ᠨᠡᠪᠲᠡᠷᠡᠨ ᠤᠷᠤᠬᠤ
ᠰᠠᠷᠠᠨ ᠤ ᠳᠤᠮᠤᠭ ᠲᠡᠶ ᠬᠡᠦᠬᠡᠳ ᠤᠨ ᠵᠡᠭᠦᠳᠤ

ᠰᠠᠷᠠᠨ ᠤ ᠰᠡᠷᠢᠭᠦᠨ ᠭᠡᠷᠡᠯ ᠴᠤᠩᠬᠤ ᠪᠠᠷ ᠳᠤᠰᠪᠠ

ᠰᠡᠭᠦᠳᠡᠷ ᠨᠢ ᠨᠠᠷᠠᠨ ᠤ ᠦᠨᠦᠷ ᠲᠡᠶ ᠪᠠᠢ᠌ᠪᠠ᠂

ᠰᠡᠷᠢᠴᠢᠭᠡ ᠪᠣᠢ ᠭᠡᠵᠤ ᠦᠬᠢᠨ ᠶᠢᠡᠨ ᠥᠭᠡᠢ᠌ᠯᠡᠵᠤ

ᠰᠡᠪᠠᠯᠭᠡ ᠶᠢ ᠨᠢ ᠦᠨᠦᠷᠯᠠᠵᠤ ᠬᠠᠢ᠌ᠷᠠᠯᠠᠪᠠ᠂

ᠳᠠᠭᠠᠷᠠᠴᠢᠬᠠᠪᠠ ᠭᠡᠵᠤ ᠭᠢᠴᠢᠶᠠᠵᠤ ᠪᠣᠢᠤᠪᠠᠢ᠌ᠯᠠᠪᠠ᠂

ᠠᠶᠤᠴᠢᠬᠠᠪᠠ ᠭᠡᠵᠤ ᠡᠯᠢᠭᠡᠨ ᠳᠡᠭᠡᠨ ᠳᠠᠪᠠᠷᠢᠪᠠ᠂

ᠰᠠᠷᠠᠨ ᠤ ᠴᠠᠭᠠᠨ ᠭᠡᠷᠡᠯ ᠴᠤᠩᠬᠤ ᠪᠠᠷ ᠳᠤᠰᠪᠠ

ᠰᠡᠭᠦᠳᠡᠷ ᠨᠢ ᠰᠦᠨ ᠤ ᠦᠨᠦᠷ ᠲᠡᠶ ᠪᠠᠢ᠌ᠪᠠ᠂

ᠰᠡᠩᠭᠢᠨᠡᠭ᠍ᠰᠡᠨ ᠰᠠᠯᠭᠢᠨ ᠤ ᠴᠢᠮᠡᠭᠡ

ᠰᠡᠳᠭᠢᠯ ᠳᠤ ᠣᠷᠤᠳᠠᠯ᠎ᠠ ᠦᠯᠢᠶᠠᠪᠠ᠂

ᠰᠡᠷᠢᠴᠢᠭᠡ ᠪᠣᠢ ᠳ᠋ᠠ ᠭᠡᠵᠤ ᠦᠬᠢᠨ ᠶᠢᠡᠨ ᠬᠠᠷᠠᠬᠤ ᠳ᠋ᠤ

ᠭᠦᠭᠡᠷᠦᠭᠡᠨ ᠬᠠᠴᠠᠷ ᠢ ᠨᠢ ᠣᠳᠤᠳ ᠦᠨᠦᠰᠴᠤ ᠪᠠᠢ᠌ᠪᠠ᠂

ᠣᠢ᠌ᠭᠰᠠᠨ ᠬᠠᠢ᠌ᠷ᠎ᠠ ᠨᠢ ᠬᠠᠷᠠᠴᠠ ᠳᠤᠯᠠᠭᠠᠯᠠᠵᠤ ᠪᠠᠢ᠌ᠪᠠ᠂

ᠦᠬᠢᠨ ᠮᠢᠨᠢ ᠵᠡᠭᠦᠳᠦᠯᠡᠵᠤ ᠢᠨᠢᠶᠠᠪᠠ᠂

ᠭᠦᠭᠡᠷᠦᠭᠡᠨ ᠠᠯᠢᠶᠠᠯᠠᠵᠤ ᠢᠨᠢᠶᠠᠪᠠ᠂

ᠵᠢᠷᠦᠭᠡᠨ ᠳᠤ ᠨᠠᠷᠠᠨ ᠭᠡᠢ᠌ᠭᠡᠳᠡᠯ᠎ᠡ ᠢᠨᠢᠶᠠᠪᠠ᠂

ᠣᠷᠴᠢᠯᠠᠩ ᠢ ᠪᠠᠶᠠᠰᠬᠠᠵᠤ ᠢᠨᠢᠶᠠᠪᠠ᠂

ᠠᠪᠣ ᠡ ᠭᠡᠵᠤ ᠢᠨᠢᠶᠠᠪᠠ᠂

ᠪᠣᠳᠤᠯ ᠳᠠᠢ᠌ᠪᠣᠰᠢᠷᠠᠪᠠ᠂   ᠲ᠋ᠠᠪᠠᠷᠢ ᠳᠠᠢ᠌ᠪᠣᠰᠢᠷᠠᠪᠠ᠂

ᠰᠠᠷᠠᠨ ᠤ ᠰᠡᠷᠢᠭᠦᠨ ᠭᠡᠷᠡᠯ ᠴᠤᠩᠬᠤ ᠪᠠᠷ ᠳᠤᠰᠪᠠ

ᠬᠡᠦᠬᠡᠳ ᠤᠨ ᠵᠡᠭᠦᠳᠤᠨ ᠳᠤ ᠨᠠᠷᠠᠨ ᠪᠣᠯᠵᠤ ᠳᠤᠰᠪᠠ

ᠥᠯᠢᠭᠡᠷ ᠤᠨ ᠣᠯᠠᠭᠠᠨ ᠮᠠᠯᠠᠭᠠᠢ᠌ᠳᠤ ᠪᠣᠯᠵᠤ

ᠴᠠᠰᠤᠨ ᠭᠦᠩᠵᠤ ᠶᠢᠨ ᠮᠦᠰᠢᠶᠠᠳᠤ ᠪᠣᠯᠵᠤ

ᠣᠢ ᠶᠢᠨ ᠪᠠᠮᠪᠣᠷᠠᠰᠢ ᠸᠢ᠌ᠨᠢ ᠪᠣᠯᠵᠤ

ᠠᠩ ᠤᠨ ᠣᠯᠠᠷᠢᠯ ᠤᠨ ᠪᠣᠭᠤ ᠪᠣᠯᠵᠤ

ᠬᠠᠯᠠᠭᠤᠬᠠᠨ ᠭᠡᠷᠡᠯ ᠤᠨ ᠴᠡᠴᠡᠭ᠌ ᠪᠣᠯᠵᠤ ᠳᠤᠰᠪᠠ᠂

ᠰᠠᠷᠠᠨ ᠤ ᠰᠡᠭᠦᠳᠡᠷ ᠬᠠᠷᠢᠨ ᠳᠤᠮᠤᠭ ᠪᠣᠯᠵᠤ

ᠮᠢᠨᠤ ᠵᠡᠭᠦᠳᠤᠨ ᠳᠤ ᠡᠶᠡᠯᠳᠡᠭ᠌ ᠪᠠᠰᠠ ᠳᠤᠶᠠᠬᠠᠨ

ᠠᠠᠴᠢᠷ ᠪᠣᠯᠵᠤ ᠳᠤᠭᠯᠠᠵᠤ ᠳᠤᠰᠪᠠ︕

ᠰᠠᠷᠠᠨ ᠤ ᠳᠤᠮᠤᠭ ᠲᠡᠶ ᠬᠡᠦᠬᠡᠳ ᠤᠨ ᠵᠡᠭᠦᠳᠤ ᠡ ᠭᠡᠵᠤ

ᠴᠢᠷᠭ᠎ᠠ ᠴᠢᠷᠦᠭ᠍ᠰᠡᠨ ᠡᠪᠦᠯ ᠤᠨ ᠡᠪᠦᠭᠡᠨ ᠤ ᠪᠠᠯᠡᠭ᠌ ᠪᠢᠯᠢᠤ᠂

ᠠᠯᠤᠨ ᠭᠤᠸ᠎ᠠ ᠡᠭᠡ ᠦᠨᠦᠰᠴᠤ ᠬᠠᠢ᠌ᠷᠠᠯᠠ ᠡ

ᠠᠪᠣ ᠡ ᠭᠡᠰᠡᠨ ᠠᠮᠢᠨ ᠤ ᠳᠠᠰᠤᠷᠬᠠᠢ ᠦᠬᠢᠨ ᠢ ᠮᠢᠨᠢ ᠡ︕


ᠵᠤᠬᠢᠶᠠᠭᠴᠢ ᠶᠢᠨ ᠬᠠ‍‌ᠶᠢᠭ ᠄ ᠭᠦᠯᠤᠨ ᠪᠣᠢ᠌ᠷ

ᠵᠤᠬᠢᠶᠠᠭᠴᠢ᠄ ᠬᠠᠷᠠᠨᠤᠳ ᠳᠦᠷᠤ ᠵᠠᠶᠠᠭ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2634
ᠴᠠᠭ᠄ 2011 ᠤᠨ ᠤ 05 ᠰᠠᠷ᠎ᠠ ᠶᠢᠨ 23
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ