ᠨᠡᠪᠲᠡᠷᠡᠨ ᠤᠷᠤᠬᠤ
ᠵᠥᠪᠭᠡᠨ ᠴᠢᠮ᠎ᠠ ᠳᠠᠭᠠᠨ ᠭᠡᠯᠡᠭᠦ ᠥᠭᠡ

ᠬᠠᠷᠢ ᠨᠤᠳᠤᠭ ᠤᠨ ᠦᠬᠢᠨ ᠴᠢᠮ᠎ᠠ ᠳ᠋ᠤ

ᠥᠭᠡ ᠰᠡᠳᠭᠢᠯ ᠳᠦᠭᠦᠷᠡᠩ ᠴᠤ

ᠬᠠᠵᠠᠭᠤ ᠳᠤ ᠴᠢᠨᠢ ᠪᠣᠯᠤᠭᠠᠤᠨ

ᠳᠡᠷᠭᠡᠳᠡ ᠴᠢᠨᠢ ᠪᠠᠢ᠌ᠬᠤ ᠳ᠋ᠤ

ᠭᠡᠯᠡᠵᠤ ᠴᠢᠳᠠᠯ ᠦᠭᠡᠶ ᠳᠡᠩᠳᠡᠷᠡᠭᠡᠳ ᠪᠠᠢ᠌ᠨ᠎ᠡ᠂

ᠳᠡᠩᠳᠡᠷᠡᠭᠡᠳ ᠥᠯᠡᠳᠡᠭ᠍ᠰᠡᠨ ᠰᠡᠳᠭᠢᠯ ᠤᠨ ᠥᠭᠡᠰ

ᠳᠡᠭᠡᠷ᠎ᠡ ᠳᠡᠭᠡᠷ᠎ᠡ ᠪᠠᠨ ᠣᠪᠣᠭᠠᠯᠠᠨ ᠪᠠᠢ᠌ᠭᠰᠠᠭᠠᠷ

ᠳᠡᠰᠭᠦ ᠠᠯᠳᠠᠵᠤ᠂ ᠥᠨᠦᠳᠦᠷ ᠭᠡᠨᠡᠳᠲᠡ

ᠰᠤᠯᠤᠭᠠᠢ ᠨᠠᠢ᠌ᠷᠠᠭ ᠤᠨ ᠭᠡᠯᠡᠭᠡᠢ ᠪᠠᠳᠠᠭ ᠵᠢᠠᠷ

ᠰᠢᠯᠦᠭ᠌ ᠪᠣᠯᠤᠨ ᠣᠠᠳᠤᠷᠤᠨ ᠪᠠᠭᠤᠯ᠎ᠠ᠃


ᠠᠩᠬ᠎ᠠ ᠠᠭᠤᠯᠵᠠᠭᠰᠠᠨ ᠶᠢᠡᠨ ᠰᠠᠨᠠᠵᠤ ᠪᠠᠢ᠌ᠨᠠᠤ ᠭᠡᠵᠤ

ᠠᠰᠠᠭᠤᠮᠠᠷ ᠪᠠᠢ᠌ᠨ᠎ᠠ᠂ ᠦᠬᠢᠨ ᠴᠢᠮ᠎ᠠ ᠡᠴᠡ

ᠡᠭᠡᠴᠢ ᠶᠢᠨ ᠴᠢᠨᠢ ᠪᠠᠢ᠌ᠷᠢ ᠳᠤ᠂ ᠠᠩᠬᠠᠯᠠᠵᠤ ᠬᠠᠷᠠᠭᠰᠠᠨ ᠵᠢᠠᠨ

ᠭᠡᠯᠡᠮᠡᠷ ᠪᠠᠢ᠌ᠨ᠎ᠠ᠂ ᠬᠠᠢ᠌ᠷᠠᠳᠠᠢ ᠴᠢᠮ᠎ᠠ ᠳ᠋ᠠᠭᠠᠨ

ᠠᠰᠠᠷ ᠤᠨ ᠳᠡᠭᠡᠷ᠎ᠡ ᠡᠴᠡ ᠰᠢᠷᠳᠠᠵᠤ ᠵᠤᠭᠰᠤᠳᠠᠭ ᠶᠢᠡᠨ ᠴᠤ

ᠶᠠᠷᠢᠮᠠᠷ ᠪᠠᠢ᠌ᠨ᠎ᠠ᠂ ᠦᠬᠢᠨ ᠴᠢᠮ᠎ᠠ ᠳ᠋ᠤ

ᠠᠷᠢᠭᠤᠨ ᠦᠨᠡᠠᠴᠢ ᠰᠡᠳᠭᠢᠯ ᠤᠨ ᠥᠭᠡ ᠪᠠᠨ

ᠰᠢᠪᠠᠨᠠᠮᠠᠷ ᠪᠠᠢ᠌ᠨ᠎ᠠ᠂ ᠬᠠᠢ᠌ᠷᠠᠳᠠᠢ ᠴᠢᠮ᠎ᠠ ᠳ᠋ᠠᠭᠠᠨ


ᠰᠠᠨᠠᠵᠤ ᠪᠠᠢ᠌ᠨ᠎ᠠ ᠦᠦ︖ ᠦᠬᠢᠨ ᠴᠢ ᠮᠢᠨᠢ

ᠰᠤᠷᠭᠠᠭᠤᠯᠢ ᠡᠭᠢᠯᠡᠳᠡᠭ᠌᠂ ᠳᠠᠷᠠ ᠯᠠ ᠡᠳᠦᠷ ᠢ

ᠰᠤᠷᠤᠯᠭ᠎ᠠ ᠶᠢᠨ ᠠᠠᠳᠠ ᠨᠤᠭᠤᠳ ᠰᠡᠳᠭᠢᠯ ᠳᠤᠭᠳᠤᠯᠤᠨ

ᠰᠠᠢ᠌ᠨ ᠤ ᠮᠠᠠᠳᠤ ᠲᠡᠶ ᠵᠤᠯᠭᠠᠵᠤ ᠪᠠᠢ᠌ᠭᠰᠠᠨ ᠢ

ᠰᠢᠨ᠎ᠡ ᠰᠤᠷᠤᠭᠴᠢᠳ ᠣᠬᠠᠭᠠᠨ ᠶᠢᠡᠨ ᠣᠯᠬᠤ ᠥᠭᠡᠢ

ᠰᠤᠷᠭᠠᠭᠤᠯᠢ ᠶᠢᠨ ᠡᠭᠦᠳᠡᠨ ᠳᠡᠭᠡᠷ᠎ᠡ ᠳᠦᠭᠡᠷᠢᠵᠤ ᠪᠠᠢ᠌ᠭᠰᠠᠨ ᠢ

ᠰᠢᠯᠢᠳᠡᠭ᠌ ᠪᠠᠭᠰᠢ ᠨᠡᠷ᠂ ᠰᠢᠷᠡᠭᠡ ᠡᠯᠢᠭᠡᠳᠡᠵᠤ

ᠰᠤᠷᠤᠭᠴᠢ ᠶᠢᠨ ᠪᠦᠷᠢᠦᠡᠭᠡᠯ ᠭᠢᠵᠤ ᠪᠠᠢ᠌ᠭᠰᠠᠨ ᠢ

ᠰᠠᠨᠠᠵᠤ ᠪᠠᠢ᠌ᠨ᠎ᠠ ᠦᠦ︖ ᠦᠬᠢᠨ ᠴᠢ ᠮᠢᠨᠢ

ᠣᠯᠠᠨ ᠰᠤᠷᠤᠭᠴᠢᠳ ᠤᠨ ᠭᠦᠯ ᠢ ᠳᠠᠭᠠᠵᠤ

ᠦᠪᠡᠷ ᠶᠢᠡᠨ᠂ ᠴᠢ ᠡᠷᠭᠢᠵᠤ ᠪᠠᠢ᠌ᠭᠰᠠᠨ ᠵᠢᠠᠨ

ᠠᠶ᠎ᠠ︕ ᠡᠨᠡ ᠮᠢᠨᠤ ᠰᠤᠷᠭᠠᠭᠤᠯᠢ ᠭᠡᠵᠤ

ᠦᠷᠤ ᠵᠢᠷᠦᠭᠡᠨ ᠳᠡᠭᠡᠨ ᠰᠢᠪᠠᠨᠠᠵᠤ ᠪᠠᠢ᠌ᠭᠰᠠᠨ ᠵᠢᠠᠨ

ᠰᠠᠨᠠᠵᠤ ᠪᠠᠢ᠌ᠨ᠎ᠠ ᠦᠦ︖ ᠦᠬᠢᠨ ᠴᠢ ᠮᠢᠨᠢ


ᠭᠡᠯᠡᠮᠡᠷ ᠪᠠᠢ᠌ᠨ᠎ᠠ᠂ ᠬᠠᠢ᠌ᠷᠠᠳᠠᠢ ᠴᠢᠮ᠎ᠠ ᠳ᠋ᠠᠭᠠᠨ

ᠭᠡᠭᠡᠨ ᠨᠠᠮᠤᠷ ᠤᠨ᠂ ᠳᠠᠷᠠ ᠯᠠ ᠳᠤᠷᠠᠰᠤᠮᠵᠢ ᠵᠢ

ᠭᠡᠭᠡᠡᠴᠢᠷ ᠵᠠᠯᠠᠭᠤᠰ ᠬᠤᠷᠠᠨ ᠰᠠᠭᠤᠵᠤ

ᠭᠡᠷ ᠭᠦᠳᠡᠭᠡ ᠪᠠᠨ ᠶᠠᠷᠢᠵᠤ ᠪᠠᠢ᠌ᠭᠰᠠᠨ ᠶᠢᠡᠨ

ᠵᠤᠨ ᠤ ᠰᠠᠷ᠎ᠠ ᠶᠢᠨ ᠵᠡᠷᠭᠡᠯᠭᠡᠡᠳᠤ ᠡᠳᠦᠷ ᠤᠳ ᠶᠢᠡᠨ

ᠵᠢᠷᠤᠭ ᠰᠢᠭ᠌ ᠳᠤᠳᠤᠬᠠᠨ ᠵᠣᠢ᠌ᠷᠯᠠᠵᠤ ᠰᠠᠭᠤᠭᠰᠠᠨ ᠵᠢᠠᠨ

ᠵᠤᠭᠤᠭ ᠤᠨ ᠰᠠᠢ᠌ᠬᠠᠨ ᠳᠤᠳᠠᠭᠠᠤᠨ ᠪᠠᠢ᠌ᠬᠤ ᠰᠢᠭ

ᠵᠤᠭ᠎ᠠ ᠴᠡᠩᠭᠡᠯ ᠬᠠᠢ᠌ᠵᠤ ᠶᠠᠪᠣᠭᠰᠠᠨ ᠵᠢᠠᠨ

ᠣᠷᠮ᠎ᠠ ᠭᠦᠰᠡᠯ ᠤᠨ ᠬᠠᠨ ᠳᠠᠢᠷᠢ

ᠦᠬᠢᠳ ᠪᠠᠢ᠌ᠷᠢ ᠪᠡᠷ᠂ ᠳᠤᠭᠤᠷᠢᠵᠤ ᠶᠠᠪᠣᠭᠰᠠᠨ ᠵᠢᠠᠨ

ᠣᠴᠢᠷ ᠦᠭᠡᠶ ᠥᠭᠡᠨ ᠳᠤ᠂ ᠢᠨᠢᠶᠠᠳᠤ ᠬᠠᠪᠴᠢᠭᠤᠯᠵᠤ

ᠣᠢ᠌ᠤᠠᠬᠠᠷ ᠭᠤᠨᠢᠭ ᠶᠢᠡᠨ ᠮᠠᠷᠳᠠᠵᠤ ᠵᠢᠷᠭᠠᠭᠰᠠᠨ ᠵᠢᠠᠨ

ᠭᠡᠯᠡᠮᠡᠷ ᠪᠠᠢ᠌ᠨ᠎ᠠ᠂ ᠬᠠᠢ᠌ᠷᠠᠳᠠᠢ ᠴᠢᠮ᠎ᠠ ᠳ᠋ᠠᠭᠠᠨ

ᠦᠶ᠎ᠡ ᠵᠡᠷᠭᠡ ᠶᠢᠨ ᠦᠬᠢᠨ ᠴᠢᠮ᠎ᠠ ᠵᠢ

ᠡᠭᠡᠴᠢ ᠶᠢᠨ ᠴᠢᠨᠢ ᠪᠠᠢ᠌ᠷᠢ ᠳᠤ᠂ ᠠᠩᠬᠠᠯᠠᠵᠤ ᠬᠠᠷᠠᠭᠰᠠᠨ ᠵᠢᠠᠨ

ᠡᠭᠡᠯ ᠤᠨ ᠡᠭᠡᠯ ᠨᠥᠭᠦᠷᠰᠡᠭ᠌ ᠰᠡᠳᠭᠢᠯ ᠵᠢᠠᠷ

ᠡᠭᠦᠷᠢᠳᠡ ᠶᠢᠨ ᠪᠣᠯᠭᠠᠨ᠂ ᠭᠠᠷ ᠢ ᠴᠢᠨᠢ ᠠᠳᠬᠤᠭᠰᠠᠨ ᠵᠢᠠᠨ

ᠭᠡᠯᠡᠮᠡᠷ ᠪᠠᠢ᠌ᠨ᠎ᠠ᠂ ᠦᠬᠢᠨ ᠴᠢᠮ᠎ᠠ ᠳ᠋ᠠᠭᠠᠨ


ᠶᠠᠷᠢᠮᠠᠷ ᠪᠠᠢ᠌ᠨ᠎ᠠ᠂ ᠦᠬᠢᠨ ᠴᠢᠮ᠎ᠠ ᠳ᠋ᠤ

ᠶᠠᠪᠣᠳᠠᠯ ᠣᠴᠢᠷ ᠪᠦᠭᠦᠨ ᠵᠢᠠᠨ

ᠠᠳᠬᠤᠭᠰᠠᠨ ᠭᠠᠷ ᠡᠴᠡ ᠴᠢᠨᠢ᠂ ᠭᠠᠯ ᠠᠪᠴᠤ

ᠢᠨᠠᠭ ᠤᠨ ᠰᠡᠳᠭᠢᠯ ᠳᠦᠷᠡᠯᠵᠡᠭᠡ ᠦᠭᠡᠶ ᠵᠢ

ᠣᠩᠭ᠋ᠤᠨ ᠬᠠᠢ᠌ᠷ᠎ᠠ ᠪᠠᠨ ᠪᠣᠰᠤᠳ ᠳᠤ ᠠᠯᠳᠠᠴᠢᠬᠠᠭᠠᠤᠨ

ᠠᠮᠠᠭᠠᠢ ᠵᠢᠯᠤᠭᠤ ᠦᠭᠡᠶ ᠳᠦᠭᠡᠷᠢᠵᠤ ᠪᠠᠢ᠌ᠭᠰᠠᠨ ᠵᠢᠠᠨ

ᠰᠠᠭᠰᠤᠨ ᠪᠦᠮᠪᠦᠭᠡ ᠳᠤᠭᠯᠠᠬᠤ ᠵᠠᠪᠰᠠᠷ

ᠰᠠᠨᠠᠮᠰᠠᠷ ᠦᠭᠡᠶ ᠥᠭᠡ ᠠᠯᠳᠠᠭᠰᠠᠨ ᠶᠢᠡᠨ

ᠰᠠᠨᠠᠮᠰᠠᠷ ᠦᠭᠡᠶ᠂ ᠥᠭᠡ ᠶᠢᠨ ᠰᠡᠵᠢᠭᠦᠷ ᠵᠢᠠᠷ

ᠰᠡᠳᠭᠢᠯ ᠵᠢᠷᠦᠭᠡ ᠶᠢ ᠴᠢᠨᠢ᠂ ᠭᠤᠮᠤᠳᠠᠭᠠᠵᠤ ᠶᠠᠪᠣᠭᠰᠠᠨ ᠵᠢᠠᠨ

ᠶᠠᠷᠢᠮᠠᠷ ᠪᠠᠢ᠌ᠨ᠎ᠠ᠂ ᠦᠬᠢᠨ ᠴᠢᠮ᠎ᠠ ᠳ᠋ᠤ

ᠳᠠᠪᠳᠠᠷ ᠤᠨ ᠵᠠᠪᠰᠠᠷ ᠪᠢᠴᠢᠵᠤ ᠥᠯᠡᠳᠡᠭᠡᠭ᠍ᠰᠡᠨ

ᠳᠦᠷᠦᠭ᠍ᠰᠡᠨ ᠡᠳᠦᠷ ᠤᠨ ᠪᠠᠶᠠᠷ ᠤᠨ ᠥᠭᠡ ᠡᠴᠡ ᠴᠢᠨᠢ

ᠠᠷᠢᠭᠤᠨ ᠦᠨᠡᠠᠴᠢ ᠰᠡᠳᠭᠢᠯ ᠢ ᠴᠢᠨᠢ ᠮᠠᠳᠠᠷᠠᠵᠤ

ᠠᠰᠠᠷ ᠤᠨ ᠳᠡᠭᠡᠷ᠎ᠡ ᠡᠴᠡ ᠰᠢᠷᠳᠠᠵᠤ ᠬᠤᠴᠤᠷᠤᠭᠰᠠᠨ ᠵᠢᠠᠨ

ᠶᠠᠷᠢᠮᠠᠷ ᠪᠠᠢ᠌ᠨ᠎ᠠ᠂ ᠦᠬᠢᠨ ᠴᠢᠮ᠎ᠠ ᠳ᠋ᠤ


ᠰᠢᠪᠠᠨᠠᠮᠠᠷ ᠪᠠᠢ᠌ᠨ᠎ᠠ᠂ ᠬᠠᠢ᠌ᠷᠠᠳᠠᠢ ᠴᠢᠮ᠎ᠠ ᠳ᠋ᠠᠭᠠᠨ

ᠰᠡᠳᠭᠢᠯ ᠪᠣᠳᠤᠯ ᠤᠨ ᠦᠨᠡᠠᠴᠢ ᠥᠭᠡ ᠪᠠᠨ

ᠰᠦᠨᠢ ᠶᠢᠨ ᠵᠡᠭᠦᠳᠤᠨ ᠳᠤ᠂ ᠳᠦᠷᠢ ᠴᠢᠨᠢ ᠣᠷᠤᠬᠤ ᠳ᠋ᠤ

ᠰᠡᠷᠢᠭᠦ ᠡᠴᠡ ᠪᠠᠨ ᠠᠶᠤᠵᠤ᠂ ᠠᠯᠪᠠ ᠪᠠᠷ ᠣᠠᠳᠠᠳᠠᠭ

ᠰᠢᠯᠦᠭ᠌ ᠤᠨ ᠮᠢᠨᠢ ᠮᠦᠷ ᠤᠳ ᠲᠤ᠂ ᠨᠠᠷ᠎ᠠ ᠴᠢᠨᠢ ᠳᠤᠳᠤᠷᠠᠬᠤ ᠪᠠᠷ

ᠰᠠᠷᠠᠯ ᠡᠴᠡ ᠶᠢᠡᠨ ᠨᠢᠭᠤᠵᠤ᠂ ᠠᠯᠪᠠ ᠪᠠᠷ ᠬᠠᠰᠤᠳᠠᠭ

ᠰᠢᠭᠤᠷᠭᠠᠨ ᠲᠡᠶ ᠦᠳᠡᠰᠢ ᠪᠠᠷ᠂ ᠭᠦᠯᠢᠶᠡᠵᠤ ᠵᠤᠭᠰᠤᠬᠤ ᠳ᠋ᠠᠭᠠᠨ

ᠣᠳᠠᠯ ᠦᠭᠡᠶ ᠢᠷᠠᠨ᠎ᠡ ᠭᠡᠵᠤ ᠰᠡᠳᠭᠢᠯ ᠶᠢᠡᠨ ᠠᠷᠭᠠᠳᠠᠳᠠᠭ

ᠰᠤᠷᠭᠠᠭᠤᠯᠢ ᠰᠤᠯᠢᠭᠠᠤᠨ ᠨᠠᠳᠠ ᠡᠴᠡ᠂ ᠬᠤᠯᠠᠳᠬᠤ ᠳᠤ ᠴᠢᠨᠢ

ᠡ᠊ᠨᠳᠡ ᠡᠴᠡ ᠳᠡᠭᠡᠷ᠎ᠡ ᠭᠡᠵᠤ ᠪᠣᠳᠤᠯ ᠶᠢᠡᠨ ᠬᠠᠭᠤᠷᠳᠠᠭ

ᠰᠢᠪᠠᠨᠠᠮᠠᠷ ᠪᠠᠢ᠌ᠨ᠎ᠠ᠂ ᠬᠠᠢ᠌ᠷᠠᠳᠠᠢ ᠴᠢᠮ᠎ᠠ ᠳ᠋ᠠᠭᠠᠨ

ᠣᠷᠤᠢ ᠶᠢᠨ ᠳᠠᠪᠳᠠᠯᠭ᠎ᠠ ᠳᠠᠭᠠᠨ ᠭᠠᠭᠴᠠᠭᠠᠷ ᠶᠠᠪᠣᠬᠤ ᠳᠤ ᠴᠢᠨᠢ

ᠦᠪᠡᠷ ᠡᠴᠡ ᠴᠢᠨᠢ ᠢᠯᠡᠭᠦᠤ᠂ ᠠᠶᠤᠳᠠᠭ ᠪᠠᠢ᠌ᠭᠰᠠᠨ

ᠣᠯᠤᠰ ᠤᠨ ᠰᠢᠯᠭᠠᠠᠯᠳᠠ ᠪᠠᠷ ᠣᠶᠤᠳᠠᠨ ᠪᠣᠯᠬᠤ ᠳᠤ ᠴᠢᠨᠢ

ᠣᠷᠤᠨ᠎ᠠ ᠯᠠ ᠭᠡᠵᠤ ᠢᠳᠡᠭᠡᠵᠤ ᠪᠠᠢ᠌ᠭᠰᠠᠨ

ᠰᠢᠪᠠᠨᠠᠮᠠᠷ ᠪᠠᠢ᠌ᠨ᠎ᠠ᠂ ᠬᠠᠢ᠌ᠷᠠᠳᠠᠢ ᠴᠢᠮ᠎ᠠ ᠳ᠋ᠠᠭᠠᠨ

ᠰᠡᠳᠭᠢᠯ ᠪᠣᠳᠤᠯ ᠤᠨ ᠦᠨᠡᠠᠴᠢ ᠥᠭᠡ ᠪᠠᠨ

ᠰᠠᠷ᠎ᠠ ᠵᠢᠯ ᠶᠢᠡᠷ ᠰᠠᠭᠠᠳᠠᠨ ᠰᠠᠭᠤᠵᠤ

ᠰᠠᠨᠠᠭ᠎ᠠ ᠰᠡᠳᠭᠢᠯ ᠶᠢᠡᠨ ᠳᠡᠯᠭᠡᠮᠡᠷ ᠪᠠᠢ᠌ᠨ᠎ᠠ᠃


ᠢᠷᠠᠭᠤ ᠨᠠᠢ᠌ᠷᠠᠭ ᠤᠨ ᠣᠩᠭ᠋ᠤᠳ ᠪᠠᠭᠤᠭᠰᠠᠨ

ᠢᠨᠠᠭ ᠤᠨ ᠰᠢᠯᠦᠭ᠌ ᠣᠷᠣᠢ᠌ᠳᠠᠭᠰᠠᠨ᠂ ᠮᠠᠭᠠᠤᠨ ᠥᠭᠡᠢ

ᠠᠷᠢᠭᠤᠨ ᠦᠨᠡᠠᠴᠢ ᠳᠤᠷᠠᠯᠠᠯ ᠤᠨ ᠰᠢᠪᠠᠨᠡᠭᠡ

ᠠᠯᠠᠭ ᠵᠢᠷᠦᠭᠡᠨ ᠳᠤ ᠴᠢᠨᠢ ᠪᠠᠭᠳᠠᠬᠤ ᠦᠭᠡᠶ ᠴᠤ᠂ ᠮᠠᠭᠠᠤᠨ ᠥᠭᠡᠢ

ᠵᠥᠪᠭᠡᠨ᠂ ᠴᠢᠮ᠎ᠠ ᠳᠠᠭᠠᠨ ᠭᠡᠯᠡᠭᠦ ᠭᠡᠰᠡᠨ ᠶᠤᠮ᠂

ᠵᠠᠪ ᠶᠢᠡᠷ ᠶᠢᠡᠨ᠂ ᠴᠢ ᠣᠩᠰᠢᠵᠤ ᠥᠵᠡᠭᠡᠷᠡᠢ ︕


     2009.9.4


ᠵᠤᠬᠢᠶᠠᠭᠴᠢ ᠶᠢᠨ ᠬᠠ‍‌ᠶᠢᠭ ᠄ ᠰᠢᠯᠢ ᠶᠢᠨ ᠭᠤᠤᠯ ᠠᠢ᠌ᠮᠠᠭ ᠤᠨ ᠰᠢᠯᠤᠭᠤᠨ ᠭᠦᠭᠡ ᠬᠤᠰᠢᠭᠤ

ᠵᠤᠬᠢᠶᠠᠭᠴᠢ᠄ ᠵᠢᠯᠠᠮ·ᠮᠠᠠᠳᠤᠪᠠᠶᠠᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2641
ᠴᠠᠭ᠄ 2011 ᠤᠨ ᠤ 01 ᠰᠠᠷ᠎ᠠ ᠶᠢᠨ 07
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ