☆ ᠪᠣᠷᠵᠢᠭᠢᠨ·ᠪᠦᠷᠢᠨᠲᠤᠩᠭᠠᠯᠠᠭ
ᠵᠡᠭᠦᠳᠤᠨ ᠳᠤ ᠵᠡᠷᠭᠡᠯᠭᠡᠡᠳᠦᠭᠦ ᠨᠤᠳᠤᠭ
᠊᠊᠊᠊᠊᠊᠊᠊᠊᠊᠊᠊᠊᠊᠊ ᠳᠠᠮᠤ ᠶᠢᠨ ᠴᠠᠭᠠᠨ ᠤ ᠠᠷᠤ ᠳ᠋ᠠᠭᠢ
ᠰᠢᠪᠠᠷ ᠪᠠᠢ᠌ᠰᠢᠩ ᠤᠨ ᠬᠠᠪᠣᠷ ᠤᠨ ᠵᠡᠭᠦᠳᠤ
᠁ ᠮᠦᠩᠭᠡ ᠭᠦᠭᠡᠷᠡᠭᠦ ᠠᠭᠤᠯᠠᠰ ᠤᠨ ᠬᠤᠷᠮᠤᠢ ᠳ᠋ᠤ
ᠮᠤᠷᠤᠯᠵᠠᠨ ᠣᠭᠠᠯᠵᠠᠯᠠᠬᠤ ᠭᠤᠷᠤᠬ᠎ᠠ ᠶᠢᠨ ᠳᠠᠠᠵᠢᠨ ᠳ᠋ᠤ
ᠮᠤᠯᠤᠷ ᠡᠷᠳᠡᠨᠢ ᠶᠢᠨ ᠰᠦᠷᠦᠭ᠌ ᠮᠢᠨᠢ ᠢᠷᠠᠢ᠌ᠯᠴᠠᠵᠤ
ᠮᠤᠷᠢ ᠪᠠᠨ ᠣᠨᠤᠭᠠᠤᠨ ᠪᠢ ᠳᠠᠪᠭᠢᠵᠤ ᠶᠠᠪᠣᠨ᠎ᠠ᠃
ᠴᠡᠯᠡᠭᠡᠷ ᠳᠠᠯ᠎ᠠ ᠨᠢ ᠮᠢᠨᠤ ᠲᠦᠯᠦᠭᠡ ᠳᠠᠨᠠᠢ᠌ᠢᠵᠤ
ᠴᠡᠩᠭᠡᠷ ᠳᠡᠭ᠍ᠷᠢ ᠨᠢ ᠮᠢᠨᠤ ᠣᠴᠢᠷ ᠡᠴᠠ ᠳᠤᠩᠭ᠋ᠠᠯᠠᠭᠰᠢᠵᠤ
ᠴᠡᠭ᠍ᠴᠡᠦᠭᠡᠢ ᠪᠣᠯᠵᠤᠮᠤᠷ ᠨᠢ ᠨᠠᠳᠠ ᠳᠤ ᠣᠶᠠᠩᠭ᠋ᠠᠯᠠᠨ
ᠴᠡᠴᠡᠭ᠌ ᠨᠠᠪᠴᠢᠰ ᠨᠢ ᠮᠢᠨᠤ ᠥᠭᠡᠳᠡ ᠳᠡᠯᠭᠡᠷᠡᠭᠦ ᠴᠤ ᠰᠢᠭ᠌ ᠁
ᠠᠯᠤᠰ ᠡᠴᠠ ᠠᠳᠤᠭᠤᠨ ᠰᠦᠷᠦᠭ᠌ ᠤᠨ ᠢᠠᠴᠠᠭᠠᠯ ᠳᠤᠭᠤᠯᠳᠠᠵᠤ
ᠠᠷᠤ ᠭᠦᠳᠦᠯ ᠶᠢᠡᠷ ᠬᠤᠨᠢ ᠢᠮᠠᠭ᠎ᠠ ᠪᠠᠯᠴᠢᠭᠡᠳ
ᠨᠠᠭᠤᠷ ᠤᠨ ᠳᠡᠷᠭᠡᠳᠡ ᠥᠭᠡᠷ ᠳᠡᠮᠡᠭᠡ ᠢᠳᠠᠰᠢᠯᠠᠵᠤ
ᠨᠠᠷᠠᠭᠤᠯ ᠳᠡᠷᠳᠡᠭᠡ ᠮᠤᠩᠭ᠋ᠤᠯ ᠭᠡᠷ ᠤᠳ ᠴᠠᠢ᠌ᠯᠵᠠᠨ᠎ᠠ ᠁
ᠬᠠᠨᠠᠭᠠᠷ ᠰᠠᠢ᠌ᠬᠠᠨ ᠡᠨᠡ ᠨᠤᠳᠤᠭ ᠢ
ᠬᠠᠮᠢᠭ᠎ᠠ ᠨᠢᠭᠡ ᠥᠵᠡᠭ᠍ᠰᠡᠨ ᠴᠤ ᠰᠢᠭ᠌ ᠁
ᠭᠡᠵᠢᠶ᠎ᠡ ᠨᠢᠭᠡ ᠣᠴᠢᠭᠰᠠᠨ ᠴᠤ ᠰᠢᠭ᠌ ᠁
ᠭᠡᠨ ᠤ ᠴᠤ ᠪᠢᠰᠢ ᠊᠊᠊᠊᠊᠊᠊᠊᠊᠊᠊᠊᠊᠊᠊ ᠮᠢᠨᠤᠭᠢ ᠰᠢᠭ ᠰᠠᠨᠠᠭᠳᠠᠬᠤ ᠶᠤᠮ︕
ᠳᠡᠨᠢᠭᠦᠨ ᠳᠡᠯᠭᠡᠷ ᠮᠤᠩᠭ᠋ᠤᠯ ᠨᠤᠳᠤᠭ ᠲᠤ ᠰᠤᠭᠳᠤᠭᠤᠷᠠᠨ
ᠳᠡᠨᠦᠴᠢᠯᠡᠭᠦ ᠰᠢᠭ᠌᠂ ᠵᠤᠭᠠᠴᠠᠬᠤ ᠴᠤ ᠰᠢᠭ ᠴᠢᠯᠦᠭᠡᠳᠡᠢ ᠵᠤᠷᠴᠢᠳᠠᠯᠠ
ᠳᠡᠭ᠍ᠷᠢ ᠭᠠᠵᠠᠷ ᠢ ᠨᠡᠢ᠌ᠯᠡᠭᠦᠯᠴᠢᠭᠡᠮᠡᠷ ᠰᠠᠯᠭᠢ ᠪᠣᠰᠴᠤ
ᠳᠡᠷᠡᠦᠭᠡᠨ ᠪᠦᠭᠦᠳᠡ ᠶᠢ ᠳᠤᠭᠤᠰᠤᠨ ᠳᠠᠭᠠᠨ ᠬᠠᠮᠤᠵᠤ ᠶᠠᠪᠣᠯ᠎ᠠ ᠁
ᠦᠣᠭᠢᠭᠦ ᠴᠢᠮᠡᠭᠡᠨ ᠳ᠋ᠤᠨᠢ ᠰᠤᠴᠢᠨ ᠰᠠᠷᠢᠪᠠᠯ
ᠡᠯᠡᠰᠤᠨ ᠰᠢᠭᠤᠷᠭ᠎ᠠ ᠪᠠᠰᠠ ᠵᠤᠭᠰᠤᠭ᠎ᠠ ᠦᠭᠡᠶ ᠊᠊᠊᠊᠊᠊᠊᠊᠊᠊᠊᠊᠊᠊᠊
ᠴᠠᠢ᠌ᠪᠠᠭᠠᠷ ᠰᠢᠷᠭᠠᠯ ᠬᠤᠮᠠᠭ ᠰᠢᠷᠤᠢ ᠪᠣᠵᠢᠭᠢᠨᠠᠵᠤ
ᠴᠠᠭᠠᠨ᠎ᠠ ᠡᠴᠠ ᠨᠢ ᠨᠠᠷᠠ ᠠᠷᠠᠢ᠌ᠬᠠᠨ ᠮᠠᠠᠳᠤᠵᠤ ᠪᠠᠢ᠌ᠪᠠ᠃
ᠵᠤᠬᠢᠶᠠᠭᠴᠢ ᠶᠢᠨ ᠬᠠᠶᠢᠭ ᠄ ᠲᠦᠩᠯᠢᠶᠤᠤ ᠬᠤᠳᠠ ᠬᠣᠢ᠌ᠳᠤ ᠬᠤᠰᠢᠭᠤ
ᠵᠤᠬᠢᠶᠠᠭᠴᠢ᠄ ᠪᠣᠷᠵᠢᠭᠢᠨ·ᠪᠦᠷᠢᠨᠲᠤᠩᠭᠠᠯᠠᠭ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2643
ᠴᠠᠭ᠄ 2011 ᠤᠨ ᠤ 03 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ