ᠨᠡᠪᠲᠡᠷᠡᠨ ᠤᠷᠤᠬᠤ
ᠨᠤᠳᠤᠭ ᠤᠨ ᠦᠴᠢᠯ ᠳᠤᠷᠠᠰᠤᠮᠵᠢ

ᠪᠠᠭ᠎ᠠ ᠨᠠᠰᠤ ᠭᠡᠵᠤ ᠭᠦᠮᠤᠨ ᠤ ᠰᠠᠨᠠᠭᠠᠨ ᠳᠤ ᠦᠨᠢ ᠮᠥᠩᠭᠡ ᠶᠢᠨ ᠰᠠᠢ᠌ᠨ ᠰᠠᠢ᠌ᠬᠠᠨ ᠢ ᠦᠯᠡᠳᠡᠭᠡᠵᠤ᠂ ᠬᠤᠯᠠᠳᠠᠨ ᠤᠳᠳᠠᠭ ᠪᠣᠯᠪᠠᠴᠤ ᠭᠦᠮᠤᠨ ᠤ ᠠᠮᠢᠳᠤᠷᠠᠯ ᠤᠨ ᠠᠯᠳᠠᠨ ᠬᠤᠷᠤᠮ ᠳᠤ ᠨᠢᠭᠡ ᠯᠠ ᠭᠤᠶᠤᠬᠠᠨ ᠴᠤ ᠰᠠᠨᠠᠭᠳᠠᠭᠤᠯᠤᠨ᠎ᠠ᠃ ᠨᠡᠭᠦᠳᠡᠯ ᠤᠨ ᠰᠢᠪᠠᠭᠤ ᠰᠢᠭ ᠨᠢᠰᠦᠭᠡᠳ ᠡᠷᠭᠢᠵᠤ ᠢᠷᠡᠳᠡᠭ᠌ ᠦᠭᠡᠶ ᠪᠠᠭ᠎ᠠ ᠨᠠᠰᠤ ᠭᠡᠵᠤ ᠶᠠᠭᠠᠭᠢᠭᠰᠠᠨ ᠵᠤᠪᠠᠯᠳᠠᠢ ᠴᠤ ᠪᠢᠯᠠ᠃ ᠣᠭᠢᠯᠠᠵᠤ ᠳᠠᠭᠤᠯᠠᠭᠰᠠᠨ ᠳᠤᠮᠤᠭ᠎ᠠ ᠦᠭᠡᠶ ᠡᠳᠦᠷ ᠮᠢᠨᠢ ᠮᠢᠨᠤ ᠰᠡᠳᠭᠢᠯ ᠤᠨ ᠨᠠᠭᠤᠷ ᠲᠤ ᠬᠤᠴᠤᠷᠤᠨ ᠨᠠᠳᠠ ᠳᠤ ᠪᠠᠨ ᠨᠢᠭᠡᠨ ᠰᠠᠢ᠌ᠨ ᠰᠠᠢ᠌ᠬᠠᠨ ᠨᠠᠰᠤᠨ ᠤ ᠵᠡᠭᠦᠳᠤ ᠬᠤᠴᠤᠷᠭᠠᠪᠠ᠃

ᠭᠦᠭᠡᠭᠡ ᠡᠪᠦᠯ ᠤᠨ ᠵᠢᠪᠠᠭᠦᠨ ᠰᠠᠯᠭᠢ ᠰᠢᠭ ᠮᠢᠨᠤ ᠵᠢᠷᠦᠭᠡ ᠰᠡᠳᠭᠢᠯ ᠢ ᠳᠠᠭᠵᠢᠭᠤᠯᠤᠮᠠᠷ ᠪᠠᠢ᠌ᠭ᠎ᠠ ᠰᠡᠳᠭᠢᠯ ᠤᠨ ᠨᠠᠭᠤᠷ ᠡᠴᠠ ᠨᠡᠭᠦᠳᠡᠯ ᠤᠨ ᠰᠢᠪᠠᠭᠤ ᠰᠢᠭ ᠬᠤᠯᠠᠳᠠᠨ ᠣᠳᠤᠭᠰᠠᠨ ᠮᠢᠨᠤ ᠡᠭᠡ ᠨᠤᠳᠤᠭ ᠤᠨ ᠮᠢᠨᠢ ᠰᠠᠢ᠌ᠨ ᠰᠠᠢ᠌ᠬᠠᠨ ᠦᠵᠠᠮᠵᠢ ᠴᠤ ᠪᠠᠢ᠌ᠭ᠎ᠠ ᠪᠢᠯᠠ᠃ ᠠᠢ ᠳ᠋ᠠ ︕ ᠬᠤᠯᠠᠳᠠᠨ ᠤᠳᠬᠤ ᠴᠢᠨᠤ ᠠᠷᠤ ᠡᠴᠠ ᠨᠢᠯᠪᠣᠰᠤ ᠮᠢᠨᠢ ᠶᠠᠭᠤᠨ ᠳᠤ ᠪᠠᠨ ᠣᠨᠠᠪᠠ ︖ ᠭᠤᠮᠤᠳᠠᠯ ᠴᠤ ᠶᠤᠮ ᠦᠦ ︖ ᠣᠴᠠᠷᠠᠯ ᠴᠤ ᠶᠤᠮ ᠦᠦ ︖ ᠵᠤᠪᠠᠯ ᠴᠤ ᠶᠤᠮ ᠦᠦ ︖ ᠡᠰᠡᠭᠦᠯ᠎ᠡ ᠁ ᠠᠢ᠂ ᠦᠪᠡᠷ ᠶᠢᠡᠨ ᠴᠤ ᠡᠰᠡ ᠮᠠᠳᠠᠨ᠎ᠡ᠃

ᠬᠤᠷᠢᠨ ᠨᠠᠰᠤᠨ ᠤ ᠳᠦᠷᠦᠭᠡᠨ ᠳᠡᠭᠡᠷ᠎ᠡ ᠡᠴᠠ ᠶᠠᠪᠣᠵᠤ ᠢᠷᠡᠭ᠍ᠰᠡᠨ ᠮᠦᠷ ᠶᠢᠡᠨ ᠡᠷᠭᠢᠵᠤ ᠥᠭᠡᠢ᠌ᠯᠡᠭᠦ ᠳᠤ ᠳᠠᠷᠠ ᠰᠠᠢ᠌ᠨ ᠰᠠᠢ᠌ᠬᠠᠨ ᠬᠡᠦᠬᠡᠳ ᠨᠠᠰᠤᠨ ᠤ ᠭᠤᠮᠤᠳᠠᠯ ᠪᠠᠶᠠᠰᠤᠯ᠂ ᠨᠢᠯᠪᠣᠰᠤ ᠣᠴᠠᠷᠠᠯ᠂ ᠣᠨᠠᠨ ᠳᠤᠰᠤᠨ ᠭᠦᠶ‍ᠦᠵᠤ ᠮᠠᠩᠬᠠᠨ ᠳᠡᠭᠡᠷ᠎ᠡ ᠠᠯᠢᠶᠠᠯᠠᠨ ᠳᠤᠭᠯᠠᠵᠤ ᠦᠯᠡᠳᠡᠭᠡᠭ᠍ᠰᠡᠨ ᠨᠢᠴᠦᠭᠦᠨ ᠮᠦᠷ ᠶᠢᠡᠨ ᠬᠠᠷᠠᠭᠠᠤᠨ ᠶᠠᠭᠤ ᠨᠢᠭᠡ ᠶᠢ ᠥᠭᠡᠯᠳᠡᠢ ᠴᠤ ᠪᠢᠯᠠ᠃ ᠮᠢᠨᠤ ᠰᠡᠳᠭᠢᠯ ᠤᠨ ᠳᠡᠭ᠍ᠷᠢ ᠳ᠋ᠠᠭᠢ ᠪᠣᠳᠤᠯ ᠳᠤ ᠪᠠᠨ ᠨᠢᠭᠤᠭᠳᠠᠭᠰᠠᠨ ᠪᠦᠭᠦᠨ ᠢ ᠪᠠᠨ ᠴᠡᠩᠭᠡᠷ ᠳᠡᠭ᠍ᠷᠢ ᠳᠡᠭᠡᠨ ᠣᠷᠭᠢᠶ᠎ᠠ᠃ ᠡᠭᠡ ᠨᠤᠳᠤᠭ ᠤᠨ ᠮᠢᠨᠢ ᠨᠤᠶᠠᠨ ᠰᠠᠯᠭᠢ ᠨᠢᠭᠤᠷ ᠨᠢᠳᠤ ᠶᠢ ᠮᠢᠨᠢ ᠭᠤᠶᠠᠳᠠᠵᠤ ᠨᠠᠳᠠ ᠳᠤ ᠶᠠᠭᠤ ᠨᠢᠭᠡ ᠶᠢ ᠰᠢᠪᠠᠨᠡᠭᠡ ᠰᠢᠭ᠌᠃ ᠭᠦᠭᠡ ᠳᠡᠭ᠍ᠷᠢ ᠳᠡᠭᠡᠨ ᠭᠦᠰᠡᠯ ᠶᠢᠡᠨ ᠬᠠᠢ᠌ᠷᠠᠯᠠᠵᠤ᠂ ᠡᠯᠢᠭᠡᠨ ᠬᠠᠢ᠌ᠷᠠᠳᠤ ᠡᠭᠡ ᠣᠷᠤᠨ ᠳᠠᠭᠠᠨ ᠪᠢ ᠭᠢᠵᠠᠭᠠᠷ ᠦᠭᠡᠶ ᠶᠡᠭᠡ ᠭᠦᠰᠡᠯ ᠶᠢᠡᠨ ᠢᠯᠡᠭᠡᠵᠤ᠂ ᠬᠠᠷᠠᠮᠰᠠᠯ᠂ ᠭᠤᠮᠤᠳᠠᠯ᠂ ᠣᠴᠠᠭᠠᠷᠯᠠᠯ᠂ ᠠᠭᠤᠴᠢᠯᠠᠯ ᠪᠦᠭᠦᠨ ᠲᠡᠶ ᠵᠡᠷᠭᠡᠴᠡᠭᠦᠯᠤᠨ᠂ ᠪᠠᠭ᠎ᠠ ᠪᠠᠯᠴᠢᠷ ᠪᠣᠳᠤᠯ ᠳᠠᠭᠠᠨ ᠪᠠᠶᠠᠰᠤᠯ ᠤᠨ ᠮᠦᠰᠢᠶᠠᠳᠤ ᠪᠢᠯᠬᠠᠭᠤᠯᠵᠤ ᠶᠠᠪᠣᠭᠰᠠᠨ᠃ ᠭᠦᠪᠠᠭᠡ ᠭᠢᠵᠠᠭᠠᠷ ᠦᠭᠡᠶ ᠠᠭᠤᠳᠠᠮ ᠳᠠᠯ᠎ᠠ ᠪᠠᠷ ᠮᠠᠯ ᠰᠦᠷᠦᠭ᠌ ᠶᠢᠡᠨ ᠪᠠᠯᠴᠢᠭᠡᠵᠤ᠂ ᠨᠠᠷᠠᠨ ᠤ ᠰᠠᠢ᠌ᠬᠠᠨ ᠢ ᠡᠳ᠋ᠯᠡᠵᠤ ᠰᠠᠭᠤᠭ᠎ᠠ ᠮᠠᠯᠴᠢᠨ ᠲᠦᠮᠡᠨ ᠮᠢᠨᠢ ᠬᠠᠢ᠌ᠷᠠᠯᠠᠯᠳᠠᠢ᠃ ᠥᠩᠭᠡ ᠶᠢᠨ ᠴᠡᠴᠡᠭ᠌ ᠬᠠᠶᠠ ᠦᠭᠡᠶ ᠮᠢᠷᠠᠯᠵᠠᠵᠤ᠂ ᠦᠨᠢᠷ ᠰᠠᠢ᠌ᠬᠠᠨ ᠴᠡᠴᠡᠭ᠌ ᠤᠨ ᠦᠨᠦᠷ ᠬᠠᠩᠬᠤᠯᠤᠨ ᠰᠡᠳᠭᠢᠯ ᠶᠠᠭᠤᠳᠠᠢ ᠴᠤ ᠨᠢᠭᠡ ᠶᠢ ᠰᠡᠷᠭᠦᠭᠡᠨ᠎ᠡ᠃ ᠭᠦᠰᠡᠵᠤ ᠮᠦᠷᠦᠭᠡᠳᠦᠭ᠍ᠰᠡᠨ ᠨᠤᠳᠤᠭ ᠤᠨ ᠶᠢᠡᠨ ᠭᠤᠤᠯ ᠭᠤᠷᠤᠬ᠎ᠠ ᠶᠢ ᠬᠠᠷᠠᠭᠠᠤᠨ ᠰᠡᠳᠭᠢᠯ ᠨᠢᠭᠡ ᠰᠢᠮᠰᠢᠷᠠᠪᠠ᠃ ᠠᠢ ᠳ᠋ᠠ ︕ ᠪᠣᠭᠤᠷᠤᠯ ᠨᠤᠳᠤᠭ ᠤᠨ ᠮᠢᠨᠢ ᠨᠠᠪᠳᠠᠭ ᠰᠠᠪᠳᠠᠭ᠂ ᠡᠨᠡ ᠨᠤᠳᠤᠭ ᠢ ᠮᠢᠨᠢ ᠡᠭᠦᠷᠢᠳᠡ ᠰᠠᠭᠢᠵᠤ ᠰᠠᠭᠤᠭ᠎ᠠ ᠠᠮᠢᠨ ᠭᠤᠤᠯ ᠮᠢᠨᠢ᠃ ᠡᠭᠦᠨ ᠢ ᠪᠠᠨ ᠬᠠᠷᠠᠭᠠᠤᠨ ᠶᠠᠭᠤ ᠨᠢᠭᠡ ᠶᠢ ᠭᠡᠯᠡᠯᠳᠡᠢ ᠴᠤ ᠪᠢᠯᠠ᠃ ᠠᠢ ᠭᠦᠭᠡᠷᠦᠭᠦᠢ᠂ ᠨᠤᠳᠤᠭ ᠤᠨ ᠮᠢᠨᠢ ᠭᠤᠤᠯ ᠭᠤᠷᠤᠬ᠎ᠠ ︕ ᠬᠠᠪᠣᠷ ᠤᠨ ᠬᠠᠷ᠎ᠠ ᠰᠠᠯᠭᠢᠨ ᠳᠤ ᠬᠠᠢ᠌ᠷ ᠨᠠᠢ᠌ᠷ ᠦᠭᠡᠶ ᠵᠤᠳᠤᠭᠤᠯᠵᠤ ᠴᠤ ᠪᠠᠢ᠌ᠭᠰᠠᠭᠠᠷ ᠭᠤᠤᠯ ᠮᠢᠨᠢ ᠣᠰᠤ ᠪᠠᠨ ᠬᠠᠷᠠᠮᠨᠠᠭᠰᠠᠨ ᠴᠤ ᠶᠤᠮᠰᠢᠭ ᠣᠰᠤ ᠪᠠᠨ ᠬᠤᠷᠢᠶᠠᠵᠤ ᠠᠪᠣᠪᠠ᠃ ᠨᠤᠳᠤᠭ ᠤᠨ ᠮᠢᠨᠢ ᠭᠤᠤᠯ ᠁ ᠮᠢᠨᠤ ᠣᠭᠢᠯᠠᠵᠤ ᠦᠰᠦᠭ᠍ᠰᠡᠨ ᠠᠮᠢᠨ ᠭᠤᠤᠯ᠂ ᠨᠤᠳᠤᠭ ᠤᠨ ᠮᠢᠨᠢ ᠭᠤᠤᠯ ᠁ ᠮᠢᠨᠤ ᠪᠠᠭ᠎ᠠ ᠨᠠᠰᠤᠨ ᠤ ᠣᠨᠠᠭᠠᠨ ᠳᠤᠷᠠᠳᠬᠠᠯ᠃ ᠰᠢᠷᠭᠢᠵᠤ ᠬᠠᠳᠠᠭᠰᠠᠨ ᠭᠤᠤᠯ ᠶᠢᠡᠨ ᠬᠠᠷᠠᠭᠠᠤᠨ ᠵᠢᠷᠦᠭᠡ ᠰᠡᠳᠭᠢᠯ ᠮᠢᠨᠢ ᠶᠠᠷᠤ ᠨᠢᠭᠡ ᠣᠭᠢᠯᠠᠮᠠᠷ ᠰᠢᠭ᠃ ᠥᠩᠭᠡᠷᠡᠭ᠍ᠰᠡᠨ ᠤ ᠳᠠᠷᠠ ᠨᠢᠭᠡᠨ ᠬᠠᠷᠠᠭ᠎ᠠ ᠪᠠᠶᠠᠰᠬᠠᠮᠠᠷ ᠭᠤᠸ᠎ᠠ ᠰᠠᠢ᠌ᠬᠠᠨ ᠦᠵᠠᠮᠵᠢᠳᠤ ᠨᠤᠳᠤᠭ ᠮᠢᠨᠢ ᠬᠠᠮᠢᠭ᠎ᠠ ᠶᠠᠪᠣᠴᠢᠬᠠᠪᠠ ᠦᠦ ︖ ᠭᠤᠤᠯ ᠤᠨ ᠣᠰᠤ ᠮᠢᠨᠢ ᠶᠠᠭᠤᠨ ᠳᠤ ᠪᠠᠨ ᠭᠤᠮᠤᠳᠠᠪᠠ ︖ ᠡᠵᠢ ᠨᠤᠳᠤᠭ ᠮᠢᠨᠢ ᠶᠠᠭᠤᠨ ᠳᠤ ᠪᠠᠨ ᠣᠭᠢᠯᠠᠪᠠ ᠦᠦ ︖ ᠡᠨᠡ ᠪᠦᠭᠦᠨ ᠢ ᠪᠣᠳᠤᠬᠤ ᠳᠤ ᠡᠭᠡ ᠨᠤᠳᠤᠭ ᠤᠨ ᠮᠢᠨᠢ ᠣᠤᠯ ᠦᠵᠠᠮᠵᠢ ᠪᠠᠢ᠌ᠳᠠᠯ ᠨᠢᠳᠤᠨ ᠳᠤ ᠮᠢᠨᠢ ᠢᠯᠠᠷᠠᠪᠠ᠃ ᠳᠠᠷᠭᠤᠨ ᠰᠦᠷᠦᠭ᠌ ᠳᠠᠯ᠎ᠠ ᠪᠠᠷ ᠳᠠᠪᠠᠳᠠᠢ ᠰᠠᠢ᠌ᠬᠠᠨ ᠪᠠᠯᠴᠢᠵᠤ᠂ ᠭᠤᠤᠯ ᠭᠤᠷᠤᠬ᠎ᠠ ᠭᠤᠷᠴᠢᠭᠢᠨᠠᠨ ᠣᠷᠤᠰᠴᠤ᠂ ᠡᠪᠦᠳᠦᠭ᠌ ᠦᠨᠳᠦᠷ ᠨᠤᠭᠤᠭᠠᠨ ᠡᠪᠠᠰᠤ ᠬᠠᠯᠢᠭᠤᠷᠠᠨ᠎ᠠ᠃ ᠡᠨᠡ ᠴᠠᠭ ᠮᠦᠴᠡ᠂ ᠡᠨᠡ ᠰᠠᠢ᠌ᠬᠠᠨ ᠪᠦᠭᠦᠨ ᠮᠢᠨᠢ ᠶᠠᠭᠤᠨ ᠳᠤ ᠶᠠᠭᠤᠨ ᠡᠴᠠ ᠪᠣᠯᠵᠤ ᠬᠤᠪᠢᠷᠠᠪᠠ ᠦᠦ ︖ ᠭᠦᠮᠤᠨ ᠳᠦᠷᠤᠯᠭᠢᠳᠠᠨ ᠮᠢᠨᠢ ᠬᠤᠭ ᠨᠤᠪᠰᠢ ᠪᠠᠨ ᠳᠤᠷ᠎ᠠ ᠪᠠᠷ ᠶᠢᠡᠨ ᠬᠠᠶᠠᠵᠤ᠂ ᠣᠰᠤ ᠪᠠᠨ ᠠᠷᠪᠢᠯᠠᠨ ᠭᠠᠮᠨᠠᠬᠤ ᠦᠭᠡᠶ ᠡᠴᠠ ᠪᠣᠯᠪᠠ ᠦᠦ ︖ ᠬᠠᠷᠢᠨ ᠪᠣᠵᠠᠷ ᠭᠡᠢ ᠳᠡᠭ᠍ᠷᠢ ᠶᠢ ᠪᠦᠷᠭᠦᠵᠤ᠂ ᠪᠣᠷᠬᠠᠨ ᠳᠡᠭ᠍ᠷᠢ ᠪᠠᠨ ᠭᠤᠮᠤᠳᠠᠭᠠᠭᠰᠠᠨ ᠡᠴᠠ ᠴᠤ ᠪᠣᠯᠪᠠ ᠦᠦ ︖ ᠪᠣᠵᠠᠷ ᠣᠰᠤ ᠪᠠᠨ ᠭᠤᠤᠯ ᠭᠤᠷᠤᠬ᠎ᠠ ᠳᠠᠭᠠᠨ ᠬᠠᠮᠢᠶ᠎ᠠ ᠨᠠᠮᠢᠶ᠎ᠠ ᠦᠭᠡᠶ ᠭᠢᠵᠤ ᠭᠤᠤᠯ ᠤᠨ ᠰᠠᠭᠢᠭᠤᠯᠰᠤᠨ ᠶᠢᠡᠨ ᠪᠣᠵᠠᠷᠳᠠᠭᠤᠯᠤᠭᠰᠠᠨ ᠡᠴᠠ ᠴᠤ ᠪᠣᠯᠪᠠ ᠦᠦ ︖ ᠣᠢ ᠮᠤᠳᠤ ᠪᠠᠨ ᠳᠤᠷ᠎ᠠ ᠪᠠᠷ ᠣᠭᠳᠤᠯᠵᠤ ᠮᠤᠳᠤᠨ ᠰᠠᠭᠢᠭᠤᠯᠰᠤᠨ ᠶᠢᠡᠨ ᠭᠤᠮᠤᠳᠠᠭᠠᠭᠰᠠᠨ ᠡᠴᠠ ᠴᠤ ᠪᠣᠯᠪᠠ ᠦᠦ ︖ ᠨᠢᠭᠡ ᠮᠡᠳᠡᠭᠦ ᠳᠤ ᠡᠨᠡ ᠪᠦᠭᠦᠨ ᠮᠢᠨᠢ ᠶᠠᠷᠤ ᠨᠢᠭᠡ ᠣᠷᠣᠢ᠌ᠳᠠᠭᠰᠠᠨ ᠰᠢᠭ᠃ ᠣᠴᠢᠷ ᠢ ᠥᠭᠡᠯᠡᠳᠡᠭ᠌ ᠣᠷᠴᠢᠨ ᠠᠬᠤᠢ ᠮᠢᠨᠢ ᠭᠤᠮᠤᠷᠬᠠᠭᠰᠠᠨ ᠰᠢᠭ᠃ ᠨᠤᠳᠤᠭ ᠤᠨ ᠰᠠᠭᠢᠭᠤᠯᠰᠤᠨ ᠮᠢᠨᠢ ᠠᠭᠤᠷᠯᠠᠭ᠎ᠠ ᠰᠢᠭ᠃ ᠠᠢ ᠳ᠋ᠠ ︕ ᠡᠨᠡ ᠪᠦᠭᠦᠨ ᠢ ᠪᠣᠳᠤᠬᠤ ᠳᠤ ᠰᠡᠳᠭᠢᠯ ᠶᠠᠷᠤ ᠨᠢᠭᠡ ᠭᠦᠡᠳᠤ ᠪᠠᠢ᠌ᠭ᠎ᠠ᠃

ᠬᠤᠯᠠ ᠡᠴᠠ ᠰᠥᠡᠳᠡᠷᠯᠡᠭᠦ ᠳᠠᠷᠠ ᠨᠢᠭᠡᠨ ᠦᠨᠦᠴᠢᠨ ᠴᠠᠭᠠᠨ ᠣᠪᠣᠭ᠎ᠠ ᠪᠠᠨ ᠬᠠᠷᠠᠭᠠᠤᠨ ᠶᠠᠭᠤ ᠨᠢᠭᠡ ᠶᠢ ᠪᠣᠳᠤᠯᠳᠠᠢ ᠴᠤ ᠪᠢᠯᠠ᠃ ᠭᠤᠨᠢᠭ ᠤᠨ ᠭᠠᠰᠢᠭᠤᠨ ᠣᠨᠢᠶᠠᠷ ᠲᠤ ᠪᠦᠷᠭᠦᠭ᠍ᠳᠡᠭ᠍ᠰᠡᠨ ᠬᠤᠯᠠ ᠶᠢᠨ ᠳᠠᠷᠠ ᠨᠢᠭᠡᠨ ᠦᠨᠦᠴᠢᠨ ᠴᠠᠭᠠᠨ ᠣᠪᠣᠭ᠎ᠠ ᠳᠤ ᠪᠠᠨ ᠬᠠᠳᠠᠭ ᠳᠠᠯᠪᠢᠵᠤ ᠰᠠᠷᠵᠢᠮ ᠡᠷᠭᠦᠭᠦ ᠪᠠᠷ ᠵᠢᠷᠦᠭᠡᠨ ᠤ ᠭᠤᠨᠢᠭ ᠶᠢᠡᠨ ᠬᠠᠶᠠᠵᠤ ᠳᠡᠭᠡᠭ᠍ᠰᠢ ᠮᠠᠴᠤᠯ᠎ᠠ ᠪᠢ᠃ ᠠᠢ ᠳ᠋ᠠ ︕ ᠭᠦᠭᠡᠷᠦᠭᠦᠢ᠂ ᠡᠭᠡ ᠨᠤᠳᠤᠭ ᠤᠨ ᠮᠢᠨᠢ ᠨᠠᠪᠳᠠᠭ ᠰᠠᠪᠳᠠᠭ ᠢ ᠳᠡᠭᠡᠵᠢᠯᠡᠨ ᠰᠠᠭᠤᠭ᠎ᠠ ᠡᠨᠡ ᠨᠤᠳᠤᠭ ᠤᠨ ᠡᠴᠦᠰ ᠤᠨ ᠨᠢᠭᠡᠨ ᠪᠣᠷᠤ ᠪᠦᠰᠡᠭᠦᠢ᠂ ᠡᠵᠢ ᠨᠤᠳᠤᠭ ᠤᠨ ᠬᠣᠢ᠌ᠮᠤᠷ ᠢ ᠭᠠᠭᠴᠠᠭᠠᠷ ᠰᠠᠭᠢᠵᠤ ᠰᠠᠭᠤᠭ᠎ᠠ ᠡᠨᠡ ᠨᠤᠳᠤᠭ ᠤᠨ ᠡᠪᠦᠭᠡᠳ ᠭᠦᠭ᠍ᠰᠢᠳ ᠲᠡᠶ ᠨᠠᠰᠤᠨ ᠥᠡᠳᠦᠷᠯᠡᠭᠦ ᠶᠢᠨ ᠡᠴᠦᠰ ᠲᠤ ᠬᠠᠮᠤᠭ ᠰᠡᠭᠦᠯᠴᠢ ᠶᠢᠨ ᠨᠢᠭᠡᠨ ᠵᠤᠯᠭᠠᠯᠳᠠ ᠭᠢᠭᠦ ᠭᠡᠵᠤ ᠪᠠᠢ᠌ᠭ᠎ᠠ᠃ ᠶᠠᠭᠠᠭᠢᠬᠤ ᠶᠢᠨ ᠴᠤ ᠠᠷᠭ᠎ᠠ ᠦᠭᠡᠶ ᠡᠨᠡ ᠨᠤᠳᠤᠭ ᠲᠤ ᠪᠠᠨ ᠪᠢ ᠬᠠᠢ᠌ᠷᠠᠳᠠᠢ ᠰᠢᠤ᠃

ᠡᠭᠡ ᠨᠤᠳᠤᠭ ᠤᠨ ᠮᠢᠨᠢ ᠨᠤᠶᠠᠨ ᠰᠠᠯᠭᠢ ᠭᠤᠨᠢᠭ ᠢ ᠳᠠᠢ᠌ᠯᠬᠤ ᠭᠡᠵᠤ ᠪᠠᠢ᠌ᠭ᠎ᠠ ᠰᠢᠭ ᠬᠠᠴᠠᠷ ᠢ ᠮᠢᠨᠢ ᠵᠥᠭᠡᠯᠡᠨ ᠳᠠᠭᠠᠯᠠᠨ᠎ᠠ᠃ ᠴᠡᠩᠭᠡᠷ ᠭᠦᠭᠡ ᠳᠡᠭ᠍ᠷᠢ ᠳᠡᠭᠡᠨ ᠭᠦᠰᠡᠯ ᠶᠢᠡᠨ ᠢᠯᠡᠭᠡᠵᠤ ᠰᠦᠨ ᠴᠠᠭᠠᠨ ᠵᠦᠩᠨᠠᠯ ᠬᠠᠢ᠌ᠷᠠᠯᠠᠶ᠎ᠠ᠃ ᠬᠠᠮᠤᠭ ᠡᠴᠠ ᠠᠷᠢᠭᠤᠬᠠᠨ ᠬᠠᠳᠠᠭ ᠶᠢᠡᠨ ᠡᠷᠭᠦᠵᠤ᠂ ᠨᠡᠭᠦᠳᠡᠯ ᠤᠨ ᠰᠢᠪᠠᠭᠤ ᠲᠡᠶ ᠪᠠᠨ ᠬᠠᠮᠤᠭ ᠤᠨ ᠡᠷᠭᠢᠮ ᠭᠦᠰᠡᠯ ᠵᠦᠩᠨᠠᠯ ᠶᠢᠡᠨ ᠡᠷᠭᠦᠶ᠎ᠡ᠃ ᠴᠢᠩᠭᠢᠰ ᠢᠵᠠᠭᠤᠷ᠂ ᠳᠡᠭ᠍ᠷᠢ ᠳᠠᠯ᠎ᠠ ᠳᠠᠭᠠᠨ ᠪᠢ ᠬᠠᠢ᠌ᠷᠠᠳᠠᠢ ᠰᠢᠤ᠃

ᠮᠢᠨᠤ ᠡᠭᠡ ᠨᠤᠳᠤᠭ ︕

ᠵᠢᠷᠦᠭᠡ ᠰᠡᠳᠭᠢᠯ ᠤᠨ ᠮᠢᠨᠢ ᠣᠶᠠᠭ᠎ᠠ᠂

ᠮᠢᠨᠤ ᠳᠦᠷᠦᠭ᠍ᠰᠡᠨ ᠦᠯᠦᠭᠡᠢ ︕

ᠮᠥᠩᠭᠡ ᠬᠠᠢ᠌ᠷ᠎ᠠ ᠶᠢᠨ ᠮᠢᠨᠢ ᠰᠦᠨ ᠴᠠᠭᠠᠨ ᠳᠤᠷᠠᠳᠬᠠᠯ᠃


ᠵᠤᠬᠢᠶᠠᠭᠴᠢ ᠶᠢᠨ ᠬᠠ‍‌ᠶᠢᠭ ᠄ ᠣᠷᠳᠤᠰ ᠬᠤᠳᠠ ᠶᠢᠨ ᠡᠵᠡᠨ ᠬᠤᠷᠤᠭ᠎ᠠ ᠬᠤᠰᠢᠭᠤᠨ ᠤ ᠮᠤᠩᠭ᠋ᠤᠯ ᠦᠨᠳᠦᠰᠦᠳᠠᠨ ᠤ ᠴᠡᠴᠡᠷᠯᠢᠭ᠌

ᠵᠤᠬᠢᠶᠠᠭᠴᠢ᠄ ᠴᠠᠰᠤᠨ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠨᠠᠢᠷᠠᠭᠤᠯᠤᠯ
ᠳᠠᠷᠤᠮ᠄ 69867
ᠴᠠᠭ᠄ 2013 ᠤᠨ ᠤ 06 ᠰᠠᠷ᠎ᠠ ᠶᠢᠨ 07
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ