ᠰᠠᠭᠤᠭᠠᠤᠨ ᠥᠳᠡᠯᠭᠦ ᠶᠢ ᠶᠠᠭᠠᠷᠠᠮᠠᠷ


ᠬᠠᠢ᠌ᠷ᠎ᠠ ᠶᠢᠨ ᠲᠦᠯᠦᠭᠡ ᠯᠠ ᠳᠡᠯᠭᠡᠷᠡᠭᠦ

ᠵᠤᠯᠭᠠᠷᠠᠰᠢ ᠦᠭᠡᠶ ᠴᠡᠴᠡᠭ᠌ ᠶᠤᠮ ᠴᠢ

ᠦᠨᠡᠠᠴᠢ ᠬᠠᠯᠠᠭᠤᠨ ᠵᠢᠷᠦᠭᠡ ᠴᠢᠨᠢ

ᠭᠡᠨ ᠤ ᠠᠳᠬᠤᠨ ᠳᠤ ᠪᠣᠯᠭᠢᠯᠠᠨ᠎ᠠ ᠪᠣᠢ

ᠭᠦᠡᠳᠡᠭᠦ ᠪᠠᠨ ᠵᠢᠷᠦᠭᠡᠰᠢᠶᠡᠪᠠᠴᠤ

ᠭᠦᠭ᠍ᠰᠡᠨ ᠳᠤᠭᠳᠤᠯᠬᠤ ᠢᠷᠮᠡᠭᠦᠨ ᠭᠦᠰᠡᠯ ᠵᠢᠠᠷ

ᠪᠣᠴᠠᠯᠳᠠ ᠦᠭᠡᠶ ᠳᠡᠮᠡᠤᠯᠡᠭᠦ

ᠪᠣᠷᠤᠭᠤᠯᠠᠰᠢ ᠦᠭᠡᠶ ᠵᠤᠷᠢᠭ ᠰᠢ᠌ᠳ ᠵᠢᠠᠷ

ᠠᠯᠠᠭᠠᠨ ᠳᠤ ᠮᠢᠨᠢ ᠬᠠᠢ᠌ᠯᠬᠤ ᠠᠷᠢᠭᠤᠨ ᠪᠦᠭᠦᠨ ᠴᠢᠨᠢ ᠮᠢᠨᠤᠭᠢ ᠭᠡᠵᠤ

ᠠᠯᠳᠠᠷᠠᠨ ᠰᠠᠳᠠᠷᠠᠬᠤ ᠬᠠᠷᠠᠬᠠᠨ ᠭᠡᠵᠢᠭᠡ ᠴᠢᠨᠢ ᠮᠢᠨᠤᠭᠢ ᠭᠡᠵᠤ

ᠰᠢᠭᠦᠳᠡᠷᠢ ᠪᠠᠷ ᠮᠦᠩᠭᠦᠯᠡᠨ ᠠᠷᠢᠭᠤᠯᠠᠭᠰᠠᠨ

ᠬᠤᠯᠠᠨ ᠤ ᠰᠢᠷᠭᠠᠯ ᠭᠤᠪᠢ ᠶᠢ ᠳᠤᠭᠤᠯᠵᠤ

ᠰᠢᠯᠦᠭ᠌ ᠤᠨ ᠮᠢᠨᠢ ᠮᠦᠷ ᠲᠤ ᠭᠤᠩᠬᠠᠭᠰᠠᠨ

ᠣᠶᠠᠬᠠᠨ ᠳᠠᠭᠢᠨᠢ ᠴᠢᠮ᠎ᠠ ᠳᠠᠭᠠᠨ ᠪᠢ ᠣᠴᠢᠨ᠎ᠠ

ᠡᠪᠠᠰᠤᠨ ᠤ ᠳᠤᠯᠭᠢᠶ᠎ᠠ ᠰᠠᠯᠭᠢ ᠪᠦᠪᠠᠢ᠌ᠯᠡᠭ᠍ᠰᠡᠨ

ᠡᠩᠭᠦᠷᠡᠢ ᠢᠯᠳᠠᠮ ᠪᠦᠷᠦᠢ ᠪᠠᠷ

ᠡᠷᠭᠡ ᠪᠦᠵᠦᠩᠭᠡᠢ ᠴᠢᠮ᠎ᠠ ᠳᠠᠭᠠᠨ ᠪᠢ ᠣᠴᠢᠨ᠎ᠠ

ᠬᠠᠳᠤᠨ ᠣᠮᠤᠭᠯᠠᠩ ᠠᠷᠠᠠᠰᠢᠨ ᠤ ᠰᠥᠵᠢᠭ᠌ ᠳᠠᠪᠴᠢᠶᠠᠷᠢ ᠠᠯᠳᠠᠷᠠᠨ᠎ᠠ

ᠬᠠᠢ᠌ᠯᠤᠨ ᠣᠷᠤᠰᠬᠤ ᠵᠢᠷᠦᠭᠡ ᠨᠢᠭᠡᠯᠡ ᠪᠣᠯᠤᠨ ᠣᠶᠠᠰᠤᠨ᠎ᠠ

ᠣᠷᠤᠭᠤᠯ ᠳᠤ ᠴᠢᠨᠢ ᠠᠭᠤᠰᠴᠤ ᠪᠠᠶ᠎ᠠ ᠳᠤ ᠴᠢᠨᠢ ᠨᠡᠪᠴᠢᠭᠦ

ᠠᠮᠠᠷᠠᠭ ᠣᠰᠤᠨ ᠪᠢ

ᠣᠷᠴᠢᠯᠠᠩ ᠤᠨ ᠬᠠᠳᠠᠭᠤ ᠵᠢᠷᠦᠭᠡ ᠶᠢ ᠣᠶᠠᠷᠠᠭᠠᠬᠤ

ᠢᠨᠠᠭ ᠬᠤᠩᠭ᠋ᠤᠷ ᠴᠢ

ᠭᠠᠯ ᠰᠢᠭ ᠨᠢᠯᠭᠢᠮ᠎ᠠ ᠳᠤ ᠥᠭᠡ ᠢᠯᠡᠭᠦᠴᠡ ᠨᠢᠳᠤ ᠠᠨᠢᠮ᠎ᠠ ᠭᠡᠢ᠌ᠷᠭᠡᠯ

ᠭᠠᠯᠵᠠᠭᠤ ᠳᠤᠷᠠᠯᠠᠯ ᠳᠤ ᠭᠠᠯᠪᠠ ᠶᠢᠨ ᠭᠢᠵᠠᠭᠠᠷ ᠲᠤ ᠴᠢ ᠪᠢᠳᠠ ᠯᠠ ᠣᠷᠤᠰᠢᠬᠤᠢ

ᠣᠷᠴᠢᠯᠠᠩ ᠤᠨ ᠬᠠᠯᠠ ᠶᠢ ᠪᠣᠳᠤᠯ ᠦᠭᠡᠶ

ᠠᠯᠤᠰ ᠵᠥᠭ᠌ ᠨᠢ ᠨᠢᠰᠤᠮᠠᠷ

ᠣᠭᠳᠠᠷᠭᠤᠢ ᠶᠢᠨ ᠭᠦᠨ ᠡᠴᠠ ᠰᠦᠷᠳᠠᠯ ᠦᠭᠡᠶ

ᠴᠡᠭᠡᠯ ᠣᠷᠤᠭᠤ ᠨᠢ ᠵᠠᠮᠬᠠᠷᠠᠮᠠᠷ


2012.11.28


ᠵᠤᠬᠢᠶᠠᠭᠴᠢ ᠶᠢᠨ ᠬᠠ‍‌ᠶᠢᠭ ᠄ ᠣᠯᠠᠭᠠᠠᠬᠠᠳᠠ ᠬᠤᠳᠠ ᠶᠢᠨ ᠪᠠᠭᠠᠷᠢᠨ ᠪᠠᠷᠠᠭᠤᠨ ᠬᠤᠰᠢᠭᠤᠨ ᠤ ᠰᠢᠪᠠᠷᠳᠠᠢ ᠭᠤᠤᠯ ᠪᠠᠭ᠎ᠠ ᠰᠤᠷᠭᠠᠭᠤᠯᠢ

ᠵᠤᠬᠢᠶᠠᠭᠴᠢ᠄ ᠰ·ᠮᠥᠩᠭᠡᠨᠡᠷᠡᠰᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 11608
ᠴᠠᠭ᠄ 2013 ᠤᠨ ᠤ 01 ᠰᠠᠷ᠎ᠠ ᠶᠢᠨ 03
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ