ᠨᠡᠪᠲᠡᠷᠡᠨ ᠤᠷᠤᠬᠤ
ᠮᠤᠩᠭ᠋ᠤᠯ ᠠᠳᠤᠭᠤᠳ ᠠᠢ᠌ᠰᠤᠢ

ᠴᠤᠮᠪᠤᠨ ᠳᠤᠭᠤᠷᠠᠢ ᠲᠡᠶ ᠠᠳᠤᠭᠤᠳ

ᠳᠠᠭᠠᠨᠠᠳᠤ ᠳᠠᠯ᠎ᠠ ᠪᠠᠷ ᠳᠤᠪᠳᠤᠯᠵᠤ

ᠴᠠᠭᠢᠭᠤᠷ ᠴᠠᠭᠠᠨ ᠬᠠᠳᠠᠨ ᠡᠴᠠ

ᠭᠠᠯ ᠤᠨ ᠣᠴᠢ ᠦᠰᠦᠷᠴᠤ

ᠵᠡᠷᠭᠡᠯᠭᠡᠡᠳᠤ ᠭᠤᠪᠢ ᠶᠢᠨ ᠦᠷᠤᠴᠠ ᠵᠢ

ᠵᠡᠭᠡᠷ᠎ᠡ ᠶᠢᠨ ᠴᠤᠭᠭᠢᠶ᠎ᠠ ᠪᠠᠷ ᠳᠠᠭᠤᠯᠵᠤ

ᠵᠡᠯᠢᠭᠦᠤᠨ  ᠡᠯᠡᠰᠤᠨ ᠴᠦᠯ ᠢ

ᠰᠢᠠᠳᠠᠰᠤ ᠰᠢᠯᠭᠠᠨ ᠭᠡᠳᠦᠯᠵᠤ

ᠭᠡᠢ᠌ᠮᠦᠷᠢ ᠶᠢᠨ ᠰᠤᠷ ᠲᠡᠶ ᠳᠠᠯ

ᠰᠠᠯᠭᠢ ᠰᠦᠷᠤᠨ ᠢᠰᠭᠢᠷᠴᠤ

ᠭᠢᠶᠠᠨ ᠪᠣᠰᠤᠭ᠎ᠠ ᠵᠤᠷᠢᠭ

ᠪᠦᠭᠦᠷᠭᠡ ᠳᠠᠰᠢᠨ  ᠦᠨᠳᠠᠢ᠌ᠵᠤ

ᠬᠤᠰᠤᠨ ᠣᠷᠭ᠎ᠠ ᠶᠢᠨ ᠳᠤᠭᠢᠯᠵᠠᠭᠠᠨ ᠵᠢᠠᠷ

ᠨᠤᠳᠤᠭ ᠤᠨ ᠪᠠᠷ᠎ᠠ ᠰᠦᠮᠠᠯᠵᠠᠵᠤ

ᠬᠤᠢ ᠶᠢᠨ ᠭᠦᠶ‍ᠦᠳᠡᠯᠳᠤ ᠠᠳᠤᠭᠤᠳ

ᠠᠯᠤᠰ ᠡᠴᠠ ᠨᠠᠭᠠᠰᠢᠯᠠᠵᠤ ᠠᠢ᠌ᠰᠤᠢ ︕


ᠳᠤᠤᠯᠢ ᠶᠢᠨ ᠰᠠᠢ᠌ᠬᠠᠨ ᠣᠷᠤᠨ ᠳ᠋ᠤ

ᠳᠤᠭᠤᠷᠠᠢ ᠶᠢᠨ ᠭᠡᠪ ᠶᠢᠡᠨ ᠳᠠᠮᠠᠭᠠᠯᠠᠵᠤ

ᠳᠤᠮᠤᠭ ᠤᠨ ᠵᠠᠭᠤᠨ ᠤ ᠳᠡᠷᠳᠡᠭᠡ

ᠵᠠᠩᠭ᠋ᠠᠷ ᠪᠠᠭᠠᠳᠤᠷ ᠭᠦᠯᠦᠭᠯᠡᠵᠤ

ᠪᠣᠷᠬᠠᠨ ᠬᠠᠯᠳᠤᠨ ᠠᠭᠤᠯᠠᠨ ᠡᠴᠠ

ᠣᠨᠠᠭᠠᠨ ᠳᠠᠭᠤᠨ ᠶᠢᠡᠷ ᠦᠷᠰᠠᠵᠤ

ᠪᠣᠭᠳᠠ ᠴᠢᠩᠭᠢᠰ ᠤᠨ ᠵᠡᠭᠦᠳᠤᠨ ᠳ᠋ᠤ

ᠢᠵᠢᠯᠢ ᠬᠤᠤᠰ ᠶᠢᠡᠷ ᠢᠯᠠᠷᠠᠵᠤ

ᠳᠠᠢ᠌ᠨ ᠤ ᠰᠦᠷᠵᠢᠭᠦᠨ ᠳᠠᠯᠠᠪᠣᠷ ᠳᠤ

ᠠᠶᠤᠩᠭ᠎ᠠ ᠴᠠᠭᠢᠯᠭᠠᠨ ᠰᠢᠭ᠌ ᠭᠢᠯᠪᠠᠵᠤ

ᠳᠠᠩᠭᠢᠰ ᠤᠨ ᠴᠠᠭᠠᠳᠤᠭᠢ ᠭᠦᠷᠤᠨ ᠡᠴᠠ

ᠪᠠᠶᠠᠷ ᠤᠨ ᠴᠢᠮᠡᠭᠡ ᠭᠠᠠᠵᠤᠭᠠᠯᠠᠵᠤ

ᠨᠢᠭᠤᠴᠠ ᠳᠤᠪᠴᠢᠶᠠᠨ ᠤ ᠡᠪᠭᠡᠮᠡᠯ ᠳ᠋ᠤ

ᠠᠵᠢᠨᠠᠢ ᠭᠦᠯᠦᠭ᠌ ᠶᠢᠡᠷ ᠳᠤᠳᠤᠷᠠᠵᠤ

ᠨᠢ᠋ᠮᠠᠨ ᠵᠠᠭᠤᠨ ᠤ ᠳᠡᠷᠳᠡᠭᠡ ᠡᠴᠠ

ᠮᠤᠩᠭ᠋ᠤᠯ ᠠᠳᠤᠭᠤᠳ ᠠᠢ᠌ᠰᠤᠢ ︕


ᠣᠷᠤᠭ ᠰᠠᠷᠠᠯ ᠴᠢᠨ᠋ᠸ᠎ᠠ ᠵᠢ

ᠣᠩᠭ᠋ᠤᠨ ᠭᠦᠶ‍ᠦᠳᠡᠯ ᠶᠢᠡᠷ ᠳᠠᠭᠠᠷᠢᠵᠤ

ᠣᠭᠤᠳᠠᠩ ᠴᠠᠭᠠᠨ ᠳᠠᠤᠯᠠᠢ ᠵᠢ

ᠪᠢᠯᠠᠭᠤ ᠡᠴᠠ ᠪᠠᠨ ᠡᠮᠤᠨ᠎ᠡ ᠭᠦᠢᠴᠡᠵᠤ

ᠴᠠᠭᠢᠯᠵᠤ ᠳᠤᠪᠳᠤᠯᠠᠭᠰᠠᠨ ᠮᠤᠷᠢᠳ ᠤᠨ

ᠳᠤᠳᠤ ᠮᠠᠩᠨᠠᠢ ᠪᠠᠷ ᠳᠤᠳᠤᠷᠠᠵᠤ

ᠵᠢᠭᠠᠯ ᠭᠦᠭᠡᠷᠦᠭᠦᠨ ᠡᠵᠡᠨ ᠲᠡᠶ ᠪᠠᠨ

ᠴᠤᠯᠠ ᠭᠡᠰᠢᠭ᠌ ᠶᠢᠡᠨ ᠳᠠᠭᠤᠳᠠᠭᠤᠯᠵᠤ

ᠬᠤᠷᠠᠭᠰᠠᠨ ᠲᠦᠮᠡᠨ ᠣᠯᠠᠨ ᠤ

ᠪᠠᠬᠠᠷᠬᠠᠯ ᠤᠨ ᠬᠠᠷᠠᠴᠠ ᠪᠠᠷ ᠱᠠᠩᠨᠠᠭᠤᠯᠵᠤ

ᠬᠤᠳᠠᠯᠠ ᠨᠠᠢ᠌ᠷᠴᠢᠨ ᠲᠦᠮᠡᠨ ᠤ

ᠢᠷᠦᠭᠡᠯ ᠤᠨ ᠳᠠᠭᠤᠨ ᠶᠢᠡᠷ ᠮᠢᠯᠢᠶᠠᠯᠭᠠᠵᠤ

ᠣᠳᠤᠮᠳᠤ ᠬᠤᠯᠠᠨ ᠤ ᠦᠷᠠᠳᠤᠰ

ᠠᠯᠳᠠᠷ ᠶᠤ ᠪᠠᠨ ᠭᠠᠢ᠌ᠬᠠᠭᠤᠯᠵᠤ

ᠣᠷᠠᠢ ᠳᠠᠭᠤᠨ ᠤ ᠣᠤᠬᠠᠢ᠌ᠯᠠᠯ ᠳᠠᠢ

ᠨᠤᠳᠤᠭ ᠵᠥᠭ᠌ ᠶᠢᠡᠨ ᠠᠢ᠌ᠰᠤᠢ ︕


ᠬᠤᠨᠢᠨ ᠤ ᠳᠤᠷᠭᠠᠨ ᠪᠠᠯᠴᠢᠭᠡᠷ ᠳᠤ

ᠵᠥᠭᠡᠯᠡᠨ ᠰᠠᠢ᠌ᠪᠣᠷ ᠶᠢᠡᠷ ᠳᠤᠩᠰᠢᠵᠤ

ᠬᠤᠷᠠᠭ᠎ᠠ ᠢᠰᠢᠭᠡᠨ ᠤ ᠮᠠᠢ᠌ᠯᠠᠭᠠᠨ ᠵᠢᠠᠷ

ᠨᠤᠳᠤᠭ ᠤᠨ ᠦᠨᠦᠷ ᠠᠮᠳᠠᠭᠳᠠᠵᠤ

ᠬᠠᠵᠠᠭᠠᠷ ᠤᠨ ᠬᠠᠩᠭᠢᠨᠠᠬᠤ ᠴᠢᠮᠡᠭᠡ ᠪᠠᠷ

ᠡᠵᠡᠨ ᠤ ᠪᠠᠷ᠎ᠠ ᠤᠢ᠌ᠷᠠᠳᠴᠤ

ᠬᠤᠳᠠᠴᠢ ᠨᠤᠬᠠᠢ ᠶᠢᠨ ᠳᠠᠭᠤᠨ ᠵᠢᠠᠷ

ᠬᠠᠨᠢ ᠶᠢᠨ ᠰᠡᠭᠦᠳᠡᠷ ᠪᠠᠷᠠᠯᠠᠵᠤ

ᠰᠢᠭᠦᠳᠡᠷᠢ ᠶᠢᠨ ᠮᠦᠩᠭᠦᠨ ᠳᠤᠰᠤᠯ ᠵᠢᠠᠷ

ᠠᠮᠠᠨ ᠤ ᠴᠠᠩᠭ᠋ᠠᠭ᠎ᠠ ᠪᠠᠨ ᠳᠠᠢ᠌ᠯᠤᠨ

ᠰᠢᠮᠡᠯᠢᠭ᠌ ᠪᠠᠯᠴᠢᠭᠡᠷ ᠤᠨ ᠰᠤᠷ ᠵᠢᠠᠷ

ᠬᠤᠷ ᠳᠠᠷᠭᠤ ᠲᠡᠶ ᠭᠢᠯᠳᠠᠭᠠᠨᠠᠵᠤ

ᠣᠤᠭᠠᠯ ᠨᠤᠳᠤᠭ ᠤᠨ ᠭᠦᠷᠦᠰᠤᠨ ᠳᠤ

ᠭᠡᠳᠦᠡᠳᠡ ᠭᠦᠯᠪᠠᠷᠢᠨ ᠪᠣᠰᠴᠤ

ᠤᠶᠠᠩ‍ᠭ᠎ᠠ ᠶᠢᠨ ᠳᠤᠩᠭ᠋ᠠᠯᠠᠭ ᠴᠤᠤᠷᠢᠶ᠎ᠠ ᠪᠠᠷ

ᠢᠵᠢᠯᠢ ᠵᠥᠭ᠌ ᠶᠢᠡᠨ ᠦᠷᠰᠠᠨᠠᠮ ︕


ᠵᠤᠬᠢᠶᠠᠭᠴᠢ ᠶᠢᠨ ᠬᠠ‍‌ᠶᠢᠭ ᠄ ᠵᠡᠭᠦᠨ ᠪᠠᠭᠠᠷᠢᠨ

ᠵᠤᠬᠢᠶᠠᠭᠴᠢ᠄ ᠪᠠᠶᠠᠭᠤᠳ ᠰᠦᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2627
ᠴᠠᠭ᠄ 2011 ᠤᠨ ᠤ 11 ᠰᠠᠷ᠎ᠠ ᠶᠢᠨ 04
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ