ᠨᠡᠪᠲᠡᠷᠡᠨ ᠤᠷᠤᠬᠤ
ᠰᠢᠭᠤᠷᠠᠪᠠ

ᠦᠷᠭᠡᠨ ᠭᠤᠪᠢ ᠡᠯᠡᠰᠤ ᠪᠣᠯᠵᠤ ᠰᠢᠭᠤᠷᠠᠪᠠ

ᠦᠩ ᠰᠢᠮᠡᠯᠡᠭ᠌ ᠳᠠᠯ᠎ᠠ ᠬᠤᠷᠪᠠᠢ᠌ᠵᠤ ᠰᠢᠭᠤᠷᠠᠪᠠ

ᠡᠯᠡᠰᠤᠨ ᠳᠠᠯᠢ ᠬᠣᠢ᠌ᠯᠠᠷᠠᠵᠤ ᠰᠢᠭᠤᠷᠠᠪᠠ

ᠨᠠᠭᠤᠷ ᠨᠢ ᠭᠠᠩᠳᠠᠵᠤ ᠰᠢᠭᠤᠷᠠᠪᠠ

ᠨᠤᠭᠤᠰᠤ ᠨᠢ ᠫᠣᠤᠳᠠᠭᠳᠠᠵᠤ ᠰᠢᠭᠤᠷᠠᠪᠠ

ᠴᠠᠢ᠌ᠳᠠᠮ ᠨᠢ ᠬᠤᠵᠢᠷᠰᠢᠵᠤ ᠰᠢᠭᠤᠷᠠᠪᠠ

ᠬᠤᠳᠠ ᠭᠡᠷᠡᠮ ᠨᠢ ᠲᠦᠯᠭᠢᠭ᠍ᠳᠡᠵᠤ ᠰᠢᠭᠤᠷᠠᠪᠠ

ᠬᠤᠨᠢᠨ ᠰᠦᠷᠦᠭ᠌ ᠨᠢ ᠬᠤᠭᠢᠷᠠᠵᠤ ᠰᠢᠭᠤᠷᠠᠪᠠ

ᠳᠡᠮᠡᠭᠡᠨ ᠰᠦᠷᠦᠭ᠌ ᠨᠢ ᠳᠡᠭ᠍ᠷᠢ ᠳᠤ ᠪᠠᠨ ᠰᠢᠭᠤᠷᠠᠪᠠ

ᠥᠭᠡᠷ ᠤᠨ ᠰᠦᠷᠦᠭ᠌ ᠨᠢ ᠪᠣᠯᠠᠭᠳᠠᠵᠤ ᠰᠢᠭᠤᠷᠠᠪᠠ

ᠢᠮᠠᠭᠠᠨ ᠰᠦᠷᠦᠭ᠌ ᠨᠢ ᠳᠡᠭᠡᠭᠡᠭ᠍ᠳᠡᠵᠤ ᠰᠢᠭᠤᠷᠠᠪᠠ

ᠵᠠᠯᠠᠭᠤᠴᠤᠳ ᠨᠢ ᠭᠤᠨᠢᠷᠠᠵᠤ ᠰᠢᠭᠤᠷᠠᠪᠠ

ᠭᠡᠦᠭᠡᠡᠴᠦᠳ ᠨᠢ ᠣᠩᠭ᠋ᠣᠢ᠌ᠵᠤ ᠰᠢᠭᠤᠷᠠᠪᠠ

ᠠᠬᠠᠮᠠᠤᠨ ᠨᠢ ᠠᠰᠠᠷ ᠲᠤ ᠰᠢᠭᠤᠷᠠᠪᠠ

ᠠᠬ᠎ᠠ ᠨᠢ ᠭᠦᠯᠦᠰᠦᠯᠡᠭ᠍ᠳᠡᠵᠤ ᠰᠢᠭᠤᠷᠠᠪᠠ

ᠪᠠᠷᠭᠡᠨ ᠨᠢ ᠮᠠᠭᠠᠵᠢᠶᠠᠩᠳᠠᠵᠤ ᠰᠢᠭᠤᠷᠠᠪᠠ

ᠳᠡᠭᠦᠤ ᠨᠢ ᠳᠡᠷᠭᠡᠳᠡᠵᠤ ᠰᠢᠭᠤᠷᠠᠪᠠ

ᠡᠭᠢᠨᠡᠷ ᠨᠢ ᠠᠷᠢᠭᠢᠳᠠᠵᠤ ᠰᠢᠭᠤᠷᠠᠪᠠ

ᠬᠠᠮᠳᠤ ᠪᠠᠷ ᠶᠢᠡᠨ ᠥᠭᠡᠢ᠌ᠷᠡᠵᠤ ᠰᠢᠭᠤᠷᠠᠪᠠ᠃


ᠵᠤᠬᠢᠶᠠᠭᠴᠢ ᠶᠢᠨ ᠬᠠ‍‌ᠶᠢᠭ ᠄ ᠬᠠᠩᠭᠢᠨ ᠬᠤᠰᠢᠭᠤᠨ ᠤ ᠬᠠᠤᠯᠢ ᠴᠠᠭᠠᠵᠠ ᠶᠢᠨ ᠳᠤᠪᠴᠢᠶ᠎ᠠ

ᠵᠤᠬᠢᠶᠠᠭᠴᠢ᠄ ᠴᠤ᠋·ᠣᠷᠭᠢᠯᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2662
ᠴᠠᠭ᠄ 2012 ᠤᠨ ᠤ 06 ᠰᠠᠷ᠎ᠠ ᠶᠢᠨ 02
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ