ᠨᠡᠪᠲᠡᠷᠡᠨ ᠤᠷᠤᠬᠤ
ᠬᠠᠮᠤᠭ ᠤᠨ ᠭᠦᠨ ᠰᠠᠭᠤᠭᠳᠠᠯ ᠦᠯᠡᠳᠡᠭᠡᠭᠰᠡᠨ ᠪᠠᠭᠰᠢ

ᠶᠡᠭᠡ ᠰᠤᠷᠭᠠᠭᠤᠯᠢ ᠶᠢᠨ ᠵᠢᠩᠭᠢᠨᠢ ᠠᠩᠭᠢ ᠶᠢ ᠥᠪᠠᠷᠳᠡᠭᠡᠨ ᠰᠤᠷᠴᠤ ᠰᠢᠯᠭᠠᠭᠤᠯᠬᠤ ᠭᠡᠯᠪᠠᠷᠢ ᠪᠠᠷ ᠳᠡᠭᠦᠰᠭᠡᠭᠡᠤᠨ ᠭᠡᠳᠤᠨ ᠵᠢᠯ ᠪᠣᠯᠴᠢᠬᠠᠯ᠎ᠠ᠃ ᠰᠤᠷᠤᠭᠰᠠᠨ ᠴᠤ ᠶᠤᠮ ᠦᠦ᠂ ᠰᠤᠷᠤᠭᠰᠠᠨ ᠦᠭᠡᠶ ᠴᠤ ᠶᠤᠮ ᠦᠦ ᠭᠡᠳᠡᠭ᠌ ᠶᠢᠡᠨ ᠥᠪᠠᠷᠳᠡᠭᠡᠨ ᠰᠤᠷᠬᠤ ᠶᠠᠪᠣᠴᠠ ᠳᠤ ᠭᠡᠳᠤᠨ ᠮᠢᠩᠭ᠋ᠠᠨ ᠳᠦᠭᠦᠷᠢᠭ᠌ ᠠᠷᠠᠤᠨ ᠤᠨ ᠵᠤᠭᠤᠰ ᠥᠷᠦᠭ᠍ᠰᠡᠨ ᠪᠢᠯᠠ ᠭᠡᠳᠡᠭ᠌ ᠲᠡᠶ ᠪᠠᠨ ᠮᠠᠷᠳᠠᠴᠢᠬᠠᠵᠠᠢ᠃ ᠬᠠᠷᠢᠨ ᠬᠤᠷᠭᠤᠨ ᠤ ᠴᠠᠭᠠᠨ᠎ᠠ ᠨᠠᠮ᠎ᠠ ᠡᠴᠡ ᠣᠷᠢᠳᠠ ᠪᠠᠷ ᠨᠠᠰᠤᠨ ᠤ ᠠᠮᠠᠷᠠᠯᠳᠠ ᠪᠠᠨ ᠠᠪᠴᠢᠬᠠᠭᠰᠠᠨ ᠶᠡᠭᠡ ᠰᠤᠷᠭᠠᠭᠤᠯᠢ ᠶᠢᠨ ᠥᠨᠡᠮᠯᠡᠯ ᠵᠢᠡᠨ ᠬᠠᠶᠠ ᠨᠢᠭᠡ ᠬᠠᠷᠠᠬᠤᠯᠠᠷ ᠶᠠᠭ ᠯᠠ ᠡᠷᠳᠡᠮ ᠰᠢᠡᠵᠢᠯᠡᠭᠡᠨ ᠤ ᠥᠭᠦᠯᠡᠯ ᠬᠠᠶᠠᠯᠴᠠᠬᠤ ᠡᠳᠦᠷ᠂ ᠥᠭᠦᠯᠡᠯ ᠰᠢᠭᠦᠭ᠍ᠴᠢ ᠡᠷᠳᠡᠮᠳᠡᠨ ᠪᠠᠭᠰᠢ ᠶᠢᠨ ᠨᠠᠮᠪᠠ ᠲᠡᠶ ᠴᠢᠷᠠᠢ ᠪᠠᠷ ᠨᠠᠮ᠎ᠠ ᠶᠢ ᠦᠯᠦ ᠮᠡᠳᠡᠭ᠌ ᠡᠯᠡᠭᠯᠡᠨ ᠴᠢᠮᠠᠯᠠᠵᠤ ᠢᠨᠢᠶᠡᠭᠦ ᠮᠠᠳᠤ ᠰᠠᠨᠠᠭᠳᠠᠭᠠᠤᠨ ᠨᠤᠮ ᠬᠠᠶᠠᠯᠴᠠᠬᠤᠢ ᠳᠠᠰᠢᠷᠠᠮ ᠳᠤ ᠠᠭᠤᠷ ᠬᠠᠶᠠᠯᠴᠠᠭᠰᠠᠨ ᠱᠤᠭ ᠢ ᠮᠢᠨᠢ ᠡᠷᠭᠡ ᠦᠭᠡᠶ ᠰᠠᠨᠠᠭᠳᠠᠭᠤᠯᠳᠠᠭ᠃

ᠡᠭᠢᠯᠡᠵᠤ ᠰᠤᠷᠤᠯᠴᠠᠮᠠᠭᠴᠠ ᠮᠠᠨ ᠤ ᠠᠩᠭᠢ ᠡᠷᠭᠢᠯᠡᠭ᠍ᠰᠡᠨ ᠪᠠᠭᠰᠢ ᠭᠦᠮᠤᠨ ᠪᠦᠭᠦᠨ ᠵᠠᠪᠠᠯ ᠨᠢᠭᠡ ᠬᠤᠪᠢ ᠴᠢᠨᠠᠷᠯᠢᠭ ᠰᠠᠢ᠌ᠨ ᠳᠡᠭᠦᠰᠭᠦ ᠥᠭᠦᠯᠡᠯ ᠶᠢᠡᠨ ᠡᠷᠳᠡᠨ ᠡᠴᠡ ᠪᠠᠯᠡᠦᠡᠭᠡᠵᠤ ᠪᠠᠢ᠌ᠬᠤ ᠭᠡᠷᠡᠭ᠍ᠳᠡᠢ ᠭᠡᠵᠤ ᠣᠠᠴᠠᠯᠠᠨ ᠱᠠᠭᠠᠷᠳᠠᠬᠤ ᠶᠢᠨ ᠬᠠᠮᠳᠤ ᠥᠭᠦᠯᠡᠯ ᠶᠢᠡᠨ ᠡᠷᠭᠡᠪᠰᠢ ᠦᠪᠡᠷ ᠶᠢᠡᠨ ᠪᠢᠴᠢᠭ᠍ᠰᠡᠨ ᠪᠠᠢ᠌ᠬᠤ ᠭᠡᠷᠡᠭ᠍ᠳᠡᠢ᠃ ᠶᠠᠭᠠᠭᠢᠭᠰᠠᠨ ᠴᠤ ᠪᠣᠰᠤᠳ ᠤᠨ ᠭᠢ ᠶᠢ ᠨᠤᠮ ᠵᠤᠬᠢᠶᠠᠯ ᠪᠣᠶᠤ ᠰᠤᠨᠢᠨ ᠰᠡᠦᠡᠭᠦᠯ ᠡᠴᠡ ᠬᠠᠭᠤᠯᠵᠤ ᠪᠣᠯᠬᠤ ᠦᠭᠡᠶ᠂ ᠭᠡᠷᠪᠡ ᠬᠠᠭᠤᠯᠤᠭᠠᠤᠨ ᠥᠭᠦᠯᠡᠯ ᠭᠢᠨᠠᠭᠴᠢ ᠡᠷᠳᠡᠮᠳᠡᠨ ᠪᠠᠭᠰᠢ ᠪᠣᠶᠤ ᠥᠭᠦᠯᠡᠯ ᠰᠢᠭᠦᠭ᠍ᠴᠢ ᠡᠷᠳᠡᠮᠳᠡᠨ ᠪᠠᠭᠰᠢ ᠳᠤ ᠮᠡᠳᠡᠭ᠍ᠳᠡᠭᠡᠤᠨ ᠭᠤᠭᠤᠵᠢᠭᠳᠠᠪᠠᠯ ᠪᠢ ᠬᠠᠷᠢᠭᠤᠴᠠᠬᠤ ᠦᠭᠡᠶ᠃ ᠥᠭᠦᠯᠡᠯ ᠶᠢᠡᠨ ᠣᠷᠢᠤᠠᠴᠢᠯᠠᠨ ᠳᠤᠰᠢᠶᠠᠵᠤ ᠡᠷᠳᠡᠮᠳᠡᠳ ᠶᠢᠡᠷ ᠠᠩᠬᠠᠨ ᠤ ᠭᠢᠨᠠᠯᠳᠠ ᠭᠢᠯᠭᠡᠨ᠎ᠡ ᠭᠡᠯ᠎ᠡ᠃

ᠬᠤᠪᠢ ᠭᠦᠮᠤᠨ ᠳᠤᠬᠠᠢ ᠶᠢᠨ ᠦᠶ᠎ᠡ ᠳᠤ ᠣᠮᠠᠷᠠᠳᠤ ᠶᠢᠨ ᠪᠠᠭᠰᠢ ᠶᠢᠨ ᠶᠡᠭᠡ ᠰᠤᠷᠭᠠᠭᠤᠯᠢ ᠶᠢᠨ ᠬᠤ ᠵᠧᠨ ᠬᠤᠧᠨ ᠫᠷᠤᠹᠸᠰᠰᠤᠷ ᠤᠨ ᠦᠨᠳᠦᠰᠦᠳᠠᠨ ᠤ ᠭᠡᠯᠡ ᠪᠢᠴᠢᠭ᠌ ᠰᠡᠦᠡᠭᠦᠯ (ᠭᠢᠳᠠᠤᠨ ᠭᠡᠪᠯᠡᠯ ) ᠳᠤ ᠰᠢᠨᠡᠭᠡᠨ ᠨᠡᠢ᠌ᠳᠡᠯᠡᠭ᠍ᠳᠡᠭ᠍ᠰᠡᠨ ᠬᠠᠷᠠᠮᠦ᠋ᠷᠠᠨ ᠮᠤᠵᠢ ᠶᠢᠨ ᠹᠤ᠋ ᠢᠤᠢ ᠰᠢᠶᠠᠨ ᠤ ᠭᠢᠷᠭᠢᠰ ᠭᠡᠯᠡᠨ ᠤ ᠪᠠᠢ᠌ᠴᠠᠭᠠᠯᠳᠠ ᠶᠢᠨ ᠮᠡᠳᠡᠭᠦᠯᠦᠯᠳᠡ ᠭᠡᠰᠡᠨ ᠵᠤᠬᠢᠶᠠᠯ ᠢ ᠣᠩᠰᠢᠭᠠᠤᠨ ᠨᠠᠯᠢᠶᠠᠤᠨ ᠣᠯᠠᠨ ᠮᠤᠩᠭ᠋ᠤᠯ ᠥᠭᠡ ᠪᠠᠢ᠌ᠬᠤ ᠰᠢᠭ ᠰᠠᠨᠠᠭᠳᠠᠬᠤᠯᠠᠷ ᠰᠤᠨᠢᠷᠬᠠᠯ ᠲᠦᠷᠦᠵᠤ ᠪᠠᠢ᠌ᠭᠰᠠᠨ ᠳᠤᠯᠠ ᠳᠡᠭᠦᠨ ᠶᠢᠡᠨ ᠲᠡᠭᠦᠰᠭᠦ ᠥᠭᠦᠯᠡᠯ ᠪᠣᠯᠭᠠᠨ ᠪᠢᠴᠢᠭᠦ ᠪᠠᠷ ᠰᠢ᠌ᠤᠠᠪᠠ᠃ ᠥᠭᠦᠯᠡᠯ ᠶᠢᠡᠨ ᠠᠩᠬᠠᠨ ᠤ ᠭᠢᠨᠠᠯᠳᠠ ᠳᠤ ᠢᠯᠡᠭᠡᠭ᠍ᠰᠡᠨ ᠳᠤ ᠳ ·  ᠪᠦᠷᠢᠡᠪᠠᠳᠤ ᠫᠷᠤᠹᠸᠰᠰᠤᠷ ᠪᠣᠯᠤᠨ ᠴᠤᠭᠨᠢ  ᠫᠷᠤᠹᠸᠰᠰᠤᠷ ᠭᠢᠨᠠᠭᠠᠤᠨ ᠡᠳᠦᠢ ᠳᠠᠳᠤᠢ ᠭᠠᠵᠠᠷ ᠵᠠᠰᠠᠨ ᠳᠡᠭᠦᠯᠳᠡᠷᠵᠢᠭᠦᠯᠵᠤ ᠂ ᠬᠠᠭᠤᠯᠤᠭᠰᠠᠨ ᠦᠭᠡᠶ ᠪᠣᠯ ᠪᠠᠷᠭᠡ ᠰᠠᠢ᠌ᠬᠠᠨ ᠥᠭᠦᠯᠡᠯ ᠪᠣᠯᠤᠭᠰᠠᠨ ᠭᠡᠵᠤ ᠴᠤᠬᠤᠯᠠᠪᠣᠷᠢᠯᠠᠭᠠᠤᠨ ᠨᠠᠷ᠎ᠠ ᠪᠠᠨ ᠪᠢᠴᠢᠨ ᠪᠣᠴᠠᠭᠠᠨ ᠢᠷᠡᠭᠦᠯᠪᠡ᠃ ᠮᠢᠨᠤ ᠪᠠᠶᠠᠷᠯᠠᠭᠰᠠᠨ ᠭᠡᠵᠤ ᠳᠣᠢ᠌ᠮᠤ ᠦᠭᠡᠶ᠃ ᠭᠡᠳᠡᠯ᠎ᠡ᠂ ᠨᠤᠮ ᠬᠠᠶᠠᠯᠴᠠᠬᠤ ᠦᠶ᠎ᠡ ᠳᠤ ᠡᠴᠦᠰ ᠤᠨ ᠰᠢᠭᠦᠭ᠍ᠴᠢ ᠪᠠᠷ ᠢᠷᠡᠭ᠍ᠰᠡᠨ ᠫᠷᠤᠹᠸᠰᠰᠤᠷ ᠪᠠᠭᠰᠢᠳᠠᠨ᠂ ᠮᠢᠨᠤ ᠡᠭᠡᠯᠵᠢ ᠪᠣᠯᠬᠤᠯᠠᠷ ᠴᠣᠢ᠌ᠷᠸ᠎ᠠ ᠶᠢᠨ ᠰᠢᠷᠡᠭᠡᠨ ᠤ ᠬᠠᠵᠠᠭᠤ ᠳᠤ ᠭᠦᠷᠦᠮᠡᠭ᠍ᠴᠡ ᠲᠠ ᠡᠨᠡ ᠥᠭᠦᠯᠡᠯ ᠶᠢᠡᠨ ᠦᠪᠡᠷ ᠶᠢᠡᠨ ᠪᠢᠴᠢᠭ᠍ᠰᠡᠨ ᠶᠤᠮ ᠦᠦ ︖ ᠥᠭᠡᠷ᠎ᠡ ᠭᠦᠮᠤᠨ ᠤ ᠭᠢ ᠶᠢ ᠬᠠᠭᠤᠯᠤᠭᠰᠠᠨ ᠶᠤᠮ ᠦᠦ ︖ ᠭᠡᠤᠨ ᠰᠢᠭᠤᠳ ᠳᠤᠯᠭᠠᠨ ᠠᠰᠡᠭᠤᠪᠡ᠃ ᠨᠠᠢ᠌ᠷᠠᠭᠤᠯᠭ᠎ᠠ ᠶᠢᠨ ᠣᠬᠠᠭᠠᠨ ᠤ ᠡᠭᠦᠳᠡᠨ ᠡᠴᠡ ᠶᠠᠷᠢᠪᠠᠯ ᠰᠤᠩᠭ᠋ᠤᠨ ᠠᠰᠠᠭᠤᠬᠤ ᠭᠡᠯᠪᠠᠷᠢ ᠶᠢᠨ ᠥᠭᠦᠯᠡᠪᠦᠷᠢ ᠪᠣᠯᠪᠠᠴᠤ ᠡᠨᠡᠭᠦ ᠲᠦᠷ ᠴᠠᠭ ᠤᠨ ᠭᠡᠯᠡᠨ ᠤ ᠣᠷᠴᠢᠨ ᠪᠣᠯᠤᠨ ᠥᠭᠦᠯᠡᠭ᠍ᠴᠢ ᠶᠢᠨ ᠰᠡᠦᠡᠭᠢᠯᠭᠡ ᠶᠢᠨ ᠥᠩᠭᠡ ᠠᠶᠠᠰ ᠤᠨ ᠳᠠᠯ᠎ᠠ ᠡᠴᠡ ᠰᠠᠤᠠᠭᠢᠪᠠᠯ ᠨᠠᠭᠠᠳᠤ ᠵᠠᠬ᠎ᠠ ᠳᠤ ᠪᠠᠨ ᠡᠨᠡ ᠥᠭᠦᠯᠡᠯ ᠴᠢᠨᠤ ᠦᠪᠡᠷ ᠤᠨ ᠪᠢᠴᠢᠭ᠍ᠰᠡᠨ ᠥᠭᠦᠯᠡᠯ ᠪᠢᠰᠢ ᠰᠢᠭ᠌ ᠪᠠᠢ᠌ᠨ᠎ᠠ ᠭᠡᠰᠡᠨ ᠰᠠᠨᠠᠭ᠎ᠠ ᠲᠡᠶ ᠭᠡᠳᠡᠷᠭᠦ ᠠᠰᠠᠭᠤᠬᠤ ᠥᠭᠦᠯᠡᠪᠦᠷᠢ ᠪᠣᠯᠵᠤ ᠪᠣᠯᠬᠤ ᠶᠢ ᠶᠡᠭᠡ ᠰᠤᠷᠭᠠᠭᠤᠯᠢ ᠶᠢᠨ ᠵᠢᠩᠭᠢᠨᠢ ᠠᠩᠭᠢ ᠶᠢᠨ ᠮᠤᠩᠭ᠋ᠤᠯ ᠭᠡᠯᠡ ᠣᠤᠠᠬ᠎ᠠ ᠵᠤᠬᠢᠶᠠᠯ ᠤᠨ ᠰᠠᠯᠪᠣᠷᠢ ᠳᠤ ᠪᠦᠭᠦᠯᠢ ᠡᠳᠦᠷ ᠶᠢᠡᠷ ᠰᠤᠷᠤᠯᠴᠠᠭ᠎ᠠ ᠣᠶᠤᠳᠠᠤᠨ ᠪᠣᠯ ᠯᠠᠪ ᠡ᠊ᠡᠳᠡᠭᠦ ᠦᠭᠡᠶ ᠪᠠᠢ᠌ᠬᠤ᠃ ᠳᠤᠬᠠᠢ ᠶᠢᠨ ᠦᠶ᠎ᠡ ᠳᠤ ᠨᠠᠮ᠎ᠠ ᠳᠤ ᠢᠩᠭᠢᠵᠤ ᠣᠨᠤᠯ ᠤᠨ ᠳᠠᠯ᠎ᠠ ᠡᠴᠡ ᠣᠢ᠌ᠯᠠᠭᠠᠬᠤ ᠭᠢᠷᠢ᠂ ᠴᠠᠭ ᠠᠯᠢ ᠨᠢ ᠴᠤ ᠪᠠᠢ᠌ᠭᠰᠠᠨ ᠦᠭᠡᠶ᠂ ᠭᠡᠯᠡᠨ ᠤ ᠮᠠᠳᠠᠷᠠᠮᠵᠢ ᠪᠠᠷ ᠯᠠ ᠪᠢᠵᠡ᠂ ᠡᠷᠳᠡᠮᠳᠡᠨ ᠪᠠᠭᠰᠢ ᠳᠤ ᠭᠢᠷᠢᠴᠢᠯᠡᠭ᠍ᠳᠡᠯ᠎ᠡ ᠯᠠ ᠭᠡᠵᠤ ᠪᠣᠳᠤᠭᠠᠤᠨ ᠳᠤᠳᠤᠷ᠎ᠠ ᠮᠠᠰᠢ ᠡᠪ ᠥᠭᠡᠢ᠌ᠷᠡᠭ᠍ᠰᠡᠨ ᠡᠴᠡ ᠪᠠᠭᠰᠢ ᠶᠢᠨ ᠠᠰᠠᠭᠤᠯᠳᠠ ᠶᠢ ᠰᠢᠭᠤᠳ ᠬᠠᠷᠢᠭᠤᠯᠤᠭᠰᠠᠨ ᠦᠭᠡᠶ ᠪᠢ ᠪᠣᠰᠤᠳ ᠤᠨ ᠥᠭᠦᠯᠡᠯ ᠢ ᠬᠠᠭᠤᠯᠬᠤ ᠪᠠᠢ᠌ᠳᠤᠭᠠᠢ ᠦᠪᠡᠷ ᠤᠨ ᠪᠢᠴᠢᠭ᠍ᠰᠡᠨ ᠡᠭᠡ ᠨᠤᠤᠷᠠᠭ ᠶᠢᠡᠨ ᠴᠤ ᠳᠠᠭᠢᠵᠤ ᠬᠠᠭᠤᠯᠳᠠᠭ ᠥᠭᠡᠢ ( ᠬᠤᠪᠢ ᠭᠦᠮᠤᠨ ᠶᠡᠷᠦᠳᠡᠭᠡᠨ ᠡᠭᠡ ᠪᠢᠴᠢᠭ᠌ ᠶᠢᠡᠨ ᠳᠠᠭᠢᠵᠤ ᠬᠠᠭᠤᠯᠳᠠᠭ ᠦᠭᠡᠶ᠂ ᠶᠠᠮᠠᠷ ᠴᠤ ᠵᠤᠬᠢᠶᠠᠯ ᠢ ᠨᠢᠭᠡ ᠣᠳᠠᠭ᠎ᠠ ᠳᠤ ᠪᠢᠴᠢᠭᠡᠤᠨ ᠪᠦᠳᠦᠪᠠᠯ ᠵᠤᠬᠢᠶᠠᠯ ᠂ ᠪᠦᠳᠦᠭᠦ ᠦᠭᠡᠶ ᠪᠣᠯ ᠬᠤᠭ ᠶᠢᠡᠷ ᠰᠢ᠌ᠦᠡᠪᠦᠷᠢᠯᠡᠳᠡᠭ᠌ ᠵᠠᠩ ᠲᠡᠶ ᠶᠤᠮ ) ᠭᠡᠴᠢᠭᠡᠯ᠎ᠡ ᠃ ᠰᠢᠭᠦᠭ᠍ᠴᠢ ᠪᠠᠭᠰᠢ ᠴᠤ ᠠᠭᠤᠷᠯᠠᠭᠰᠠᠨ ᠪᠣᠯᠤᠯᠳᠠᠢ᠂ ᠪᠦᠰᠡᠭᠦᠢ ᠭᠦᠮᠤᠨ ᠤ ᠪᠦᠷᠭᠦᠭ᠌ ᠴᠢᠷᠠᠢ ᠲᠡᠶ ᠪᠣᠯᠵᠤ ᠣᠳᠤ ᠯᠠ ᠴᠤᠬᠤᠮ ᠰᠢᠭᠦᠭᠦ ᠰᠢᠤ ᠭᠡᠰᠡᠨ ᠪᠠᠢ᠌ᠷᠢ ᠲᠡᠶ ᠪᠣᠯᠤᠭᠰᠠ ᠰᠢᠭ ᠰᠠᠨᠠᠭᠳᠠᠯ᠎ᠠ᠃ ᠵᠠᠯᠭᠠᠭᠠᠤᠨ xx ᠨᠢᠭᠤᠷ ᠤᠨ xx ᠮᠦᠷ ᠤᠨ xx ᠳ᠋ᠤᠭᠠᠷ ᠥᠭᠡ ᠶᠢᠨ ᠳᠠᠭᠤᠳᠠᠯᠭ᠎ᠠ ᠶᠢ ᠣᠩᠰᠢ ᠭᠡᠯ᠎ᠡ᠃ ᠥᠷᠭᠦᠯᠵᠢᠯᠡᠨ ᠠᠳᠠᠯᠢ ᠪᠣᠰᠤ ᠨᠢᠭᠤᠷ ᠡᠴᠡ ᠭᠤᠷᠪᠠᠨ ᠥᠭᠡ ᠶᠢᠨ ᠳᠠᠭᠤᠳᠠᠯᠭ᠎ᠠ ᠶᠢ ᠣᠩᠰᠢᠭᠤᠯᠤᠭᠰᠠᠨ ᠶᠢᠡᠨ ᠡᠴᠦᠰ ᠤᠨ ᠨᠢᠭᠡ ᠠᠰᠠᠭᠤᠯᠳᠠ ᠳᠤᠷᠠᠳᠤᠯ᠎ᠠ ᠄ ᠲᠠᠨ ᠤ ᠡᠨᠡ ᠥᠭᠦᠯᠡᠯ ᠳᠤ ᠳᠠᠭᠤᠳᠠᠯᠭ᠎ᠠ ᠬᠠᠳᠠᠬᠤ ᠳᠤ ᠪᠠᠨ ᠶᠠᠮᠠᠷ ᠭᠠᠯᠢᠭ ᠢ ᠭᠡᠷᠡᠭᠯᠭ᠍ᠰᠡᠨ ᠪᠣᠢ ︖ ᠬᠡᠨ᠎ᠡ᠃ ᠪᠢ ᠰᠢᠭᠤᠤᠳ ᠯᠠ ᠣᠯᠠᠨ ᠣᠯᠤᠰ ᠤᠨ ᠠᠪᠢᠶᠠᠨ ᠤ ᠭᠠᠯᠢᠭ ᠭᠡᠯ᠎ᠡ᠃ ᠳᠠᠷᠠ ᠪᠠᠭᠰᠢ ᠨᠠᠫᠣᠯᠢᠶᠦ᠋ᠨ ᠢ ᠳᠠᠨᠢᠬᠤ ᠦᠭᠡᠶ ᠪᠣᠯ ᠳᠠᠭᠠᠷᠠᠬᠤ ᠹᠷᠠᠠᠼᠢ ᠭᠦᠮᠤᠨ ᠂ ᠸᠠᠰᠢᠩᠲ᠋ᠤᠨ ᠢ ᠮᠡᠳᠡᠭᠦ ᠦᠭᠡᠶ ᠪᠣᠯ ᠵᠤᠭᠢᠬᠤ ᠠᠮᠸᠷᠢᠺᠠ ᠭᠦᠮᠤᠨ ᠢ ᠬᠠᠷᠠᠬᠤ ᠮᠠᠳᠤ ᠨᠠᠮ᠎ᠠ ᠶᠢ ᠬᠠᠷᠠᠭᠰᠠᠨ ᠶᠢᠡᠨ ᠣᠯᠠᠨ ᠣᠯᠤᠰ ᠤᠨ ᠠᠪᠢᠶᠠᠨ ᠤ ᠭᠠᠯᠢᠭ ᠢ ᠮᠠᠳᠠᠵᠤ ᠪᠠᠢ᠌ᠭ᠎ᠠ ᠴᠢᠨᠢ ᠠᠮᠠᠷ ᠥᠭᠡᠢ ᠭᠡᠰᠡᠨ ᠦᠨᠡᠯᠠᠯᠳᠠ ᠦᠭ‍ᠭᠦᠯ᠎ᠡ᠃ ᠳᠠᠷᠠ ᠪᠠᠭᠰᠢ ᠶᠢᠨ ᠦᠨᠡᠯᠠᠯᠳᠠ ᠮᠢᠨᠤ ᠥᠭᠦᠯᠡᠯ ᠢ ᠥᠨᠡᠯᠡᠭ᠍ᠰᠡᠨ ᠶᠤᠮ ᠦᠦ᠂ ᠮᠢᠨᠤ ᠬᠤᠪᠢ ᠪᠠᠶ᠎ᠠ ᠶᠢ ᠥᠨᠡᠯᠡᠭ᠍ᠰᠡᠨ ᠶᠤᠮ ᠦᠦ︖ ᠭᠡᠳᠡᠭ᠌ ᠨᠢ ᠮᠠᠰᠢ ᠳᠤᠳᠤᠷᠬᠠᠢ ᠪᠠᠢ᠌ᠭ᠎ᠠ ᠳᠤᠯᠠ ᠳᠤᠬᠠᠢ ᠶᠢᠨ ᠦᠶ᠎ᠡ ᠳᠤ ᠮᠢᠨᠤ ᠠᠭᠤᠷ ᠂ ᠭᠢᠯᠢᠩ ᠪᠣᠯᠵᠤ ᠣᠳᠤᠭ᠎ᠠ ᠭᠠᠯ ᠨᠢ ᠦᠪᠡᠷ ᠤᠨ ᠡᠷᠭᠡ ᠦᠭᠡᠶ ᠨᠢᠭᠤᠷ᠂ ᠨᠢᠳᠤ ᠬᠤᠶᠠᠷ ᠶᠢᠡᠷ ᠭᠠᠳᠠᠭᠰᠢᠯᠠᠭᠰᠠᠨ ᠭᠡᠳᠡᠭ᠌ ᠢ ᠴᠣᠢ᠌ᠷᠸ᠎ᠠ ᠶᠢᠨ ᠭᠦᠷᠢᠶᠡᠨ ᠡᠴᠡ ᠭᠠᠷᠤᠭᠰᠠᠨ ᠤ ᠰᠡᠭᠦᠯᠡᠷ ᠮᠠᠨ ᠤ ᠬᠠᠮᠳᠤ ᠰᠤᠷᠤᠭᠴᠢᠤᠨ ᠤᠨ ᠴᠢᠮ᠎ᠠ ᠶᠢ ᠴᠢᠨᠢ ᠨᠤᠮ ᠬᠠᠶᠠᠯᠴᠠᠬᠤ ᠪᠠᠷ ᠢᠷᠭ᠍ᠰᠡᠨ ᠪᠢᠰᠢ ᠠᠭᠤᠷ ᠬᠠᠶᠠᠯᠴᠠᠬᠤ ᠪᠠᠷ ᠢᠷᠡᠭ᠍ᠰᠡᠨ ᠶᠤᠮ ᠪᠠᠢ᠌ᠨ᠎ᠠ ᠭᠡᠵᠤ ᠪᠣᠳᠤᠯ᠎ᠠ᠂ ᠳᠠᠷᠠ ᠪᠠᠭᠰᠢ ᠨᠤᠮ ᠶᠢᠡᠨ ᠵᠠᠯᠠᠭᠠᠭᠠᠤᠨ ᠬᠠᠶᠠᠭᠰᠠᠨ ᠪᠣᠯ ᠴᠢ ᠴᠢᠨᠢ ᠣᠳᠤ ᠪᠦᠷ ᠭᠠᠷ ᠬᠠᠶᠠᠯᠴᠠᠬᠤ ᠳᠤ ᠴᠤ ᠭᠦᠷᠭᠦ ᠶᠤᠮ ᠪᠠᠢ᠌ᠨ᠎ᠠ ᠭᠡᠰᠡᠨ ᠱᠤᠭ ᠤᠨ ᠥᠭᠡ ᠡᠴᠡ ᠦᠪᠡᠷ ᠶᠢᠡᠨ ᠠᠷᠭ᠎ᠠ ᠦᠭᠡᠶ ᠰᠠᠷᠠᠵᠤ ᠮᠡᠳᠡᠭ᠍ᠰᠡᠨ ᠶᠤᠮ᠃ ᠬᠡᠳᠦᠢ᠌ᠪᠡᠷ ᠳᠠᠢ᠌ᠮᠤ ᠪᠣᠯᠪᠠᠴᠤ ᠦᠨᠡᠨ ᠳᠤ ᠪᠠᠨ ᠮᠢᠨᠤ ᠠᠭᠤᠷ ᠳᠣᠢ᠌ᠯᠪᠣᠷᠢᠳᠠᠢ ᠳᠠᠢ᠌ᠤᠠᠬᠤᠷᠠᠭ᠎ᠠ ᠦᠭᠡᠶ᠂ ᠢᠨᠢᠶᠡᠭᠦᠢ᠌ᠴᠡ ᠬᠠᠨᠢᠶᠠᠭᠣᠢ᠌ᠴᠠ ᠪᠠᠷ ᠬᠠᠷᠢᠭᠤᠯᠤᠭᠠᠤᠨ ᠰᠤᠷᠭᠠᠭᠤᠯᠢ ᠳᠤ ᠪᠠᠨ ᠪᠣᠴᠠᠨ ᠢᠷᠡᠮᠡᠭ᠍ᠴᠡ ᠡᠯ᠎ᠡ ᠶᠡᠭᠡ᠂ ᠳᠡᠭᠡᠳᠤ ᠰᠤᠷᠭᠠᠭᠤᠯᠢ ᠶᠢᠨ ᠡᠷᠳᠡᠮ ᠰᠢᠡᠵᠢᠯᠡᠭᠡᠨ ᠤ ᠰᠡᠦᠡᠭᠦᠯ ᠂ ᠮᠤᠩᠭ᠋ᠤᠯ ᠭᠡᠯᠡ ᠪᠢᠴᠢᠭ᠌᠂ ᠮᠤᠩᠭ᠋ᠤᠯ ᠭᠡᠯᠡ ᠣᠤᠠᠬ᠎ᠠ ᠵᠤᠬᠢᠶᠠᠯ ᠂ ᠦᠪᠣᠷ ᠮᠤᠩᠭ᠋ᠤᠯ ᠤᠨ ᠨᠡᠢ᠌ᠭᠡᠮ ᠤᠨ ᠰᠢᠡᠵᠢᠯᠡᠭᠦ ᠣᠬᠠᠭᠠᠨ ᠁ ᠵᠡᠷᠭᠡ ᠭᠠᠷ ᠲᠤ ᠪᠣᠢ ᠡᠷᠳᠡᠮ ᠰᠢᠡᠵᠢᠯᠡᠭᠡᠨ ᠤ ᠰᠡᠦᠡᠭᠦᠯ ᠨᠤᠭᠦᠳ ᠶᠢᠡᠨ ᠳᠠᠭᠢᠨ ᠨᠢᠭᠡ ᠣᠤᠠᠬ᠎ᠡ ᠨᠠᠷᠢᠨ ᠰᠢᠭᠦᠵᠤ ᠦᠵᠡᠪᠠ᠃ ᠡᠴᠦᠰ ᠲᠤ ᠪᠠᠨ ᠳᠤᠬᠠᠢ ᠶᠢᠨ ᠦᠶ᠎ᠡ ᠳᠤ ᠭᠠᠭᠴᠠ ᠭᠦᠭ᠍ᠵᠢᠯᠳᠤ ᠫᠷᠤᠹᠸᠰᠰᠤᠷ ᠤᠨ ᠠᠪᠢᠶ᠎ᠠ ᠵᠦᠢ᠌ ᠶᠢᠨ ᠡᠭᠦᠳᠡᠨ ᠡᠴᠡ ᠰᠤᠳᠤᠯᠤᠭᠰᠠᠨ ᠨᠢᠭᠡ ᠥᠭᠦᠯᠡᠯ ᠰᠢᠨᠡᠭᠡᠨ ᠨᠡᠢ᠌ᠳᠡᠯᠭ᠍ᠳᠡᠭ᠍ᠰᠡᠨ ᠢ ᠣᠯᠵᠤ ᠥᠵᠡᠭᠡᠤᠨ ᠰᠠᠨᠠᠭ᠎ᠠ ᠠᠮᠠᠷᠠᠵᠤ ᠦᠨᠦ ᠥᠭᠦᠯᠡᠯ ᠶᠢᠡᠨ ᠰᠢᠠᠵᠢᠶᠠᠩ ᠤᠨ ᠭᠡᠯᠡ ᠪᠠ ᠣᠷᠴᠢᠭᠤᠯᠭ᠎ᠠ ᠰᠡᠦᠡᠭᠦᠯ ᠳᠤ ᠢᠯᠡᠭᠡᠪᠡ᠃ ᠳᠤᠰ ᠰᠡᠦᠡᠭᠦᠯ ᠨᠢ ᠣᠯᠠᠨ ᠣᠯᠤᠰ ᠲᠤ ᠰᠤᠯᠢᠯᠴᠠᠬᠤ ᠡᠷᠳᠡᠮ ᠰᠢᠯᠵᠢᠯᠡᠭᠡᠨ ᠤ ᠰᠡᠦᠡᠭᠦᠯ᠂ ᠭᠢᠷᠭᠢᠰ ᠭᠡᠯᠡᠨ ᠤ ᠰᠤᠳᠤᠯᠤᠯ ᠨᠢ ᠨᠠᠯᠢᠶᠠᠤᠨ ᠣᠯᠠᠨ ᠣᠯᠤᠰ ᠲᠤ ᠰᠢᠨ᠎ᠡ ᠪᠠᠷ ᠭᠦᠡᠳᠦᠦᠡᠭᠡᠨ ᠰᠤᠳᠤᠯᠤᠭᠳᠡᠵᠤ ᠪᠠᠢ᠌ᠭ᠎ᠠ ᠰᠠᠳᠤᠪ᠂ ᠰᠢᠠᠵᠢᠶᠠᠩ ᠪᠣᠯ ᠣᠳᠤᠬᠠᠨ ᠤ ᠭᠢᠷᠭᠢᠰᠴᠤᠳ ᠤᠨ ᠲᠦᠪᠯᠡᠷᠠᠨ ᠰᠠᠭᠤᠵᠤ ᠪᠠᠢ᠌ᠭ᠎ᠠ ᠭᠤᠷᠪᠠᠨ ᠴᠢᠬᠤᠯᠠ ᠭᠠᠵᠠᠷ ᠣᠷᠤᠨ ᠤ ᠨᠢᠭᠡ ᠪᠣᠯᠬᠤ ᠳᠤᠯᠠ ᠮᠢᠨᠤ ᠡᠭᠡ ᠪᠢᠴᠢᠭ᠌ ᠭᠡᠷᠡᠭᠯᠡᠭ᠍ᠳᠡᠵᠤ ᠮᠠᠳᠠᠨ᠎ᠡ ᠭᠡᠵᠤ ᠪᠣᠳᠤᠪᠠ᠃ ᠥᠨᠡᠭᠡᠷ ᠰᠢᠭᠤᠳ ᠭᠡᠷᠡᠭᠯᠡᠭ᠍ᠳᠡᠭ᠍ᠰᠡᠨ ᠪᠠᠢ᠌ᠨ᠎ᠠ᠃

ᠪᠢ ᠳᠠᠷᠠ ᠪᠠᠭᠰᠢ ᠶᠢᠨ ᠶᠢᠡᠨ ᠠᠯᠳᠠᠷ ᠨᠠᠷ᠎ᠠ ᠶᠢ ᠴᠡᠭᠡᠵᠢᠯᠡᠭ᠍ᠰᠡᠨ ᠦᠭᠡᠶ᠂ ᠳᠠᠭᠢᠵᠤ ᠣᠴᠠᠷᠠᠭᠰᠠᠨ ᠦᠭᠡᠶ᠃ ᠭᠡᠪᠠᠴᠤ ᠳᠠᠷᠠ ᠪᠠᠭᠰᠢ ᠶᠢᠨ ᠨᠠᠮ᠎ᠠ ᠳᠤ ᠳᠠᠮ ᠶᠢᠡᠷ ᠮᠡᠳᠡᠭᠦᠯᠦᠭ᠍ᠰᠡᠨ ᠶᠤᠰᠤ ᠣᠴᠢᠷ ᠨᠢ ᠮᠢᠨᠤ ᠶᠡᠭᠡ ᠰᠤᠷᠭᠠᠭᠤᠯᠢ ᠶᠢᠨ ᠭᠢᠴᠢᠶᠠᠯ ᠤᠨ ᠪᠢᠴᠢᠭ᠌ ᠤᠨ ᠥᠪᠠᠷᠳᠡᠭᠡᠨ ᠰᠤᠷᠴᠤ ᠰᠢᠯᠭᠠᠭᠤᠯᠤᠭᠰᠠᠨ ᠪᠦᠭᠦᠢ᠌ᠯᠡ ᠮᠡᠳᠡᠯᠭᠡ ᠶᠢᠨ ᠨᠠᠢ᠌ᠯᠠᠪᠣᠷᠢ ᠡᠴᠡ ᠴᠤ ᠬᠤᠯᠠ ᠦᠨ᠎ᠡ ᠴᠠᠨ᠎ᠡ ᠲᠡᠶ ᠪᠣᠯᠤᠭᠰᠠᠨ ᠶᠤᠮ᠃

ᠳᠠᠷᠤᠢ ᠳᠠᠷᠠ ᠡᠳᠦᠷ᠂ ᠳᠠᠷᠠ ᠪᠠᠭᠰᠢ ᠡᠴᠡ ᠪᠠᠨ ᠪᠢ᠂ ᠪᠠᠭᠰᠢ ᠭᠦᠮᠤᠨ ᠰᠤᠷᠤᠭᠴᠢ ᠪᠠᠨ ᠪᠠᠰᠤᠮᠵᠢᠯᠠᠭᠰᠠᠨ᠂ ᠭᠢᠷᠢᠴᠢᠯᠡᠭ᠍ᠰᠡᠨ ᠬᠠᠷᠠᠴᠠ ᠪᠠᠷ ᠬᠠᠷᠠᠵᠤ ᠪᠠᠢ᠌ᠭᠠᠤᠨ ᠰᠤᠷᠤᠭᠴᠢ ᠪᠠᠨ ᠪᠠᠰᠤᠮᠵᠢᠯᠠᠭᠰᠠᠨ ᠭᠢᠷᠢᠴᠢᠯᠡᠭ᠍ᠰᠡᠨ ᠥᠭᠡ ᠪᠠᠷ ᠦᠪᠡᠷ ᠤᠨ ᠶᠢᠡᠨ ᠪᠠᠭᠰᠢ ᠭᠡᠳᠡᠭ᠌ ᠶᠢᠡᠨ ᠳᠤᠪᠣᠢ᠌ᠯᠭᠠᠬᠤ ᠨᠢ ᠰᠤᠷᠤᠭᠴᠢ ᠪᠣᠯᠤᠭᠰᠠᠨ ᠭᠦᠮᠤᠨ ᠳᠤ ᠭᠡᠴᠢᠨᠡᠭᠡᠨ ᠭᠦᠨ ᠰᠠᠭᠤᠭᠳᠠᠯ ᠥᠯᠡᠳᠡᠭᠡᠳᠡᠭ᠌ ᠭᠡᠰᠡᠨ ᠢ ᠪᠠᠶᠠᠳᠠᠨ ᠣᠢ᠌ᠯᠠᠭᠠᠵᠤ ᠣᠬᠠᠭᠠᠷᠠᠭᠰᠠᠨ ᠶᠤᠮ᠃


ᠵᠤᠬᠢᠶᠠᠭᠴᠢ ᠶᠢᠨ ᠬᠠᠶ‍ᠢᠭ᠄ ᠣᠯᠠᠭᠠᠠᠬᠠᠳᠠ᠂ ᠣᠩᠨᠢᠭᠤᠳ

ᠵᠤᠬᠢᠶᠠᠭᠴᠢ᠄ ᠬᠦᠬᠡᠪᠢᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠨᠠᠢᠷᠠᠭᠤᠯᠤᠯ
ᠳᠠᠷᠤᠮ᠄ 6173
ᠴᠠᠭ᠄ 2010 ᠤᠨ ᠤ 01 ᠰᠠᠷ᠎ᠠ ᠶᠢᠨ 04
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ