☆ ᠪᠦᠬᠡᠵᠢᠷᠭᠠᠯ
ᠠᠰᠬᠠᠳᠤ ᠶᠢᠨ ᠮᠠᠭᠳᠠᠭᠤ
ᠪᠠᠬᠠᠷᠤᠯᠳᠤ ᠰᠠᠢ᠌ᠬᠠᠨ ᠦᠵᠡᠮᠵᠢ ᠪᠠᠷ ᠶᠢᠡᠨ ᠨᠢᠳᠤ ᠰᠡᠳᠭᠢᠯ ᠢ ᠬᠤᠵᠢᠷᠯᠠᠳᠠᠭ
ᠪᠠᠶᠠᠯᠢᠭ ᠰᠠᠢ᠌ᠬᠠᠨ ᠭᠡᠰᠢᠭ᠍ᠳᠡᠨ ᠤ ᠠᠰᠬᠠᠳᠤ ᠶᠢᠨ ᠴᠢᠯᠠᠭᠤᠨ ᠰᠢᠭᠤᠢ
ᠪᠠᠭᠠᠳᠤᠷᠯᠢᠭ ᠶᠠᠰᠤᠳᠠᠨ ᠮᠤᠩᠭ᠋ᠤᠯᠴᠤᠳ ᠤᠨ ᠬᠠᠮᠠᠭᠠᠯᠠᠵᠤ ᠢᠷᠡᠭ᠍ᠰᠡᠨ ᠥᠯᠦᠭᠡᠢ
ᠪᠠᠶᠠᠨ ᠪᠠᠢ᠌ᠭᠠᠯᠢ ᠶᠢᠨ ᠰᠠᠢ᠌ᠬᠠᠨ ᠢ ᠳᠠᠶᠠᠭᠠᠷ ᠲᠤ ᠭᠠᠢ᠌ᠬᠠᠭᠤᠯᠤᠭᠰᠠᠨ ᠵᠢᠷᠤᠭ
ᠶᠠᠭᠠᠷᠠᠯ ᠦᠭᠡᠶ ᠵᠠᠬ᠎ᠠ ᠪᠠᠷ ᠨᠢ ᠰᠤᠨᠢᠷᠬᠠᠵᠤ ᠶᠠᠪᠣᠪᠠᠯ
ᠶᠠᠩᠵᠤ ᠶᠢᠨ ᠬᠠᠳᠠᠤᠨ ᠬᠠᠷᠠᠭᠠᠨ ᠳᠤ ᠴᠢᠨᠢ ᠳᠤᠳᠤᠷᠠᠬᠤ ᠶᠤᠮ
ᠬᠠᠯᠠᠰᠢᠷᠠᠯ ᠦᠭᠡᠶ ᠰᠠᠢ᠌ᠬᠠᠨ ᠠᠵᠢᠭᠯᠠᠵᠤ ᠶᠠᠪᠣᠪᠠᠯ
ᠬᠠᠴᠢᠨ ᠦᠵᠡᠮᠵᠢ ᠨᠢ ᠪᠠᠬᠠᠷᠤᠯ ᠢ ᠴᠢᠨᠢ ᠳᠠᠳᠠᠬᠤ ᠶᠤᠮ
ᠡᠷᠳᠡᠮ ᠰᠤᠶᠤᠯ ᠤᠨ ᠨᠢᠭᠤᠴᠠ ᠶᠢ ᠬᠠᠳᠠᠭᠠᠯᠠᠭᠰᠠᠨ ᠰᠤᠳᠤᠷ ᠤᠨ ᠣᠪᠣᠭ᠎ᠠ ᠰᠢᠭ ᠬᠠᠳᠠ ᠪᠣᠢ
ᠡᠷᠳᠡᠨᠢ ᠠᠯᠳᠠ ᠪᠠᠨ ᠨᠥᠭᠡᠴᠡᠯᠡᠨ ᠬᠠᠳᠠᠭᠠᠯᠠᠭᠰᠠᠨ ᠠᠪᠳᠠᠷ᠎ᠠ ᠬᠤᠷᠭᠤ ᠰᠢᠭ ᠬᠠᠳᠠ ᠪᠣᠢ
ᠬᠤᠯᠠ ᠶᠢᠨ ᠵᠤᠴᠢᠨ ᠶᠢᠡᠨ ᠣᠭᠳᠤᠨ ᠪᠠᠢ᠌ᠳᠠᠭ ᠮᠤᠷᠢᠨ ᠣᠶᠠᠭ᠎ᠠ ᠰᠢᠭ ᠬᠠᠳᠠ ᠪᠣᠢ
ᠬᠣᠢ᠌ᠮᠤᠷ ᠳᠤᠮᠳᠠ ᠪᠠᠨ ᠵᠤᠴᠢᠨ ᠶᠢᠡᠨ ᠭᠦᠡᠳᠦᠯᠡᠭᠦ ᠰᠢᠷᠡᠭᠡ ᠵᠠᠰᠠᠯᠭ᠎ᠠ ᠰᠢᠭ ᠬᠠᠳᠠ ᠪᠣᠢ
ᠰᠡᠭᠦᠯ ᠳᠠᠯ ᠶᠢᠡᠨ ᠪᠣᠰᠬᠠᠨ ᠨᠠᠳᠬᠤᠬᠤ ᠠᠳᠤᠭᠤᠨ ᠰᠥᠷᠦᠭ᠌ ᠰᠢᠭ᠌ ᠬᠠᠳᠠ ᠪᠣᠢ
ᠰᠠᠯᠭᠢ ᠰᠦᠷᠤᠨ ᠠᠯᠬᠤᠯᠠᠨ ᠪᠠᠢ᠌ᠬᠤ ᠠᠳᠠᠨ ᠳᠡᠮᠡᠭᠡ ᠰᠢᠭ᠌ ᠬᠠᠳᠠ ᠪᠣᠢ
ᠵᠤᠨ ᠤ ᠬᠠᠯᠠᠭᠤᠨ ᠳᠤ ᠪᠦᠭ᠍ᠰᠢᠨ ᠵᠤᠭᠰᠤᠭ᠎ᠠ ᠬᠤᠨᠢᠨ ᠰᠥᠷᠦᠭ᠌ ᠰᠢᠭ᠌ ᠬᠠᠳᠠ ᠪᠣᠢ
ᠵᠤ᠋ ᠨᠢᠷᠤᠭᠤ ᠨᠢ ᠳᠡᠭ᠍ᠰᠢᠭᠡᠨ ᠦᠨᠢᠶ᠎ᠡ ᠪᠢᠷᠠᠭᠤ ᠰᠢᠭ ᠬᠠᠳᠠ ᠪᠣᠢ
ᠳᠠᠯ᠎ᠠ ᠶᠢᠨ ᠭᠠᠷᠤᠯᠳᠠ ᠪᠠᠨ ᠰᠤᠯᠢᠯᠴᠠᠵᠤ ᠶᠠᠪᠣᠭ᠎ᠠ ᠠᠴᠢᠶᠠᠨ ᠤ ᠮᠠᠰᠢᠨ ᠰᠢᠭ ᠬᠠᠳᠠ ᠪᠣᠢ
ᠳᠠᠩᠰᠤᠭ ᠬᠤᠷᠢᠶᠠᠯᠳᠠ ᠪᠠᠨ ᠵᠥᠭᠡᠭᠡᠪᠦᠷᠢᠯᠡᠵᠤ ᠶᠠᠭᠠᠷᠠᠭ᠎ᠠ ᠭᠦᠯᠭᠡ ᠣᠩᠭ᠋ᠤᠴᠠ ᠰᠢᠭ ᠬᠠᠳᠠ ᠪᠣᠢ
ᠬᠡ ᠣᠭᠠᠯᠵᠠ ᠪᠠᠷ ᠰᠠᠢ᠌ᠯᠵᠤ ᠴᠢᠮᠡᠭ᠍ᠰᠡᠨ ᠭᠡᠷ ᠮᠠᠢ᠌ᠬᠠᠨ ᠰᠢᠭ ᠬᠠᠳᠠ ᠪᠣᠢ
ᠭᠡᠢ᠌ᠴᠢᠨ ᠶᠢᠡᠨ ᠠᠮᠤᠰᠭᠢᠭᠤᠯᠬᠤ ᠪᠠᠷ ᠪᠡᠯᠡᠳᠭᠡᠵᠤ ᠵᠠᠰᠠᠭᠰᠠᠨ ᠬᠠᠠᠵᠤ ᠣᠷᠤ ᠰᠢᠭ᠌ ᠬᠠᠳᠠ ᠪᠣᠢ
ᠰᠥᠪᠠᠭᠡ ᠳᠤᠯᠤᠨ ᠵᠤᠭᠰᠤᠭᠰᠠᠨ ᠪᠦᠭᠡᠴᠢᠨ ᠤ ᠰᠦᠷ ᠲᠡᠶ ᠬᠠᠳᠠ ᠪᠣᠢ
ᠰᠦᠨ ᠳᠦᠷᠦᠭᠡ ᠳᠤᠭᠣᠢ᠌ᠯᠠᠭᠰᠠᠨ ᠪᠠᠷᠢ ᠶᠢᠨ ᠨᠠᠮᠪᠠ ᠲᠡᠶ ᠬᠠᠳᠠ ᠪᠣᠢ
ᠭᠦᠯᠦᠭ᠌ ᠤᠨ ᠨᠢᠷᠤᠭᠤᠨ ᠳᠤ ᠰᠡᠭᠦᠢᠭᠦ ᠠᠳᠤᠭᠤᠴᠢᠨ ᠵᠠᠯᠠᠭᠤ ᠰᠢᠭ ᠬᠠᠳᠠ ᠪᠣᠢ
ᠭᠦᠳᠡᠭᠡ ᠳᠠᠯ᠎ᠠ ᠳᠠᠭᠠᠨ ᠪᠦᠵᠢᠭᠯᠡᠭᠦ ᠬᠤᠨᠢᠴᠢᠨ ᠭᠡᠦᠭᠡᠨ ᠰᠢᠭ᠌ ᠬᠠᠳᠠ ᠪᠣᠢ
ᠳᠦᠷᠪᠠᠳᠡᠭ᠍ᠴᠢ ᠭᠠᠯᠪᠠ ᠶᠢᠨ ᠮᠥᠰᠦᠳᠦᠯᠭᠡ ᠶᠢᠨ ᠦᠶ᠎ᠡ ᠳ᠋ᠠᠭᠢ
ᠳᠡᠯᠡᠭᠡᠢ ᠡᠭᠡ ᠶᠢᠨ ᠣᠷᠠᠯᠠᠯ ᠶᠤᠮᠰᠠᠨ ᠡ
ᠳᠠᠶᠠᠩ ᠳᠤ ᠠᠯᠳᠠᠷ ᠲᠡᠶ ᠮᠤᠩᠭ᠋ᠤᠯ ᠳᠠᠭᠠᠨ ᠬᠠᠢ᠌ᠷᠠᠯᠠᠭᠰᠠᠨ
ᠳᠡᠭ᠍ᠷᠢ ᠡᠴᠢᠭᠡ ᠶᠢᠨ ᠱᠠᠩᠨᠠᠯ ᠶᠤᠮᠰᠠᠨ ᠡ
ᠵᠢᠪᠬᠤᠭᠠᠳᠤ ᠰᠠᠢ᠌ᠬᠠᠨ ᠭᠡᠰᠢᠭ᠍ᠳᠡᠨ ᠤ ᠪᠠᠶᠠᠯᠢᠭ ᠳᠦᠷᠭᠦ ᠶᠢᠨ ᠭᠠᠢ᠌ᠬᠠᠭᠤᠯᠤᠯ ᠶᠤᠮᠰᠠᠨ ᠡ
ᠵᠤᠭᠠᠴᠠᠯ ᠤᠨ ᠣᠢ᠌ᠯᠠᠰ ᠢ ᠳᠡᠯᠡᠭᠡᠢ ᠳᠤ ᠬᠠᠠᠳᠤᠭᠤᠯᠬᠤ ᠠᠭᠳᠠ ᠶᠢᠨ ᠳᠤᠷᠭᠠᠨ ᠵᠢᠯᠤᠭᠤ ᠶᠤᠮᠰᠠᠨ ᠡ
ᠴᠢᠨᠡᠭᠡᠯᠢᠭ᠌ ᠵᠥᠭ᠌ ᠢᠳᠠ ᠨᠡᠮᠡᠭᠦᠯᠭᠦ ᠭᠦᠯᠦᠭ᠌ ᠤᠨ ᠠᠯᠳᠠᠨ ᠳᠦᠷᠦᠭᠡ ᠶᠤᠮᠰᠠᠨ ᠡ
ᠴᠢᠨᠠᠭᠰᠢ ᠪᠠᠨ ᠳᠠᠪᠰᠢᠬᠤ ᠪᠠᠷ ᠨᠠᠩ ᠰᠢᠷᠦᠭᠦᠯᠡᠭ᠍ᠰᠡᠨ ᠭᠦᠶᠦᠳᠡᠯ ᠬᠤᠷᠳᠤᠨ ᠵᠡᠭᠡᠷᠳᠡ ᠶᠤᠮᠰᠠᠨ ᠡ᠃
ᠵᠤᠬᠢᠶᠠᠭᠴᠢ ᠶᠢᠨ ᠬᠠᠶᠢᠭ ᠄ ᠭᠡᠰᠢᠭ᠍ᠳᠡᠨ ᠮᠤᠩᠭ᠋ᠤᠯ ᠳᠤᠮᠳᠠᠳᠤ ᠰᠤᠷᠭᠠᠭᠤᠯᠢ
ᠵᠤᠬᠢᠶᠠᠭᠴᠢ᠄ ᠪᠦᠬᠡᠵᠢᠷᠭᠠᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2639
ᠴᠠᠭ᠄ 2010 ᠤᠨ ᠤ 04 ᠰᠠᠷ᠎ᠠ ᠶᠢᠨ 18
ᠨᠠᠢ᠌ᠷᠠᠭᠤᠯᠤᠭᠴᠢ᠄ ᠪᠦᠬᠡᠡᠷᠳᠡᠨᠢ