☆ ᠪᠠ᠊·ᠨᠡᠭᠦᠳᠡᠯᠴᠢ
ᠪᠣᠯᠪᠠᠰᠤᠷᠠᠯ
ᠠᠶ᠎ᠠ ᠡᠨᠡ ᠰᠠᠢ᠌ᠬᠠᠨ ᠪᠦᠰᠡᠭᠦᠢ
ᠠᠩᠭᠢ ᠶᠢᠨ ᠭᠡᠷ ᠢ᠂ ᠠᠷᠠᠤᠨ ᠤᠨ ᠪᠠᠭᠰᠢ ᠶᠢ
ᠠᠯᠠᠭ ᠨᠢᠳᠤ ᠶᠢ ᠨᠢ᠂ ᠠᠮᠢᠰᠬᠤᠯ ᠠᠢ᠌ᠵᠢᠮ ᠢ ᠨᠢ
ᠠᠳᠬᠤᠨ ᠳᠠᠭᠠᠨ ᠪᠠᠢ᠌ᠬᠤ ᠰᠢᠭ ᠡᠵᠡᠮᠰᠢᠵᠡᠢ
ᠣᠶᠠᠭᠰᠠᠨ ᠭᠡᠵᠢᠭᠡ᠂ ᠣᠷᠤᠭᠤᠯ ᠠᠮᠠ ᠨᠢ
ᠣᠰᠬᠠᠯ ᠨᠢᠳᠤ᠂ ᠣᠯᠠᠪᠢᠷ ᠴᠢᠷᠠᠢ ᠨᠢ
ᠶᠠᠷᠢᠭᠰᠠᠨ ᠥᠭᠡ᠂ ᠴᠠᠪᠴᠢᠬᠤ ᠰᠤᠷᠮᠤᠤᠰᠤ
ᠶᠠᠩᠵᠤᠯᠠᠵᠤ ᠵᠢᠭᠠᠭᠰᠠᠨ ᠳᠤᠯᠤᠪᠣᠷ ᠬᠤᠷᠤᠭᠤ ᠨᠢ
ᠡᠯᠢᠭᠡ ᠵᠠᠳᠠᠭᠠᠢ ᠴᠠᠭᠠᠨ ᠬᠠᠠᠳᠠᠭᠠᠰᠤ
ᠡᠷᠡᠤ ᠳᠤᠤᠷᠠᠭᠢ ᠬᠠᠷ᠎ᠠ ᠮᠡᠩᠭᠡ ᠨᠢ
ᠡᠷᠢᠶᠡᠨ ᠬᠤᠸᠠᠷ ᠲᠡᠶ ᠭᠢᠯᠠᠭᠠᠨ ᠦᠮᠦᠳᠦ
ᠡᠷᠭᠢᠭᠦᠯᠦᠭ᠍ᠰᠡᠨ ᠬᠠᠠᠴᠤᠢ ᠰᠢᠷᠭᠤᠭᠤᠯᠤᠭᠰᠠᠨ ᠬᠠᠷᠮᠠᠨ ᠨᠢ
ᠴᠢᠭᠢᠨ ᠤ ᠴᠤᠭᠤᠷᠬᠠᠢ᠂ ᠥᠭᠡᠨ ᠤ ᠴᠤᠤᠷᠢᠶ᠎ᠠ ᠨᠢ
ᠴᠢᠮᠡᠭᠡ ᠳᠠᠰᠤᠷᠠᠮᠠ ᠣᠯᠠᠨ ᠤ ᠬᠠᠷᠠᠴᠠ ᠶᠢ
ᠴᠢᠷᠦᠭ᠍ᠳᠡᠭ᠍ᠰᠡᠨ ᠶᠤᠮᠰᠢᠭ ᠪᠠᠭᠢᠵᠤ ᠰᠠᠭᠤᠮᠠᠷ
ᠴᠢᠯᠡᠭᠡ ᠠᠯᠳᠠᠷᠠᠮᠠ ᠲᠦᠮᠡᠨ ᠤ ᠳᠤᠷ᠎ᠠ ᠶᠢ
ᠭᠤᠴᠢᠨ ᠶᠢᠰᠤᠳᠠᠢ ᠡᠨᠡ ᠪᠦᠰᠡᠭᠦᠢ
ᠭᠤᠶᠤᠯᠳᠠ ᠦᠭᠡᠶ ᠣᠯᠤᠭᠰᠠᠨ ᠶᠤᠮᠰᠠᠠᠵᠠᠢ
ᠭᠤᠷᠪᠠᠨ ᠡᠳᠦᠷ ᠤᠨ ᠰᠤᠷᠤᠯᠴᠠᠯᠠᠭ᠎ᠠ ᠳᠤᠮᠳᠠ ᠡᠴᠡ
ᠭᠤᠩᠬᠠᠨ ᠪᠠᠢ᠌ᠵᠤ ᠠᠪᠣᠭᠰᠠᠨ ᠶᠤᠮᠰᠠᠠᠵᠠᠢ᠃
ᠬᠤᠳᠠᠨ ᠳᠠᠭᠠᠨ ᠪᠣᠴᠠᠭᠰᠠᠨ ᠡᠨᠡ ᠪᠦᠰᠡᠭᠦᠢ
ᠬᠣᠢ᠌ᠨ᠎ᠠ ᠡᠴᠡ ᠨᠢ ᠪᠣᠳᠤᠬᠤ ᠭᠦᠮᠤᠨ ᠲᠡᠶ ᠰᠠᠠᠵᠠᠢ
ᠬᠤᠷᠬ᠎ᠠ ᠳᠠᠭᠠᠨ ᠬᠠᠷᠢᠭᠰᠠᠨ ᠮᠠᠨ ᠤ ᠭᠡᠳᠤ ᠯᠠ
ᠬᠤᠭᠤᠯᠠᠨ ᠭᠡᠷ ᠲᠡᠭᠡᠨ ᠪᠠᠯᠭᠤᠬᠤ ᠰᠠᠠᠵᠠᠢ᠃
ᠵᠤᠬᠢᠶᠠᠭᠴᠢ᠄ ᠪᠠ᠊·ᠨᠡᠭᠦᠳᠡᠯᠴᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2640
ᠴᠠᠭ᠄ 2009 ᠤᠨ ᠤ 03 ᠰᠠᠷ᠎ᠠ ᠶᠢᠨ 09
ᠨᠠᠢ᠌ᠷᠠᠭᠤᠯᠤᠭᠴᠢ᠄ ᠪᠦᠬᠡᠡᠷᠳᠡᠨᠢ