ᠨᠡᠪᠲᠡᠷᠡᠨ ᠤᠷᠤᠬᠤ
ᠲᠦᠯᠭᠢᠭᠦᠷ ᠦᠭᠡᠶ ᠣᠨᠢᠰᠤ

ᠰᠡᠯᠡᠭᠦᠨ ᠰᠦᠨᠢ ᠳ᠋ᠤ

ᠰᠡᠪᠰᠡᠭᠡᠷ ᠳᠡᠭ᠍ᠷᠢ ᠳ᠋ᠤ

ᠰᠡᠮᠰᠡᠭᠡᠷ ᠴᠠᠭᠠᠨ ᠡᠭᠦᠯᠡᠰ

ᠰᠠᠯᠭᠢᠨ ᠤ ᠠᠶᠠᠰ ᠢ ᠳᠠᠭᠠᠨ

ᠰᠡᠮᠭᠡᠨ ᠰᠡᠮᠭᠡᠨ ᠶᠢᠡᠷ ᠵᠠᠮᠬᠠᠷᠠᠨ᠎ᠠ

ᠰᠢᠨ᠎ᠡ ᠡᠷᠡᠨ ᠳ᠋ᠤ

ᠰᠢᠯᠢᠳᠡᠭ᠌ ᠲᠦᠷᠦ ᠭᠦᠷᠤᠨ

ᠰᠤᠨᠢᠨ ᠰᠡᠪᠠᠭᠦᠨ ᠣᠴᠢᠷ ᠲᠤ ᠠᠪᠳᠠᠵᠤ

ᠰᠸᠴᠤᠸᠠᠨ ᠭᠦᠷᠳᠡᠯ᠎ᠡ ᠳᠡᠯᠪᠠᠷᠡᠭᠡᠳ

ᠰᠢᠨ᠎ᠡ ᠬᠠᠭᠤᠴᠢᠨ ᠤ ᠰᠤᠯᠢᠯᠴᠠᠭ᠎ᠠ ᠭᠢᠨ᠎ᠡ

ᠰᠢᠩᠭᠡᠨ ᠣᠯᠠᠭᠠᠨ ᠵᠠᠯᠠᠭᠤ ᠨᠠᠰᠤᠨ ᠳ᠋ᠤ

ᠰᠠᠢ᠌ᠬᠠᠨ ᠳᠦᠷᠦᠭ᠍ᠰᠡᠨ ᠳᠡᠭᠦᠨ ᠳᠤ ᠪᠠᠨ ᠭᠤᠯᠤᠭᠳᠠᠭᠠᠤᠨ

ᠰᠠᠨᠠᠭ᠎ᠠ ᠪᠣᠳᠤᠯ ᠳᠠᠪᠢᠳᠠᠷ ᠥᠭᠡᠢ᠌ᠳᠡᠵᠤ

ᠰᠡᠳᠭᠢᠯ ᠳᠤ ᠪᠠᠨ ᠪᠢ

ᠰᠢᠨᠠᠯᠤᠯ ᠲᠡᠶ ᠰᠠᠭᠤᠨ᠎ᠠ


ᠭᠠᠵᠠᠷ ᠭᠦᠳᠡᠯᠵᠤ ᠳᠡᠭ᠍ᠷᠢ ᠳᠡᠯᠪᠠᠷᠡᠭ᠍ᠰᠡᠨ ᠴᠤ

ᠭᠠᠯ ᠵᠠᠯᠠᠭᠤ ᠨᠠᠰᠤ ᠮᠢᠨᠢ ᠨᠤᠷᠠᠭᠰᠠᠨ ᠥᠭᠡᠢ

ᠭᠠᠯᠳᠤ ᠳᠡᠷᠭᠡ ᠳᠠᠮᠤᠷ ᠵᠠᠮ ᠶᠢᠡᠷ ᠵᠢᠷᠤᠭᠠᠯᠠᠭᠰᠠᠨ ᠴᠤ

ᠭᠠᠰᠢᠭᠤᠳᠠᠨ ᠵᠤᠪᠠᠨᠢᠬᠤ ᠰᠡᠳᠭᠢᠯ ᠮᠢᠨᠢ ᠪᠣᠯᠭᠢᠬᠤ ᠪᠠᠢ᠌ᠳᠠᠯ ᠶᠢᠡᠨ ᠬᠠᠶᠠᠭᠰᠠᠨ ᠥᠭᠡᠢ

ᠭᠤᠯᠳᠤᠷᠢᠯ ᠶᠢᠡᠨ ᠳᠠᠰᠤᠯᠠᠭᠰᠠᠨ ᠢᠨᠠᠭ ᠤᠨ ᠮᠦᠷᠠᠨ

ᠭᠠᠩᠳᠠᠭᠰᠠᠨ ᠭᠠᠵᠠᠷ ᠲᠤ ᠰᠢᠮ᠎ᠠ ᠦᠭ‍ᠭᠦ ᠥᠭᠡᠢ

ᠭᠠᠷᠠᠬ᠎ᠠ ᠳᠡᠭᠡᠰᠤᠨ ᠳᠤ ᠭᠦᠯᠢᠭ᠍ᠳᠡᠭ᠍ᠰᠡᠨ ᠰᠢᠪᠠᠭᠤ

ᠭᠤᠸᠠᠯᠠᠬᠤ ᠳᠠᠭᠤᠨ ᠳᠠᠰᠤᠷᠠᠬᠤ ᠦᠭᠡᠶ

ᠭᠠᠵᠠᠷ ᠤᠨ ᠬᠤᠯᠠᠭᠢ ᠮᠢᠨᠤ ᠢᠨᠠᠭ

ᠭᠠᠷ ᠡᠴᠠ ᠮᠢᠨᠢ ᠭᠦᠳᠦᠯᠵᠤ ᠪᠠᠢ᠌ᠭᠰᠠᠨ ᠶᠢᠡᠨ

ᠭᠠᠷᠬᠤ ᠭᠦᠷᠭᠡᠨ ᠶᠢᠡᠨ ᠪᠣᠷᠤᠭᠤ ᠰᠤᠩᠭ᠋ᠤᠭᠰᠠᠨ ᠨᠢ

ᠭᠠᠯᠪᠠ ᠳᠤ ᠦᠭᠡᠶ ᠰᠤᠨᠢᠨ ᠡ


ᠵᠤᠬᠢᠶᠠᠭᠴᠢ ᠶᠢᠨ ᠬᠠᠶ‍ᠢᠭ ᠄ ᠦᠪᠣᠷ ᠮᠤᠩᠭ᠋ᠤᠯ ᠤᠨ ᠶᠡᠭᠡ ᠰᠤᠷᠭᠠᠭᠤᠯᠢ

ᠵᠤᠬᠢᠶᠠᠭᠴᠢ᠄ ᠦᠯᠵᠡᠢ·ᠰᠦᠮᠪᠦᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2638
ᠴᠠᠭ᠄ 2010 ᠤᠨ ᠤ 03 ᠰᠠᠷ᠎ᠠ ᠶᠢᠨ 27
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ