ᠨᠡᠪᠲᠡᠷᠡᠨ ᠤᠷᠤᠬᠤ
ᠭᠦᠰᠡᠯ ᠳᠦᠭᠦᠷᠦᠭ᠍ᠰᠡᠨ ᠵᠡᠭᠦᠳᠤ

ᠣᠭᠳᠠᠷᠭᠤᠢ ᠶᠢᠨ ᠰᠠᠷᠠᠨ ᠭᠡᠪ ᠲᠡᠭᠡᠨ ᠮᠡᠯᠳᠡᠢ᠌ᠭ᠍ᠰᠡᠨ ᠴᠤ ᠭᠡᠷᠡᠯ ᠭᠡᠭᠡ ᠨᠢ ᠰᠡᠳᠭᠢᠯ ᠳᠤ ᠳᠤᠰᠬᠤ ᠦᠭᠡᠶ᠃ ᠴᠢ ᠮᠢᠨᠢ ᠠᠯᠢᠪᠠ ᠭᠡᠷᠡᠯ ᠭᠡᠭᠡ ᠶᠢ ᠠᠪᠣᠭᠠᠤᠨ ᠶᠠᠪᠣᠴᠢᠬᠠᠯ᠎ᠠ᠃

ᠠᠮᠤᠭᠤᠯᠠᠩ ᠨᠠᠭᠤᠷ ᠤᠨ ᠶᠢᠡᠨ ᠴᠡᠭᠡᠯ ᠳᠤ ᠣᠷᠠᠨ ᠬᠠᠵᠢᠨ ᠰᠢᠭ ᠢᠨᠠᠭᠰᠢᠨ ᠳᠠᠰᠤᠯᠴᠠᠭᠰᠠᠨ ᠴᠢᠮ᠎ᠠ ᠡᠴᠡ ᠪᠠᠨ ᠦᠨᠡᠩᠬᠦ ᠬᠠᠭᠠᠴᠠᠨ ᠰᠠᠯᠤᠨ᠎ᠠ ᠭᠡᠭᠦ ᠪᠠᠷ ᠪᠢ ᠶᠠᠭ ᠯᠠ ᠭᠡᠭᠡᠨ ᠡᠳᠦᠷ ᠶᠢᠡᠷ ᠬᠠᠷ᠎ᠠ ᠳᠠᠷᠤᠭᠠᠤᠨ ᠰᠡᠷᠡᠭ᠍ᠰᠡᠨ ᠰᠢᠭ᠌᠃ ᠠᠷᠪᠠᠨ ᠳᠤᠯᠤᠭᠠᠨ ᠵᠢᠯ᠂ ᠠᠮᠢᠳᠤᠷᠠᠯ ᠤᠨ ᠣᠷᠳᠤ ᠠᠶᠠᠨ ᠳᠤ ᠡᠷᠭᠢᠵᠤ ᠪᠣᠴᠠᠰᠢ ᠦᠭᠡᠶ ᠰᠠᠢ᠌ᠬᠠᠨ ᠨᠠᠰᠤ ᠶᠢ ᠭᠠᠠᠵᠤᠭᠠᠯᠠᠭᠰᠠᠨ ᠠᠷᠪᠠᠨ ᠳᠤᠯᠤᠭᠠᠨ ᠵᠢᠯ ᠢ ᠪᠢᠳᠠ ᠬᠠᠮᠳᠤ ᠳᠠᠭᠠᠨ ᠳᠤᠭᠤᠯᠤᠭᠰᠠᠨ ᠰᠢᠤ ᠳ᠋ᠠ᠃ ᠭᠡᠳᠡᠯ᠎ᠡ ᠦᠨᠦᠳᠤᠷ ᠴᠢ ᠮᠢᠨᠢ ᠡᠷᠭᠢᠵᠤ ᠪᠣᠴᠠᠰᠢ ᠦᠭᠡᠶ ᠪᠠᠷ ᠰᠠᠯᠤᠭᠠᠤᠨ ᠶᠠᠪᠣᠴᠢᠬᠠᠯ᠎ᠠ᠂ ᠊ᠭ᠍‍ᠬᠢᠷᠳᠦᠵᠤ ᠭᠡᠨᠡᠳᠡᠭᠡ ᠦᠭᠡᠶ ᠪᠦᠰᠡᠭᠦᠢ ᠬᠠᠢ᠌ᠷ᠎ᠠ ᠪᠠ ᠭᠦᠯ ᠳᠤ ᠣᠷᠤᠭ᠎ᠠ ᠦᠭᠡᠶ ᠭᠦᠭᠡᠷᠦᠭᠦᠨ ᠭᠡᠦᠭᠡᠨ ᠶᠢᠡᠨ ᠥᠨᠦᠴᠢᠷᠡᠭᠦᠯᠤᠨ ᠬᠤᠴᠤᠷᠭᠠᠭᠠᠤᠨ ᠨᠥᠭᠦᠭᠡ ᠪᠦᠰᠡᠭᠦᠢ ᠶᠢᠨ ᠥᠭᠡᠳᠡ ᠶᠠᠪᠣᠴᠢᠬᠠᠯ᠎ᠠ᠃ ᠭᠦᠮᠤᠨ ᠤ ᠶ‍ᠢᠷᠳᠢᠠᠴᠤ ᠶᠢᠨ ᠳᠤᠷᠭᠤᠨ ᠵᠠᠶᠠᠭ᠎ᠠ ᠭᠡᠵᠤ ᠡᠨᠡ ᠦᠦ︖ ᠡᠰᠡᠭᠦᠯ᠎ᠡ ᠠᠮᠢᠳᠤ ᠶᠢᠨ ᠳᠠᠮᠤ ᠭᠡᠵᠤ ᠡᠨᠡ ᠦᠦ︖ ᠠᠮᠢᠳᠤᠷᠠᠯ ᠳᠤ ᠪᠠᠨ ᠪᠣᠤ ᠯᠠ ᠴᠠᠯᠠᠭᠠᠢ᠌ᠳᠠᠶ᠎ᠠ ᠭᠡᠵᠤ ᠵᠢᠦᠡᠭᠦᠭᠦ ᠶᠢ ᠮᠡᠳᠡᠭ᠍ᠰᠡᠨ ᠡᠴᠡ ᠪᠢᠰᠢ ᠴᠢᠮ᠎ᠠ ᠡᠴᠡ ᠪᠠᠨ ᠢᠩᠭᠢᠵᠤ ᠭᠦᠡᠳᠡᠢ᠌ᠷᠡᠨ᠎ᠡ ᠭᠡᠵᠤ ᠳᠠᠩᠴᠤ ᠪᠣᠳᠤᠭ᠎ᠠ ᠦᠭᠡᠶ ᠭᠡᠨᠡᠨ ᠶᠡᠪᠦᠵᠤ ᠳ᠋ᠠ ᠪᠢ᠃ ᠨᠠᠳᠠᠳᠤ ᠦᠨᠦᠳᠤᠷ ᠨᠥᠭᠦᠭᠡ ᠪᠦᠰᠡᠭᠦᠢ ᠶᠢ ᠪᠣᠷᠤᠭᠤᠤᠠᠬᠠᠬᠤ ᠡᠷᠭᠡ ᠦᠭᠡᠶ᠃ ᠬᠠᠷᠢᠨ ᠴᠠᠭᠠᠳᠤ ᠪᠦᠰᠡᠭᠦᠢ ᠶᠢᠨ ᠡᠪᠦᠷ ᠪᠦᠯᠢᠶᠡᠯᠡᠭ᠍ᠰᠡᠨ ᠴᠢᠨᠤᠭᠢ ᠪᠠᠨ ᠨᠠᠷ᠎ᠠ ᠪᠠᠷ ᠲᠦᠮᠡ ᠮᠢᠩᠭ᠋ᠠᠠᠳᠠ ᠬᠠᠰᠭᠢᠷᠴᠤ ᠯᠠ ᠪᠠᠢ᠌ᠭ᠎ᠠ ᠳᠤ ᠪᠠᠨ ᠭᠤᠠᠳᠠᠨ᠎ᠠ᠃ ᠴᠢᠮ᠎ᠠ ᠪᠠᠨ ᠭᠡᠰᠡᠨ ᠪᠦᠰᠡᠭᠦᠢ ᠬᠠᠢ᠌ᠷ᠎ᠠ ᠶᠢᠨ ᠣᠶᠠᠬᠠᠨ ᠠᠮᠢᠰᠬᠤᠭ᠎ᠠ ᠮᠢᠨᠢ ᠳᠠᠰᠤᠷᠠᠵᠤ ᠦᠭ‍ᠭᠦ ᠦᠭᠡᠶ ᠨᠢ ᠡ᠃ ᠣᠳᠤ ᠪᠢ ᠵᠥᠪᠭᠡᠨ ᠦᠴᠦᠭᠡᠳᠦᠷ ᠶᠢᠡᠷ ᠶᠢᠡᠨ ᠦᠨᠦᠳᠤᠷ ᠶᠢᠡᠨ ᠠᠷᠭᠠᠳᠠᠨ ᠥᠩᠭᠡᠷᠡᠭᠦᠯᠭᠦ ᠨᠢ ᠭᠡᠵᠢ ᠦᠦ︖

ᠨᠠᠮᠤᠷ ᠤᠨ ᠭᠦᠨ ᠣᠭᠳᠠᠷᠭᠤᠢ ᠳᠤ ᠭᠦᠪᠪᠦᠨ ᠨᠡᠭᠦᠭᠦ ᠡᠭᠦᠯᠡᠰ ᠰᠢᠭ᠌ ᠭᠦᠮᠤᠨ ᠤ ᠠᠮᠢᠳᠤᠷᠠᠯ ᠤᠨ ᠣᠷᠪᠠᠭᠠᠨ ᠭᠦᠷᠪᠠᠭᠡᠨ ᠢ ᠴᠢᠮ᠎ᠠ ᠲᠡᠶ ᠪᠠᠨ ᠬᠠᠮᠳᠤ ᠳᠤᠭᠤᠯᠤᠨ᠎ᠠ ᠭᠡᠵᠤ ᠳᠠᠪᠳᠠᠷᠢᠵᠤ ᠶᠠᠪᠣᠭᠰᠠᠨ ᠵᠠᠯᠠᠭᠤ ᠬᠠᠯᠠᠭᠤᠨ ᠨᠠᠰᠤ ᠬᠤᠷᠳᠤᠬᠠᠨ ᠥᠩᠭᠡᠷᠡᠵᠡᠢ᠃ ᠦᠨᠳᠦᠷ ᠭᠤᠸᠠᠯᠢᠭ ᠨᠢᠷᠤᠭᠤ ᠶᠢ ᠴᠢᠨᠢ ᠭᠡᠵᠤ ᠪᠢ ᠴᠢᠮ᠎ᠠ ᠳᠠᠭᠠᠨ ᠳᠠᠮᠠᠤᠯᠤᠨ᠂ ᠳᠦᠷᠯᠡᠭᠡᠷ ᠬᠠᠷ᠎ᠠ ᠨᠢᠳᠤ ᠶᠢ ᠴᠢᠨᠢ ᠭᠡᠵᠤ ᠴᠢ ᠨᠠᠳᠠ ᠳᠤ ᠪᠠᠨ ᠵᠢᠦᠡᠭᠦᠵᠤ ᠶᠠᠪᠣᠭᠰᠠᠨ ᠬᠤᠷᠢᠨ ᠨᠠᠰᠤ ᠮᠢᠨᠢ ᠬᠤᠷᠳᠤᠨ ᠰᠠᠯᠭᠢᠨ᠎ᠠ ᠵᠠᠮᠬᠠᠷᠠᠭᠰᠠᠨ ᠡᠭᠦᠯᠡᠰ ᠰᠢᠭ᠌ ᠰᠠᠷᠨᠢᠨ ᠬᠤᠯᠠᠳᠠᠭᠰᠠᠨ ᠴᠤ ᠰᠠᠨᠠᠯ ᠬᠠᠢ᠌ᠷ᠎ᠠ ᠶᠢᠨ ᠦᠷᠳᠦᠯᠡᠭᠡᠰᠤ ᠪᠣᠯᠤᠭᠰᠠᠨ ᠴᠢᠰᠤ ᠮᠢᠬᠠᠨ ᠤ ᠭᠡᠯᠳᠡᠷᠭᠡᠢ ᠭᠦᠭᠡᠷᠦᠭᠦᠨ ᠭᠡᠦᠭᠡᠨ ᠮᠢᠨᠢ ᠵᠤᠯᠭᠠᠷᠠᠰᠢ ᠦᠭᠡᠶ ᠴᠡᠴᠡᠭ᠌ ᠪᠣᠯᠵᠤ ᠪᠢᠳᠠ ᠬᠤᠶᠠᠷ ᠤᠨ ᠠᠮᠢᠳᠤᠷᠠᠯ ᠳᠤ ᠮᠥᠩᠭᠡ ᠳᠡᠯᠭᠡᠷᠡᠭᠦ ᠳᠤ ᠬᠤᠶᠠᠭᠤᠯᠠ ᠪᠠᠨ ᠨᠠᠷᠠ ᠰᠠᠷᠠ ᠶᠢ ᠮᠦᠰᠢᠶᠠᠳᠠᠯ᠎ᠠ ᠵᠢᠷᠭᠠᠵᠤ ᠪᠠᠢ᠌ᠯ᠎ᠠ᠃ ᠡᠳᠡᠭᠡᠷ ᠡᠳᠦᠷ ᠤᠳ ᠲᠤ ᠰᠡᠳᠭᠢᠯ ᠳᠤ ᠳᠤᠨᠤᠷᠠᠳᠠᠯ᠎ᠠ ᠪᠠᠭᠤᠬᠤ ᠰᠠᠢ᠌ᠬᠠᠨ ᠡᠷ᠎ᠡ ᠶᠢᠨ ᠬᠠᠢ᠌ᠷ᠎ᠠ ᠳᠤ ᠲᠦᠰᠢᠵᠤ ᠡᠨᠡ ᠨᠠᠰᠤ ᠪᠠᠨ ᠡᠯᠡᠭᠡᠨ᠎ᠡ ᠳ᠋ᠠ ᠭᠡᠵᠤ ᠰᠠᠨᠠᠭ᠎ᠠ ᠥᠶ‍ᠦᠭ᠌ ᠶᠠᠪᠣᠭᠰᠠᠨ ᠡᠴᠡ ᠪᠢᠰᠢ ᠰᠠᠷ᠎ᠠ ᠬᠤᠨᠤᠭ ᠤᠨ ᠵᠠᠢ ᠳᠤ ᠰᠠᠭᠠᠤᠨ ᠪᠠᠷᠭᠡ ᠠᠷᠤ ᠡᠴᠡ ᠮᠢᠨᠢ ᠰᠡᠭᠦᠳᠡᠷ ᠰᠢᠭ᠌ ᠮᠢᠷᠢᠶᠠᠨ ᠭᠡᠳᠡᠨ᠎ᠡ ᠭᠡᠳᠡᠭ᠌ ᠢ ᠳᠠᠩᠴᠤ ᠰᠡᠵᠢᠭᠯᠡᠭᠡ ᠦᠭᠡᠶ ᠶᠠᠪᠣᠯ᠎ᠠ ᠰᠢᠤ ᠪᠢ ᠴᠢᠨᠢ᠃ ᠠᠮᠢᠳᠤᠷᠠᠯ ᠤᠨ ᠦᠨᠳᠦᠷ ᠳᠠᠪᠠᠭᠠᠨ ᠳᠤ ᠭᠦᠯ ᠠᠯᠳᠠᠨ ᠬᠠᠵᠠᠭᠠᠢ ᠭᠢᠰᠭᠢᠵᠤ᠂ ᠪᠣᠰᠤᠳ ᠪᠦᠰᠡᠭᠦᠢ ᠳᠤ ᠳᠤᠷᠠᠯᠠᠵᠤ ᠭᠤᠷᠢᠯᠠᠵᠤ ᠪᠠᠰᠠ ᠭᠠᠢ᠌ᠳᠠᠵᠤ ᠶᠠᠪᠣᠭᠰᠠᠨ ᠴᠢᠨᠤᠭᠢ ᠪᠠᠨ ᠭᠡᠮ ᠠᠯᠳᠠᠭ᠎ᠠ ᠶᠢ ᠡᠷ᠎ᠡ ᠭᠦᠮᠤᠨ ᠤ ᠭᠡᠨᠡᠨ ᠠᠷᠠᠠᠰᠢᠨ ᠳᠤ ᠳᠤᠭᠠᠴᠠᠯᠠᠵᠤ ᠬᠠᠷᠢᠨ ᠴᠠᠭᠠᠳᠤ ᠪᠦᠰᠡᠭᠦᠢ ᠶᠢ ᠬᠤᠷᠤᠨ ᠰᠠᠨᠠᠭᠠᠳᠠᠨ᠂ ᠬᠤᠮᠤᠬᠠᠢ ᠪᠣᠳᠤᠯᠭᠠᠳᠠᠨ ᠴᠢᠨᠠᠭᠰᠢᠯᠠᠪᠠᠯ ᠰᠠᠳᠤᠷ ᠵᠠᠳᠠᠭᠠᠢ ᠭᠡᠮᠡᠨ ᠬᠠᠷᠠᠳᠠᠨ ᠵᠥᠭᠡᠵᠤ ᠴᠤ ᠥᠵᠡᠭ᠍ᠰᠡᠨ ᠮᠢᠨᠢ ᠴᠢᠮ᠎ᠠ ᠳᠠᠭᠠᠨ ᠭᠡᠳᠤ ᠠᠮᠠᠷᠠᠭ ᠤᠨ ᠴᠠᠯᠠᠭᠠᠢ᠌ᠳᠠᠯ ᠪᠠᠢ᠌ᠪᠠ᠃ ᠣᠳᠤ 《ᠭᠦᠮᠤᠨ ᠤ ᠰᠠᠨᠠᠭ᠎ᠠ ᠵᠤᠨ ᠤ ᠢᠯᠠᠭ᠎ᠠ》 ᠭᠡᠳᠡᠭ᠌ ᠨᠢᠳᠤᠨ ᠡᠮᠤᠨ᠎ᠡ ᠪᠣᠯᠵᠤ ᠳ᠋ᠠ᠃ ᠪᠠᠶ᠎ᠠ ᠪᠠᠶ᠎ᠠ ᠶᠢᠨ ᠶᠢᠡᠨ ᠣᠰᠤᠯ ᠠᠯᠳᠠᠭ᠎ᠠ ᠶᠢ ᠠᠭᠤᠴᠢᠯᠠᠨ ᠪᠠᠭᠳᠠᠭᠠᠵᠤ ᠶᠠᠪᠣᠬᠤ ᠶᠢᠨ ᠳᠠᠮᠢᠷ ᠭᠦᠴᠤᠨ ᠨᠢᠮᠭᠡᠨ ᠳᠤ ᠴᠢᠨᠢ ᠰᠡᠳᠭᠢᠯ ᠵᠢᠭᠠᠬᠠᠨ ᠳᠤᠠᠳᠠᠭᠤᠷᠢ ᠪᠠᠢ᠌ᠭᠰᠠᠨ ᠴᠤ ᠡᠨᠡ ᠯᠠ ᠭᠦᠮᠤᠨ ᠡᠩᠭᠡᠷ ᠤᠨ ᠳᠤᠪᠴᠢ ᠶᠢ ᠵᠠᠳᠠᠭᠠᠢ᠌ᠯᠠᠵᠤ᠂ ᠡᠷᠭᠢᠮ ᠬᠠᠢ᠌ᠷ᠎ᠠ ᠶᠢ ᠭᠦᠡᠳᠡᠨ᠂ ᠡᠩᠭᠦᠷᠡᠢ᠌ᠯᠡᠵᠤ ᠨᠠᠮ᠎ᠠ ᠶᠢ ᠡᠭᠡᠨᠡᠷ ᠶᠢᠡᠨ ᠪᠣᠯᠭᠠᠵᠤ ᠳ᠋ᠠ ᠭᠡᠭᠦ ᠡᠮᠵᠡᠭ᠌ ᠮᠠᠳᠠᠷᠠᠯ ᠶᠢᠡᠨ ᠪᠢ ᠬᠠᠶᠠᠵᠤ ᠳᠦᠪᠳᠡᠭᠦ ᠦᠭᠡᠶ᠃ 《ᠥᠡᠳᠡᠭᠡᠨ ᠡᠴᠡ ᠥ ᠡᠷᠢᠵᠤ ᠥᠭᠡᠭᠦᠨ ᠡᠴᠡ ᠰᠢᠷᠪᠣᠰᠤ ᠡᠷᠢᠨ᠎ᠡ》 ᠭᠡᠵᠤ ᠴᠢᠮ᠎ᠠ ᠶᠢ ᠭᠡᠯᠡᠵᠤ ᠳ᠋ᠠ᠃ ᠠᠪᠣ ᠡᠵᠢ ᠶᠢᠨ ᠶᠢᠡᠨ ᠬᠠᠢ᠌ᠷ᠎ᠠ ᠰᠤᠷᠭᠠᠯ ᠳᠤ ᠬᠤᠮᠢᠭᠤᠷᠢᠳᠠᠢ᠌ᠬᠠᠨ ᠦᠰᠴᠦ ᠳᠤᠷᠨᠢᠭᠰᠠᠨ ᠮᠢᠨᠤᠭᠢ ᠪᠠᠨ ᠠᠰᠪᠣᠷᠢ ᠰᠢᠯᠤᠭᠤᠨ᠂ ᠰᠢᠭᠤᠳ ᠰᠢᠭᠤᠮᠠᠭᠠᠢ ᠶᠢ ᠴᠢ ᠬᠠᠭᠢᠷ ᠭᠡᠴᠡᠭᠦᠤ ᠳᠤ ᠬᠠᠷᠠᠳᠠᠨ ᠪᠣᠳᠤᠵᠤ᠂ ᠭᠦᠮᠤᠨ ᠤ ᠪᠦᠰᠡᠭᠦᠢ ᠶᠢ ᠳᠠᠭᠠᠰᠢᠶᠠᠨ ᠪᠣᠯᠭᠤᠭᠠᠵᠤ ᠶᠠᠪᠣᠬᠤ ᠶᠢ ᠴᠢᠨᠢ ᠣᠢ᠌ᠯᠠᠭᠠᠬᠤ ᠳᠤ ᠥᠨᠡᠭᠡᠷ ᠭᠡᠴᠡᠭᠦᠤ᠃ 《ᠬᠠᠨᠠᠳᠤ ᠭᠡᠷ ᠤᠨ ᠮᠢᠨᠢ ᠬᠠᠭᠠᠨ ᠨᠢ ᠶᠤᠮ᠂ ᠪᠣᠷᠤ ᠭᠡᠷ ᠤᠨ ᠮᠢᠨᠢ ᠪᠣᠭᠳᠠ ᠨᠢ ᠶᠤᠮ》 ᠭᠡᠵᠤ ᠭᠠᠭᠴᠠ ᠰᠥᠵᠢᠭ᠌ ᠶᠢᠡᠷ ᠡᠷ᠎ᠡ ᠭᠦᠮᠤᠨ ᠤ ᠭᠡᠢ᠌ᠮᠦᠷᠢ ᠰᠦᠯᠳᠡᠨ ᠳᠤ ᠴᠢᠨᠢ ᠰᠥᠰᠦᠭᠯᠡᠵᠤ ᠶᠠᠪᠣᠭᠰᠠᠨ ᠪᠦᠰᠡᠭᠦᠢ ᠪᠠᠨ ᠡᠩᠭᠡᠷ ᠬᠤᠷᠮᠤᠢ ᠳᠠᠪᠳᠤᠳᠠᠯ᠎ᠠ ᠨᠢᠯᠪᠣᠰᠤᠷᠠᠭᠤᠯᠤᠨ ᠡᠵᠡᠭᠦᠢᠷᠡᠭᠦᠯᠭᠦ ᠣᠢ᠌ᠯᠠ ᠶᠢ ᠴᠢᠮ᠎ᠠ ᠰᠢᠭ ᠭᠦᠮᠤᠨ ᠯᠠ ᠥᠢᠯᠤᠨᠳᠡᠭ᠌ ᠢ ᠢᠳᠡᠭᠡᠯ᠎ᠡ᠃ 《ᠭᠡᠦᠭᠡᠨ ᠮᠢᠨᠢ᠂ ᠭᠦᠤ ᠳᠤ ᠬᠠᠨᠢ ᠪᠣᠯᠵᠤ ᠶᠠᠪᠣ ᠳ᠋ᠠ︕》 ᠭᠡᠵᠤ ᠡᠴᠦᠰ ᠤᠨ ᠠᠮᠢᠰᠬᠤᠭ᠎ᠠ ᠪᠠᠨ ᠰᠢᠪᠬᠠᠨ ᠳᠤᠳᠤᠬᠠᠨ ᠭᠡᠯᠡᠭ᠍ᠰᠡᠨ ᠪᠣᠷᠬᠠᠨ ᠡᠵᠢ ᠶᠢᠨ ᠴᠢᠨᠢ ᠨᠢᠳᠤ ᠳᠤᠩᠭ᠋ᠠᠯᠠᠭ ᠪᠠᠢ᠌ᠪᠠ᠃ ᠦᠪᠡᠷ ᠤᠨ ᠭᠦᠤ ᠪᠠᠨ ᠦᠷᠦᠭᠡᠯ ᠤᠨ ᠭᠡᠦᠭᠡᠨ ᠳᠤ ᠳᠤᠰᠢᠶᠠᠵᠤ ᠶᠠᠪᠣᠭᠰᠠᠨ ᠡᠵᠢ ᠶᠢᠨ ᠰᠡᠳᠭᠢᠯ ᠠᠮᠢᠳᠤ ᠳᠤ ᠪᠠᠨ ᠵᠦᠳᠠᠵᠤ ᠳ᠋ᠠ︕ ᠭᠦᠭᠡᠷᠦᠭᠦᠢ᠃ ᠠᠷᠢᠭᠤᠨ ᠣᠭᠤᠷᠠᠭ ᠶᠢᠡᠨ ᠰᠢᠮᠡᠭᠦᠯᠤᠨ ᠠᠮᠢᠨ ᠬᠠᠢ᠌ᠷ᠎ᠠ ᠪᠠᠨ ᠶᠡᠭᠦᠯᠡᠭ᠍ᠰᠡᠨ ᠡᠵᠢ ᠶᠢᠨ ᠶᠢᠡᠨ ᠶᠠᠰᠤ ᠶᠢ ᠥᠡᠳᠡᠯᠵᠡᠭᠦᠯᠭᠦ ᠨᠢ ᠦᠦ︖ ᠴᠢ ᠮᠢᠨᠢ ᠳ᠋ᠠ᠃ ᠬᠠᠷᠢᠶ᠎ᠠ᠂ ᠬᠠᠷᠢᠶ᠎ᠠ ᠭᠡᠭ᠍ᠰᠡᠭᠡᠷ ᠪᠣᠴᠠᠵᠤ ᠠᠯᠬᠤᠭᠠᠴᠢ ᠡ᠃ ᠬᠠᠷᠠᠮ ᠦᠭᠡᠶ ᠴᠢᠷᠮᠠᠢ᠌ᠯᠭ᠎ᠠ ᠪᠠᠷ ᠶᠢᠡᠨ ᠴᠤᠭᠴᠠᠯᠠᠭᠰᠠᠨ ᠬᠠᠯᠠᠭᠤᠨ ᠪᠦᠯᠢ ᠴᠢᠨᠢ ᠡᠭᠦᠳᠡ ᠪᠠᠨ ᠥᠭᠡᠳᠡ ᠡᠴᠡ ᠴᠢᠨᠢ ᠨᠡᠭᠡᠭᠡᠭ᠍ᠰᠡᠭᠡᠷ᠃ ᠡᠷ᠎ᠡ ᠨᠢᠭᠡ ᠪᠦᠳᠦᠷᠢᠵᠤ᠂ ᠡᠷᠭᠢ ᠨᠢᠭᠡ ᠨᠤᠷᠠᠳᠠᠭ᠃ ᠭᠡᠨᠡᠨ ᠠᠯᠳᠠᠭ᠎ᠠ ᠭᠡᠨ ᠳᠤ ᠴᠤ ᠪᠠᠢ᠌ᠵᠤ ᠮᠡᠳᠡᠭᠦ ᠶᠢ ᠰᠠᠨᠠᠵᠤ ᠴᠢᠮ᠎ᠠ ᠪᠠᠨ ᠠᠭᠤᠴᠢᠯᠠᠶ᠎ᠠ᠃ ᠭᠦᠮᠤᠨ ᠤ ᠣᠬᠠᠭᠠᠨ ᠳᠤ ᠪᠠᠭᠳᠠᠵᠤ ᠴᠢᠳᠠᠯ ᠦᠭᠡᠶ ᠶᠠᠭᠤ ᠯᠠ ᠪᠠᠢ᠌ᠬᠤᠪ︖ ᠡᠷᠭᠢᠨ ᠬᠠᠷᠠᠭᠠᠴᠢ ᠡ᠃ ᠡᠭᠡᠨᠡᠷ ᠴᠢᠨᠢ ᠴᠢᠮ᠎ᠠ ᠡᠴᠡ ᠥᠭᠡᠷ᠎ᠡ ᠭᠡᠨ ᠢ ᠳᠡᠭᠡᠵᠤ ᠡᠷᠭᠢᠴᠡᠭᠦᠯᠦᠨᠡᠪ ᠳ᠋ᠠ︕ ᠴᠢᠮ᠎ᠠ ᠶᠢ ᠡᠵᠡᠭᠦᠢᠷᠡᠨ ᠭᠠᠭᠴᠠᠭᠠᠷᠳᠠᠵᠤ᠂ ᠮᠤᠬᠤᠵᠤ ᠴᠥᠭᠦᠭᠦ ᠶᠢᠨ ᠥᠵᠦᠭᠦᠷ ᠲᠤ ᠴᠢᠦᠡᠭᠦᠷ ᠳᠤᠰᠴᠤ ᠮᠠᠳᠠᠨ᠎ᠡ ᠰᠢᠤ᠃ ᠰᠠᠢ᠌ᠬᠠᠨ ᠡᠵᠢ ᠴᠢᠨᠢ ᠥᠩᠭᠡᠷᠡᠭ᠍ᠰᠡᠨ ᠡᠴᠡ ᠬᠣᠢ᠌ᠰᠢ ᠨᠠᠳᠠ ᠡᠴᠡ ᠥᠭᠡᠷ᠎ᠡ ᠭᠡᠨ ᠴᠢᠨᠤ ᠬᠠᠨᠢ ᠪᠣᠯᠵᠤ ᠴᠢᠳᠠᠬᠤ ᠶᠢ ᠴᠢ ᠮᠢᠨᠢ ᠣᠬᠠᠭᠠᠬᠤ ᠦᠭᠡᠶ ᠨᠢ ᠡ᠃ ᠠᠮᠢᠳᠤ ᠶᠢᠨ ᠣᠷᠴᠢᠯᠠᠩ ᠳᠤ ᠭᠦᠮᠤᠨ ᠪᠠᠶ᠎ᠠ ᠪᠠᠶ᠎ᠠ ᠪᠠᠨ ᠲᠦᠰᠢᠵᠤ᠂ ᠰᠡᠳᠭᠢᠯ ᠰᠡᠳᠭᠢᠯ ᠶᠢᠡᠨ ᠮᠠᠳᠠᠨ᠎ᠡ ᠭᠡᠳᠡᠭ᠌ ᠬᠤᠪᠣᠷᠬᠠᠨ ᠲᠤᠬᠢᠶᠠᠯᠳᠤᠯ ᠤᠨ ᠪᠢᠰᠢᠤ︖ ᠬᠠᠨᠢ ᠢᠵᠢᠯᠢ ᠶᠢᠨ ᠶᠢᠡᠨ ᠨᠦᠮᠦᠷᠢ ᠳᠦᠰᠢᠭ᠌ ᠲᠤ ᠪᠠᠭᠳᠠᠵᠤ ᠴᠢᠳᠠᠯ ᠦᠭᠡᠶ ᠬᠤᠷᠸ᠎ᠠ ᠳᠠᠨᠤᠵᠤ ᠰᠡᠳᠭᠢᠯ ᠳᠠᠩᠰᠠᠯᠵᠤ᠂ ᠳᠡᠩᠰᠡᠯᠭᠡᠵᠤ ᠶᠠᠪᠣᠬᠤ ᠭᠡᠨ ᠳᠤ ᠴᠤ ᠵᠥᠳᠡᠭᠦᠷᠢ ᠲᠡᠶ ᠬᠠᠳᠠᠭᠤ ᠠᠵᠤ ᠶᠤᠮ ᠰᠢᠤ︕ ᠭᠦᠮᠤᠨ ᠮᠥᠩᠭᠡᠷᠡᠭᠦ ᠦᠭᠡᠶ ᠡᠴᠡ ᠬᠣᠢ᠌ᠰᠢ ᠭᠦᠮᠤᠨ ᠭᠦᠮᠤᠨ ᠶᠢᠡᠨ ᠪᠠᠶᠠᠰᠬᠠᠵᠤ ᠶᠠᠪᠣᠬᠤ ᠡᠴᠡ ᠢᠯᠡᠭᠦᠤ ᠶᠠᠭᠤ ᠪᠠᠢ᠌ᠳᠠᠭ ᠪᠣᠢ︖ ᠦᠳᠡᠯ᠎ᠠ ᠠᠷᠠᠤᠨ ᠡᠭᠦᠨ ᠳᠡᠭᠡᠨ ᠯᠠ ᠵᠢᠷᠭᠠᠵᠤ ᠶᠠᠪᠣᠬᠤ ᠪᠢᠰᠢᠤ︕

ᠣᠭᠳᠠᠷᠭᠤᠢ ᠶᠢᠨ ᠲᠦᠮᠡᠨ ᠣᠳᠤᠳ ᠣᠢ᠌ᠳᠤᠯ ᠢ ᠬᠤᠪᠢᠶᠠᠯᠴᠠᠬᠤ ᠴᠤ ᠪᠣᠯᠤᠭᠠᠰᠠᠢ᠂ ᠮᠠᠷᠭᠠᠰᠢ ᠪᠠᠨ ᠪᠠᠷᠠᠯᠠᠵᠤ ᠪᠢ ᠳᠡᠨᠢᠭᠦᠨ ᠨᠢᠭᠡ ᠠᠮᠢᠰᠬᠤᠬᠤ ᠶᠤᠮᠰᠠᠨ᠃


ᠵᠤᠬᠢᠶᠠᠭᠴᠢ ᠶᠢᠨ ᠬᠠᠶ‍ᠢᠭ ᠄ ᠬᠤᠤᠯᠢᠨ ᠭᠤᠤᠯ

ᠵᠤᠬᠢᠶᠠᠭᠴᠢ᠄ ᠳᠤᠷ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠨᠠᠢᠷᠠᠭᠤᠯᠤᠯ
ᠳᠠᠷᠤᠮ᠄ 6163
ᠴᠠᠭ᠄ 2010 ᠤᠨ ᠤ 10 ᠰᠠᠷ᠎ᠠ ᠶᠢᠨ 11
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ