ᠨᠡᠪᠲᠡᠷᠡᠨ ᠤᠷᠤᠬᠤ
ᠠᠷᠪᠠᠨ ᠬᠤᠶᠠᠷ ᠵᠢᠯ ᠭᠡᠮᠡᠭᠦ ᠰᠢᠯᠦᠭᠯᠡᠯ

            (ᠬᠡᠦᠬᠡᠳ ᠤᠨ ᠣᠩᠰᠢᠯᠭ᠎ᠠ ᠰᠢᠯᠦᠭ᠌)      


ᠮᠦᠩᠭᠦᠨ ᠴᠠᠭᠠᠨ ᠬᠤᠯᠤᠭᠠᠨ᠎ᠠ ᠵᠢᠯ  

ᠮᠥᠭᠡᠷᠡᠭᠡᠳ ᠢᠷᠡᠳᠡᠭ᠌ ᠥᠭᠡᠷ ᠵᠢᠯ    


ᠰᠢᠷ᠎ᠠ ᠡᠷᠢᠶᠡᠨ ᠪᠠᠷᠰ ᠵᠢᠯ  

ᠱᠠᠯᠮᠠᠭᠠᠢ ᠬᠦᠩᠭᠡᠨ ᠳᠠᠤᠯᠠᠢ ᠵᠢᠯ    


ᠡᠭᠦᠯᠡ ᠶᠢ ᠭᠦᠯᠦᠭᠯᠡᠭ᠍ᠴᠢ ᠯᠤᠤ ᠵᠢᠯ  

ᠡᠪᠠᠰᠤ ᠶᠢ ᠣᠷᠢᠶᠠᠭᠴᠢ ᠮᠤᠭᠠᠢ ᠵᠢᠯ    


ᠠᠯᠤᠰ ᠢ ᠤᠢ᠌ᠷᠠᠳᠤᠭᠤᠯᠤᠭᠴᠢ ᠮᠤᠷᠢᠨ ᠵᠢᠯ  

ᠠᠭᠠᠰᠢ ᠨᠤᠮᠤᠬᠠᠨ ᠬᠤᠨᠢᠨ ᠵᠢᠯ    


ᠡᠷᠳᠡᠮ ᠳᠡᠭᠦᠰ ᠪᠠᠴᠢᠨ ᠵᠢᠯ  

ᠡᠷᠳᠡ ᠳᠤᠤᠭᠠᠷᠤᠭᠴᠢ ᠳᠠᠭᠢᠶ᠎ᠠ ᠵᠢᠯ    


ᠬᠤᠳᠠ ᠰᠠᠭᠢᠭᠴᠢ ᠨᠤᠬᠠᠢ ᠵᠢᠯ  

ᠬᠤᠩᠰᠢᠶᠠᠷ ᠣᠷᠳᠤ ᠭᠠᠬᠠᠢ ᠵᠢᠯ


        * ᠳᠤᠰ ᠬᠡᠦᠬᠡᠳ ᠤᠨ ᠣᠩᠰᠢᠯᠭ᠎ᠠ ᠰᠢᠯᠦᠭ᠌ ᠪᠣᠯ ᠮᠢᠨᠤ ᠳᠡᠭᠡᠷ᠎ᠡ ᠵᠠᠭᠤᠨ ᠪ ᠳᠠᠯᠠᠭᠠᠤᠨ ᠣᠨ ᠪ ᠰᠡᠭᠦᠯᠴᠢ ᠪᠠᠷ ᠵᠤᠬᠢᠶᠠᠭᠰᠠᠨ ᠬᠡᠦᠬᠡᠳ ᠤᠨ ᠠᠮᠠᠨ ᠣᠩᠰᠢᠯᠭ᠎ᠠ ᠰᠢᠯᠦᠭ᠌ ᠪᠣᠯᠬᠤ ᠶᠤᠮ᠃ 1981 ᠣᠨ ᠳ᠋ᠤ   《ᠰᠢᠯᠢ ᠶᠢᠨ ᠭᠤᠤᠯ ᠤᠨ ᠡᠳᠦᠷ ᠤᠨ ᠰᠤᠨᠢᠨ》   ᠳ᠋ᠤ ᠠᠩᠬ᠎ᠠ ᠨᠡᠢ᠌ᠳᠡᠯᠡᠭ᠍ᠳᠡᠵᠤ᠂   ᠰᠡᠭᠦᠯᠡᠷ ᠨᠢ ᠪᠠᠭ᠎ᠠ ᠰᠤᠷᠭᠠᠭᠤᠯᠢ ᠪᠣᠶᠤ ᠬᠡᠦᠬᠡᠳ ᠤᠨ ᠴᠡᠴᠡᠷᠯᠢᠭ᠌ ᠤᠨ ᠰᠤᠷᠬᠤ ᠪᠢᠴᠢᠭ᠌ ᠪᠣᠶᠤ ᠣᠩᠰᠢᠬᠤ ᠨᠤᠮ ᠳᠤ ᠣᠯᠠᠨ ᠣᠳᠠᠭ᠎ᠠ ᠰᠤᠩᠭ᠋ᠤᠭᠳᠠᠨ ᠣᠷᠤᠭᠰᠠᠨ ᠪᠠᠢ᠌ᠭᠰᠠᠨ ᠬᠠᠷᠠᠭᠳᠠᠭᠰᠠᠨ᠃   ᠦᠨᠦᠳᠤᠷ ᠡ᠊ᠨᠳᠡ ᠳᠠᠭᠢᠨ ᠨᠠᠢ᠌ᠳᠠᠯᠠᠵᠤ᠂   ᠪᠢᠴᠢᠬᠠᠨ ᠬᠡᠦᠬᠡᠳ ᠳᠡᠭᠦᠤ ᠨᠡᠷ ᠲᠠᠭᠠᠨ ᠣᠩᠰᠢᠯᠭ᠎ᠠ ᠰᠤᠨᠢᠷᠬᠠᠯ ᠪᠣᠯᠭᠠᠬᠤ ᠶᠢ ᠵᠤᠷᠢᠯ᠎ᠠ᠃   ᠲ᠋ᠠ ᠪᠦᠭᠦᠨ ᠳᠤ ᠳᠠᠭᠠᠰᠢᠶᠠᠭᠳᠠᠬᠤ ᠪᠣᠯᠤᠭᠠᠰᠠᠢ︕                 


          2011᠂   02᠂   08 ᠪ ᠥᠳᠡᠰᠢ᠂   ᠬᠦᠬᠡᠬᠤᠲᠠ ᠡᠴᠡ᠃   


ᠵᠤᠬᠢᠶᠠᠭᠴᠢ ᠶᠢᠨ ᠬᠠ‍‌ᠶᠢᠭ ᠄ ᠬᠦᠬᠡᠬᠤᠲᠠ ᠶᠢᠨ ᠭᠢᠩᠭ᠋ᠠᠨ ᠵᠠᠮ ᠤᠨ ᠦᠨᠳᠦᠰᠦᠳᠠᠨ ᠤ ᠪᠠᠭ᠎ᠠ ᠰᠤᠷᠭᠠᠭᠤᠯᠢ

ᠵᠤᠬᠢᠶᠠᠭᠴᠢ᠄ ᠭᠦᠷᠵᠡᠪ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2746
ᠴᠠᠭ᠄ 2011 ᠤᠨ ᠤ 02 ᠰᠠᠷ᠎ᠠ ᠶᠢᠨ 09
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ