ᠨᠡᠪᠲᠡᠷᠡᠨ ᠤᠷᠤᠬᠤ
ᠬᠤᠤᠭᠤᠯᠢ ᠶᠢᠨ ᠭᠤᠤᠯ ᠤᠨ ᠵᠢᠭ᠍ᠵᠢᠭᠦᠭᠡᠢ ᠵᠢᠷᠭᠢᠳᠡᠭ᠌ ᠯᠠ ᠰᠢᠤ ᠳ᠋ᠠ

     [《ᠬᠤᠤᠭᠤᠯᠢ ᠶᠢᠨ ᠭᠤᠤᠯ ᠤᠨ ᠵᠢᠭ᠍ᠵᠢᠭᠦᠭᠡᠢ ᠵᠢᠷᠭᠢᠳᠡᠭ᠌ ᠯᠠ ᠶᠤᠮ ᠳ᠋ᠠ︕》 2009.3.7 ᠊᠊᠊᠊᠊᠊᠊᠊᠊᠊᠊᠊᠊᠊᠊ ᠭ·ᠡᠷᠳᠡᠨᠢ ᠠᠬ᠎ᠠ ᠴᠢᠨᠢ] ᠭᠡᠵᠤ ᠳᠠᠷᠠ ᠡᠳᠦᠷ ᠬᠠᠯᠠᠮᠴᠠᠭᠤᠬᠠᠨ ᠢᠷᠡᠭ᠍ᠰᠡᠨ ᠢᠷᠠᠭᠤ ᠨᠠᠢ᠌ᠷᠠᠭᠴᠢ ᠠᠬ᠎ᠠ ᠮᠢᠨᠢ᠂ ᠣᠷᠮ᠎ᠠ ᠬᠠᠢ᠌ᠷᠠᠯᠠᠵᠤ᠂ ᠢᠷᠦᠭᠡᠯ ᠶᠢᠡᠨ ᠳᠡᠪᠰᠢᠭᠦᠯᠤᠨ ᠳᠡᠮᠳᠡᠭᠯᠡᠯ ᠤᠨ ᠳᠠᠪᠳᠠᠷ ᠳᠡᠭᠡᠷ᠎ᠡ ᠪᠢᠴᠢᠵᠤ ᠥᠯᠡᠳᠡᠭᠡᠭ᠍ᠰᠡᠨ ᠪᠣᠶᠤ ︖ ᠮᠦᠨ ᠡᠨᠡ ᠰᠠᠢ᠌ᠬᠠᠨ ᠢᠷᠦᠭᠡᠯ ᠤᠨ ᠭᠢᠨᠢ ᠮᠥᠩᠭᠡ ᠳᠤᠭᠳᠠᠬᠤ ᠶᠢ ᠪᠠᠯᠭᠡᠳᠡᠵᠤ ᠰᠢᠯᠦᠭ᠌ ᠰᠢᠭ᠌ ᠶᠠᠭᠤᠮ᠎ᠠ ᠪᠢᠴᠢᠭᠦ ᠰᠠᠨ ᠭᠡᠵᠤ ᠣᠯᠠᠨ ᠬᠤᠨᠤᠭ ᠪᠣᠳᠤᠭᠰᠠᠨ ᠤ ᠬᠠᠷᠢᠭᠤ᠂ ᠶᠠᠩᠵᠢᠠᠯᠮᠤ ᠪᠣᠷᠬᠠᠨ ᠨᠠᠳᠠᠳᠤ 2010 ᠣᠨ ᠤ 7 ᠰᠠᠷ᠎ᠠ ᠶᠢᠨ 25 ᠊ᠤ ᠡᠳᠦᠷ ᠣᠩᠭ᠋ᠤᠳ ᠬᠠᠢ᠌ᠷᠠᠯᠠᠭᠰᠠᠨ ᠪᠦᠯᠦᠭᠡ᠃


ᠬᠤᠭᠤᠯᠠᠳᠤ ᠶᠢᠨ ᠨᠠᠭᠤᠷ ᠤᠨ ᠡᠭᠢᠨ ᠳᠡᠭᠡᠷ᠎ᠡ

ᠬᠤᠤᠭᠤᠯᠢ ᠶᠢᠨ ᠰᠦᠮ᠎ᠡ ᠶᠢᠨ ᠳᠠᠠᠵᠢᠨ ᠳᠡᠭᠡᠷ᠎ᠡ

ᠬᠤᠷᠸ᠎ᠠ ᠶᠢᠨ ᠰᠠᠢ᠌ᠬᠠᠨ ᠪᠦᠭᠦᠨ ᠢ

ᠬᠤᠶᠠᠷ ᠭᠢᠯᠭᠠᠰᠤᠨ ᠳᠠᠭᠠᠨ ᠪᠠᠭᠳᠠᠭᠠᠬᠤ ᠭᠡᠵᠤ

ᠬᠤᠯᠠ ᠶᠢᠨ ᠴᠡᠩᠭᠡᠷ ᠡᠭᠦᠯᠡ ᠵᠢ

ᠨᠤᠳᠤᠭ ᠤᠨ ᠳᠩᠷᠢ ᠳᠤ ᠠᠷᠭᠠᠮᠵᠢᠬᠤ ᠭᠡᠵᠤ

ᠬᠤᠤᠭᠤᠯᠢ ᠶᠢᠨ ᠭᠤᠤᠯ ᠤᠨ ᠵᠢᠭ᠍ᠵᠢᠭᠦᠭᠡᠢ

ᠵᠢᠷᠭᠢᠳᠡᠭ᠌ ᠯᠠ ᠰᠢᠤ ᠳ᠋ᠠ︕


ᠭᠦᠯᠦᠭ᠌ ᠮᠤᠷᠢᠳ ᠤᠨ ᠳᠤᠭᠤᠷᠠᠢ

ᠭᠠᠵᠠᠷ ᠲᠤ ᠭᠢᠰᠭᠢᠭᠦ ᠶᠢᠨ ᠳᠠᠷᠠ ᠯᠠ ᠬᠤᠷᠤᠮ

ᠭᠦᠷᠦᠰᠦᠳᠤ ᠳᠡᠯᠡᠭᠡᠢ ᠶᠢᠨ ᠰᠢᠷᠤᠢ

ᠳᠩᠷᠢ ᠳᠤ ᠪᠣᠰᠬᠤ ᠶᠢᠨ ᠳᠠᠷᠠ ᠯᠠ ᠊ᠭ᠍ᠱᠡᠨ ᠢ

ᠭᠡᠷᠡᠯ ᠵᠢᠷᠤᠭ ᠤᠨ ᠮᠠᠰᠢᠨ ᠰᠢᠭ

ᠭᠡᠰᠡᠭ᠍ᠭᠡᠨ ᠵᠠᠭᠤᠷ᠎ᠠ ᠳᠤ ᠵᠢᠷᠤᠭᠯᠠᠬᠤ ᠭᠡᠵᠤ

ᠪ᠊·ᠶᠠᠪᠣᠭᠤᠬᠤᠯᠠᠩ ᠤᠨ ᠰᠢᠯᠦᠭ᠌ ᠰᠢᠭ᠌

ᠭᠡᠷᠡᠯᠳᠤ ᠮᠦᠴᠡ ᠶᠢ ᠳᠠᠭᠤᠯᠠᠬᠤ ᠭᠡᠵᠤ

ᠬᠤᠤᠭᠤᠯᠢ ᠶᠢᠨ ᠭᠤᠤᠯ ᠤᠨ ᠵᠢᠭ᠍ᠵᠢᠭᠦᠭᠡᠢ

ᠵᠢᠷᠭᠢᠳᠠᠩ ᠯᠠ ᠰᠢᠤ ᠳ᠋ᠠ︕

ᠬᠠᠪᠣᠷ ᠤᠨ ᠡᠭᠢᠨ ᠤ ᠰᠢᠪᠠᠭᠤᠳ

ᠨᠠᠭᠤᠷ ᠲᠤ ᠦᠷᠳᠡᠭᠡᠯᠡᠨ ᠪᠠᠭᠤᠬᠤ ᠵᠢ

ᠬᠠᠰᠢᠷ ᠮᠠᠯᠴᠢᠳ ᠤᠨ ᠴᠢᠷᠠᠢ

ᠨᠠᠷᠠ ᠰᠢᠭ ᠳᠠᠨᠢ᠌ᠨ ᠪᠠᠶᠠᠰᠬᠤ ᠵᠢ

ᠨᠠᠮᠤᠷ ᠤᠨ ᠰᠡᠭᠦᠯᠴᠢ ᠶᠢᠨ ᠨᠡᠭᠦᠳᠡᠯ

ᠨᠤᠳᠤᠭ ᠳᠠᠭᠠᠨ ᠬᠤᠷᠭᠤᠳᠠᠨ ᠠᠰᠢᠯᠠᠬᠤ ᠵᠢ

ᠨᠠᠮᠬᠠᠨ ᠡᠵᠢ ᠶᠢᠨ ᠮᠢᠨᠢ ᠰᠠᠴᠤᠯᠢ

ᠳᠩᠷᠢ ᠶᠢᠨ ᠮᠠᠠᠳᠠᠯ ᠳᠤ ᠰᠠᠳᠠᠷᠠᠬᠤ ᠵᠢ

ᠡᠪᠠᠰᠤᠨ ᠤ ᠳᠤᠯᠤᠭᠠᠢ ᠶᠢ ᠢᠯᠪᠢᠭᠦ

ᠣᠢ᠌ᠳᠠᠢ ᠵᠢᠩᠳᠡᠭᠦᠨ ᠰᠠᠯᠭᠢᠨ ᠰᠢᠭ

ᠦᠪᠡᠷ ᠤᠨ ᠠᠶᠠᠰ ᠶᠢᠡᠷ ᠣᠨᠠᠬᠤ

ᠡᠪᠦᠭᠡᠨ ᠬᠠᠢ᠌ᠯᠠᠰᠤᠨ ᠤ ᠨᠠᠪᠴᠢ ᠰᠢᠭ

ᠬᠤᠤᠭᠤᠯᠢ ᠶᠢᠨ ᠭᠤᠤᠯ ᠤᠨ ᠵᠢᠭ᠍ᠵᠢᠭᠦᠭᠡᠢ

ᠵᠢᠷᠭᠢᠳᠡᠭ᠌ ᠯᠠ ᠰᠢᠤ ᠳ᠋ᠠ︕


ᠠᠯᠤᠰ ᠤᠨ ᠠᠯᠤᠰ ᠲᠤ ᠪᠦᠷᠦᠯᠵᠡᠭᠦ

ᠭᠦᠯ ᠦᠭᠡᠶ ᠴᠡᠩᠭᠡᠷ ᠵᠡᠷᠭᠡᠯᠭᠡᠨ ᠢ

ᠠᠶᠠᠰ ᠤᠨ ᠰᠠᠯᠭᠢᠨ ᠳᠤ ᠮᠢᠷᠠᠯᠵᠠᠬᠤ

ᠭᠦᠶ‍ᠦᠳᠡᠯ ᠵᠢᠷᠤᠭ᠎ᠠ ᠨᠠᠭᠤᠷ ᠵᠢᠠᠨ

ᠭᠦᠮᠤᠨ ᠨᠢ ᠪᠠᠢ᠌ᠭᠠᠯᠢ ᠪᠠᠨ ᠳᠠᠢ᠌ᠯᠠᠵᠤ

ᠡᠯᠡᠰᠤ ᠪᠣᠯᠤᠭᠰᠠᠨ ᠮᠠᠩᠬ᠎ᠠ ᠪᠠᠨ

ᠭᠡᠨ ᠨᠢ ᠢᠯᠠᠬᠤ ᠶᠢ ᠮᠡᠳᠡᠭᠦ ᠥᠭᠡᠢ

ᠶᠡᠭᠡ ᠯᠠ ᠬᠤᠯᠠ ᠶᠢᠨ ᠢᠷᠡᠭᠡᠳᠦᠢ ᠵᠢ

ᠳᠠᠭᠤᠯᠠᠩᠬᠠᠨ᠂ ᠪᠠᠶᠠᠰᠤᠩᠬᠠᠨ

ᠳᠤᠷᠠᠰᠤᠩᠬᠠᠨ᠂ ᠭᠤᠮᠳᠠᠩᠬᠠᠨ

ᠬᠤᠤᠭᠤᠯᠢ ᠶᠢᠨ ᠭᠤᠤᠯ ᠤᠨ ᠵᠢᠭ᠍ᠵᠢᠭᠦᠭᠡᠢ

ᠵᠢᠷᠭᠢᠳᠡᠭ᠌ ᠯᠠ ᠰᠢᠤ ᠳ᠋ᠠ︕


ᠡᠷᠳᠡᠨᠢ ᠭᠡᠵᠤ ᠵᠢᠦᠡᠭᠦᠭᠦ

ᠭᠦᠳᠡᠭᠡ ᠶᠢᠨ ᠣᠯᠠᠨ ᠵᠠᠯᠠᠭᠤᠰ ᠢ

ᠡᠷ᠎ᠡ ᠶᠢᠨ ᠰᠠᠢ᠌ᠨ ᠶᠢᠡᠨ ᠭᠠᠷᠭᠠᠬᠤ

ᠬᠠᠷ᠎ᠠ ᠠᠷᠢᠭᠢᠨ ᠤ ᠠᠭᠠᠭ ᠢ

ᠡᠭᠡ ᠭᠡᠯᠡ ᠪᠠᠨ ᠮᠠᠷᠳᠠᠭᠰᠠᠨ

ᠡᠩᠭᠦᠷᠡᠢ ᠣᠯᠠᠨ ᠳᠡᠭᠦᠤ ᠨᠡᠷ ᠢ

ᠡᠷᠭᠡ ᠴᠢᠯᠦᠭᠡ ᠶᠢ ᠠᠠᠳᠠᠭᠤᠷᠠᠭᠰᠠᠨ

ᠡᠩᠭᠡᠷ ᠵᠠᠳᠠᠭᠠᠢ ᠪᠦᠰᠡᠭᠦᠢ ᠵᠢ

ᠵᠢᠮᠡᠯᠡᠭ᠍ᠭᠡᠨ᠂ ᠵᠠᠩᠨᠠᠩᠬᠠᠨ

ᠵᠢᠭ᠍ᠰᠢᠩᠭᠡᠨ᠂ ᠵᠤᠪᠠᠩᠬᠠᠨ

ᠬᠤᠤᠭᠤᠯᠢ ᠶᠢᠨ ᠭᠤᠤᠯ ᠤᠨ ᠵᠢᠭ᠍ᠵᠢᠭᠦᠭᠡᠢ

ᠵᠢᠷᠭᠢᠳᠡᠭ᠌ ᠯᠠ ᠰᠢᠤ ᠳ᠋ᠠ︕


ᠵᠢᠷᠭᠢᠨ ᠵᠢᠷᠭᠢᠭᠦ ᠳᠠᠭᠤᠤ ᠪᠠᠨ

ᠳᠩᠷᠢ ᠳᠤ ᠪᠢᠰᠢ᠂ ᠭᠦᠮᠤᠨ ᠳᠤ ᠨᠢ ᠰᠤᠨᠤᠰᠬᠠᠬᠤ ᠭᠡᠵᠤ

ᠵᠦᠪ ᠪᠣᠷᠤᠭᠤ ᠬᠤᠶᠠᠷ ᠢ

ᠳᠠᠩᠰᠠᠯᠠᠵᠤ ᠪᠢᠰᠢ᠂ ᠳᠠᠩᠰᠤᠯᠠᠵᠤ ᠥᠵᠡᠭᠦ ᠭᠡᠵᠤ

ᠬᠤᠤᠭᠤᠯᠢ ᠶᠢᠨ ᠭᠤᠤᠯ ᠤᠨ ᠵᠢᠭ᠍ᠵᠢᠭᠦᠭᠡᠢ

ᠵᠢᠷᠭᠢᠳᠡᠭ᠌ ᠯᠠ ᠰᠢᠤ ᠳ᠋ᠠ︕


        2010.7.25


ᠤᠭᠢᠶᠠᠭᠴᠢ ᠶᠢᠨ ᠬᠠ‍‌ᠶᠢᠭ ᠄ ᠰᠢᠯᠢ ᠶᠢᠨ ᠭᠤᠤᠯ ᠠᠢ᠌ᠮᠠᠭ ᠤᠨ ᠰᠢᠯᠤᠭᠤᠨ ᠭᠦᠭᠡ ᠬᠤᠰᠢᠭᠤ

ᠵᠤᠬᠢᠶᠠᠭᠴᠢ᠄ ᠵᠢᠯᠠᠮ·ᠮᠠᠠᠳᠤᠪᠠᠶᠠᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2640
ᠴᠠᠭ᠄ 2011 ᠤᠨ ᠤ 01 ᠰᠠᠷ᠎ᠠ ᠶᠢᠨ 08
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ