☆ ᠤᠳᠦᠡᠭᠦ᠋ᠤ
ᠮᠢᠨᠤ ᠮᠤᠩᠭ᠋ᠤᠯ ᠭᠡᠷ
ᠡᠪᠦᠭᠡ ᠳᠡᠭᠡᠳᠦᠰ ᠤᠨ ᠣᠬᠠᠭᠠᠨ ᠰᠤᠷᠢᠭᠰᠠᠨ
ᠦᠪ ᠪᠠᠶᠠᠨ ᠭᠦᠷᠦᠩᠭᠡ
ᠦᠷᠯᠦᠭ᠌ ᠳᠡᠦᠭᠡ ᠶᠢᠨ ᠮᠦᠷ ᠢ ᠴᠢᠠᠠᠳᠠᠯᠠᠭᠰᠠᠨ
ᠣᠩᠭ᠋ᠤᠨ ᠪᠣᠭᠤᠷᠤᠯ ᠰᠠᠭᠢᠭᠤᠰᠤ
ᠮᠢᠨᠤ ᠮᠤᠩᠭ᠋ᠤᠯ ᠭᠡᠷ
ᠪᠦᠮᠪᠦᠷᠴᠡᠭ᠌ ᠤᠨ ᠵᠠᠭᠪᠣᠷ ᠢ ᠳᠠᠭᠤᠷᠢᠶᠠᠭᠰᠠᠨ
ᠳᠡᠯᠡᠭᠡᠢ ᠶᠢᠨ ᠰᠤᠳᠤᠨ ᠭᠠᠢ᠌ᠬᠠᠮᠰᠢᠭ
ᠪᠦᠷᠳᠡ ᠴᠢᠨ᠋ᠸ᠎ᠠ ᠶᠢᠨ ᠭᠡᠳᠡ ᠴᠠᠭᠢᠭᠰᠠᠨ
ᠳᠡᠭᠡᠳᠦᠰ ᠤᠨ ᠠᠷᠢᠭᠤᠨ ᠭᠤᠯᠤᠮᠳᠠ
ᠮᠢᠨᠤ ᠮᠤᠩᠭ᠋ᠤᠯ ᠭᠡᠷ
ᠳᠤᠮᠤᠭᠳᠤ ᠮᠤᠩᠭ᠋ᠤᠯ ᠨᠤᠳᠤᠭ ᠵᠢᠠᠨ
ᠳᠤᠭᠠᠯᠠᠵᠤ ᠳᠡᠮᠳᠡᠭᠯᠡᠭ᠍ᠰᠡᠨ ᠳᠠᠮᠠᠭ᠎ᠠ
ᠲᠦᠮᠡᠨ ᠣᠨ ᠢ ᠠᠭᠰᠢᠭᠠᠭᠰᠠᠨ
ᠳᠦᠷᠤ ᠶᠢᠨ ᠠᠯᠳᠠᠨ ᠳᠤᠪᠴᠢᠶᠠᠨ
ᠮᠢᠨᠤ ᠮᠤᠩᠭ᠋ᠤᠯ ᠭᠡᠷ
ᠮᠢᠩᠭ᠋ᠠᠨ ᠰᠦᠷᠦᠭ᠌ ᠤᠨ ᠭᠡᠰᠢᠭ᠌ ᠳᠠᠢ
ᠮᠤᠷᠢᠨ ᠴᠠᠭᠠᠨ ᠰᠤᠪᠣᠤᠨ
ᠮᠤᠩᠭ᠋ᠤᠯ ᠨᠤᠳᠤᠭ ᠤᠨ ᠭᠡᠢ᠌ᠮᠦᠷᠢ ᠳᠠᠢ
ᠮᠤᠯᠤᠷ ᠡᠷᠳᠡᠨᠢ ᠶᠢᠨ ᠴᠢᠮᠡᠭ᠌
ᠮᠢᠨᠤ ᠮᠤᠩᠭ᠋ᠤᠯ ᠭᠡᠷ
ᠠᠯᠤᠰ ᠤᠨ ᠵᠡᠷᠭᠡᠯᠭᠡᠨ ᠳᠤ ᠬᠠᠷᠠᠭᠳᠠᠬᠤ
ᠰᠦᠮᠪᠦᠷ ᠠᠭᠤᠯᠠ ᠶᠢᠨ ᠳᠦᠷᠭᠦ
ᠠᠶᠠᠨ ᠤ ᠭᠦᠮᠦᠰ ᠢ ᠣᠭᠳᠤᠬᠤ
ᠰᠦ᠋ ᠲᠡᠶ ᠴᠠᠢ ᠶᠢᠨ ᠳᠡᠭᠡᠵᠢ
ᠮᠢᠨᠤ ᠮᠤᠩᠭ᠋ᠤᠯ ᠭᠡᠷ
ᠮᠥᠩᠭᠡ ᠲᠡᠭᠷᠢ ᠳᠤ ᠡᠷᠭᠦᠭ᠍ᠰᠡᠨ
ᠮᠥᠩᠭᠦᠨ ᠴᠥᠭᠦᠴᠡ ᠲᠡᠶ ᠠᠷᠵᠠ
ᠮᠤᠩᠭ᠋ᠤᠯ ᠤᠨ ᠵᠠᠶᠠᠭ᠎ᠠ ᠬᠤᠷᠣᠢ᠌ᠯᠠᠭᠰᠠᠨ
ᠮᠥᠩᠭᠡ ᠪᠠᠳᠠᠷᠠᠬᠤ ᠭᠤᠯᠤᠮᠳᠠ
ᠮᠢᠨᠤ ᠮᠤᠩᠭ᠋ᠤᠯ ᠭᠡᠷ
ᠵᠤᠬᠢᠶᠠᠭᠴᠢ ᠶᠢᠨ ᠬᠠᠶᠢᠭ ᠄ ᠬᠦᠬᠡᠨᠠᠭᠤᠷ ᠤᠨ ᠦᠨᠳᠦᠰᠦᠳᠠᠨ ᠤ ᠶᠡᠭᠡ ᠰᠤᠷᠭᠠᠭᠤᠯᠢ ᠶᠢᠨ ᠮᠤᠩᠭ᠋ᠤᠯ ᠰᠠᠯᠪᠣᠷᠢ ᠶᠢᠨ 10 ᠣᠨ ᠤ ᠣᠶᠤᠳᠠᠨ
ᠵᠤᠬᠢᠶᠠᠭᠴᠢ᠄ ᠤᠳᠦᠡᠭᠦ᠋ᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2658
ᠴᠠᠭ᠄ 2011 ᠤᠨ ᠤ 04 ᠰᠠᠷ᠎ᠠ ᠶᠢᠨ 02
ᠨᠠᠢ᠌ᠷᠠᠭᠤᠯᠤᠭᠴᠢ᠄ ᠪᠦᠬᠡᠡᠷᠳᠡᠨᠢ