ᠨᠡᠪᠲᠡᠷᠡᠨ ᠤᠷᠤᠬᠤ
ᠳᠤᠷᠠᠯᠠᠯ

ᠳᠡᠩᠳᠡᠭᠦᠤ ᠠᠷᠢᠭᠤᠨ ᠳᠤᠷᠠᠯᠠᠯ ᠪᠣᠯ

ᠳᠡᠭ᠍ᠷᠢ ᠮᠠᠳᠤ ᠠᠭᠤᠳᠠᠮ ᠶᠤᠮ

ᠳᠡᠭ᠍ᠵᠢᠨ ᠭᠦᠰᠡᠯ ᠤᠨ ᠳᠦᠯ ᠨᠢ

ᠳᠠᠩᠭ᠋ᠠᠷᠢᠭ ᠮᠠᠳᠤ ᠪᠠᠳᠤ ᠶᠤᠮ

ᠳᠡᠯᠡᠭᠡᠢ ᠶᠢᠨ ᠨᠠᠷᠠ ᠲᠡᠶ ᠮᠥᠴᠡᠭᠡᠷᠡᠭᠦ

ᠳᠠᠭᠢᠨᠢ ᠪᠣᠯ ᠳᠠ ᠶᠤᠮ

ᠳᠡᠩᠳᠡᠭᠦᠤ ᠬᠠᠢ᠌ᠷ᠎ᠠ ᠶᠢᠨ ᠰᠡᠳᠭᠢᠯ ᠳᠤ

ᠳᠠ ᠪᠣᠯ ᠰᠢᠳᠦᠭᠡᠨ ᠶᠤᠮ


ᠳᠡᠩᠳᠡᠭᠦᠤ ᠠᠮᠠᠷᠠᠭ ᠴᠡᠭᠡᠵᠢᠨ ᠳᠤ

ᠳᠠ ᠪᠣᠯ ᠭᠡᠷᠡᠯ ᠶᠤᠮ

ᠳᠡᠭᠡᠳᠤ ᠳᠡᠭ᠍ᠷᠢ ᠡᠴᠡ ᠢᠪᠠᠭᠡᠯ ᠳᠡᠢ

ᠳᠡᠷᠭᠡᠳᠡ ᠪᠠᠭᠤᠭᠰᠠᠨ ᠨᠠᠷᠠ ᠶᠤᠮ


ᠳᠠᠮᠠᠷᠠ ᠶᠢᠨ ᠢᠷᠠᠭᠤ ᠳᠠᠭᠤᠤ ᠳᠤ

ᠳᠠᠳᠠᠭᠳᠠᠬᠤ ᠵᠠᠯᠠᠭᠤᠰ ᠮᠢᠩᠭ᠋᠎ᠠ ᠮᠢᠩᠭ᠋᠎ᠠ ᠴᠤ

ᠳᠠᠩᠭᠢᠯ ᠴᠢᠨᠤ ᠠᠭᠠᠰᠢᠨ ᠳᠤ

ᠳᠤᠷᠠᠯᠠᠬᠤ ᠭᠦᠮᠤᠨ ᠲᠦᠮᠡ ᠲᠦᠮᠡ ᠡ


ᠳᠡᠭ᠍ᠷᠢᠯᠢᠭ᠌ ᠬᠠᠢ᠌ᠷ᠎ᠠ ᠶᠢᠨ ᠰᠢᠯᠦᠭᠯᠡᠯ ᠳᠤ ᠮᠢᠨᠢ

ᠳᠠ ᠥᠷᠭᠦᠯᠵᠢ ᠣᠶᠠᠩᠭ᠋᠎ᠠ ᠪᠠᠢ᠌ᠭᠰᠠᠨ

ᠳᠤᠷᠠᠯᠠᠯ ᠬᠠᠢ᠌ᠷ᠎ᠠ ᠶᠢᠨ ᠵᠢᠷᠦᠭᠡᠨ ᠳᠤ ᠮᠢᠨᠢ

ᠳᠠ ᠥᠷᠭᠦᠯᠵᠢ ᠯᠤᠭᠰᠢᠯᠳᠠ ᠪᠠᠢ᠌ᠭᠰᠠᠨ



《ᠠ᠊·ᠢᠳᠡᠷᠭᠦᠨ ᠤ ᠰᠢᠯᠦᠭ᠌ ᠤᠨ ᠳᠡᠭᠦᠪᠦᠷᠢ》 ᠡᠴᠡ


ᠵᠤᠬᠢᠶᠠᠭᠴᠢ ᠶᠢᠨ ᠬᠠᠶ‍ᠢᠭ ᠄ ᠲᠦᠰᠢᠶᠠᠳᠤ

ᠵᠤᠬᠢᠶᠠᠭᠴᠢ᠄ ᠢᠳᠡᠷᠭᠦᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2638
ᠴᠠᠭ᠄ 2010 ᠤᠨ ᠤ 02 ᠰᠠᠷ᠎ᠠ ᠶᠢᠨ 19
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ