☆ ᠳ᠋·ᠲᠦᠮᠡᠠᠰᠠᠩ
ᠬᠤᠯᠠᠩ ᠤᠨ ᠣᠳᠤᠭ᠎ᠠ ᠬᠤᠳᠠ ᠪᠠᠨ ᠡᠷᠭᠢᠨ᠎ᠡ
ᠠᠰᠠᠷ ᠡᠴᠡ ᠬᠠᠪᠢ ᠦᠭᠡᠶ ᠦᠨᠳᠦᠷ ᠱᠠᠯᠳᠠᠩ ᠬᠤᠯᠠᠩ ᠰᠡᠭᠦᠢᠨ᠎ᠡ
ᠠᠭᠠᠷ ᠵᠥᠭ᠌ ᠡᠳᠦᠷᠵᠢᠨ ᠪᠦᠭᠡᠮ ᠬᠠᠷ᠎ᠠ ᠣᠳᠤᠭ᠎ᠠ ᠪᠠᠭᠠᠭᠢᠭᠤᠯᠤᠨᠠ
ᠳᠡᠷᠳᠡᠭᠡᠭᠢ ᠠᠭᠤᠯᠠᠨ ᠤ ᠪᠠᠷ᠎ᠠ ᠨᠢ ᠰᠥᠦᠳᠡᠭᠡᠷ
ᠳᠡᠭᠡᠭ᠍ᠰᠢᠯᠡᠭᠦ ᠨᠠᠷᠠᠨ ᠤ ᠵᠢᠰᠤ ᠨᠢ ᠪᠦᠦᠳᠡᠭᠡᠷ
ᠦᠨᠳᠦᠷ ᠦᠨᠳᠦᠷ ᠶᠢᠡᠨ ᠮᠦᠷᠣᠢ᠌ᠴᠠᠵᠤ ᠠᠰᠠᠷ ᠤᠨ ᠰᠢᠭᠤᠢ ᠳᠡᠭᠡᠭ᠍ᠰᠢ ᠪᠣᠰᠤᠨ᠎ᠠ
ᠡᠭᠦᠳᠡ ᠡᠭᠦᠳᠡ ᠪᠠᠷ ᠰᠢᠷᠭᠤᠵᠤ ᠠᠶᠤᠯ ᠤᠨ ᠣᠳᠤᠭ᠎ᠠ ᠳᠤᠭᠤᠭᠰᠢ ᠳᠤᠨᠤᠨ᠎ᠠ
ᠮᠠᠭᠤᠳᠠᠳᠠᠯᠠ ᠠᠶᠠᠯᠠᠭᠰᠠᠨ ᠬᠠᠯᠳᠠᠷ ᠨᠠᠷᠠᠨ ᠠᠭᠤᠯᠠ ᠶᠢᠨ ᠴᠠᠭᠠᠨ᠎ᠠ ᠰᠢᠩᠭᠡᠨ᠎ᠡ
ᠮᠠᠭᠤ ᠰᠠᠨᠠᠭ᠎ᠠ ᠪᠠᠶ᠎ᠠ ᠶᠢ ᠣᠷᠢᠶᠠᠬᠤ ᠰᠢᠭ ᠣᠳᠤᠭ᠎ᠠ ᠡᠰᠡ ᠰᠢᠩᠭᠡᠨ᠎ᠡ
ᠬᠤᠯᠠᠩ ᠤᠨ ᠣᠳᠤᠭ᠎ᠠ ᠬᠤᠯᠠ ᠶᠠᠪᠣᠬᠤ ᠦᠭᠡᠶ
ᠬᠤᠳᠠ ᠪᠠᠨ ᠡᠷᠭᠢᠨ᠎ᠡ᠂ ᠡᠷᠭᠢᠨ ᠡᠷᠭᠢᠨ᠎ᠡ
ᠬᠤᠭ ᠨᠤᠪᠰᠢ ᠳᠤ ᠪᠠᠨ ᠡᠭᠦᠷᠳᠦᠭ᠍ᠰᠡᠭᠡᠷ ᠭᠦᠮᠦᠰ
ᠬᠤᠷᠸ᠎ᠠ ᠳᠤ ᠡᠷᠭᠢᠨ᠎ᠡ᠂ ᠡᠷᠭᠢᠨ ᠡᠷᠭᠢᠨ᠎ᠡ
2009.8.14
ᠵᠤᠬᠢᠶᠠᠭᠴᠢ᠄ ᠳ᠋·ᠲᠦᠮᠡᠠᠰᠠᠩ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2638
ᠴᠠᠭ᠄ 2009 ᠤᠨ ᠤ 08 ᠰᠠᠷ᠎ᠠ ᠶᠢᠨ 19
ᠨᠠᠢ᠌ᠷᠠᠭᠤᠯᠤᠭᠴᠢ᠄ ᠪᠦᠬᠡᠡᠷᠳᠡᠨᠢ