ᠨᠡᠪᠲᠡᠷᠡᠨ ᠤᠷᠤᠬᠤ
ᠬᠠᠢ᠌ᠷ᠎ᠠ ᠪᠠᠷ ᠪᠣᠰᠤᠭᠰᠠᠨ ᠭᠤᠯᠤᠮᠳᠠ

ᠭᠡᠷ ᠪᠣᠯ ᠦᠨᠡᠨ ᠳ᠋ᠡᠭᠡᠨ

ᠵᠢᠷ ᠤᠨ ᠨᠢᠭᠡ ᠳᠤᠭᠤᠷᠢᠭ ᠪᠢᠯᠠ

ᠭᠡᠷᠯᠡᠵᠤ ᠳᠤᠷᠠᠯᠠᠵᠤ ᠰᠠᠭᠤᠭᠰᠠᠨ ᠤ ᠰᠡᠭᠦᠯᠡᠷ

ᠵᠢᠮ᠎ᠠ ᠪᠠᠷ ᠶᠢᠡᠨ ᠡᠷᠭᠢᠳᠡᠭ᠌ ᠪᠦᠮᠪᠦᠷᠴᠡᠭ᠌ ᠪᠢᠯᠠ︕

ᠬᠤᠷᠢᠮ ᠪᠣᠯ ᠭᠡᠷ ᠤᠨ ᠢᠰᠭᠡᠭᠦᠷ

ᠭᠦᠭᠦᠷᠭᠡ ᠳᠠᠪᠠᠭᠰᠠᠨ ᠤ ᠰᠡᠭᠦᠯᠡᠷ ᠳᠤᠨᠤᠯᠵᠠᠭᠰᠠᠨ

ᠭᠦᠳᠡᠩ ᠳᠠᠳᠠᠭᠰᠠᠨ ᠴᠡᠩᠭᠡᠭ᠌ ᠨᠠᠭᠤᠷ᠃

ᠭᠦᠮᠦᠷᠭᠡ ᠪᠣᠯ ᠭᠡᠷ ᠤᠨ ᠭᠦᠳᠡᠯᠭᠡᠭᠦᠷ

ᠭᠦᠷᠦᠩᠭᠡ ᠵᠤᠵᠠᠭᠠᠷᠠᠭᠰᠠᠨ ᠤ ᠳᠠᠷᠠᠭ᠎ᠠ ᠰᠡᠭᠦᠢᠯᠴᠡᠭ᠍ᠰᠡᠨ

ᠬᠤᠯᠠ ᠡᠴᠡ ᠬᠠᠷᠠᠭᠳᠠᠬᠤ ᠦᠨᠳᠦᠷ ᠠᠭᠤᠯᠠ᠃

ᠳᠤᠷ᠎ᠠ ᠪᠠᠷ ᠶᠢᠡᠨ ᠬᠠᠭᠠᠴᠠᠵᠤ ᠪᠣᠯᠳᠠᠭ ᠦᠭᠡᠶ ᠬᠠᠤᠯᠢ ᠲᠡᠶ

ᠳᠤᠰᠠᠭᠠᠷ ᠴᠢᠯᠦᠭᠡᠳᠤ ᠰᠠᠭᠤᠴᠠ ᠭᠡᠮᠡᠭ᠍ᠳᠡᠭ᠍ᠰᠡᠨ ᠭᠡᠷ ᠪᠣᠯ

ᠳᠤᠳᠤᠷ᠎ᠠ ᠳᠤᠳᠤᠷ᠎ᠠ ᠪᠠᠨ ᠨᠢᠳᠭᠡᠷᠡᠭ᠍ᠰᠡᠨ ᠢᠳᠡᠭᠡᠯ ᠤᠨ ᠲᠦᠪ

ᠳᠤᠯᠠᠭᠠᠨ ᠠᠷᠢᠭᠤᠨ ᠴᠠᠪᠠᠷ ᠰᠠᠢ᠌ᠬᠠᠨ ᠤ ᠨᠠᠢ᠌ᠰᠯᠠᠯ ᠪᠢᠯᠠ᠃

ᠬᠠᠢ᠌ᠷ᠎ᠠ ᠶᠢᠨ ᠭᠠᠯ ᠶᠢᠡᠷ ᠳᠦᠭᠡᠨᠡᠭ᠍ᠰᠡᠨ

ᠬᠠᠮᠤᠭ ᠤᠨ ᠬᠠᠯᠠᠭᠤᠨ᠂   ᠬᠠᠯᠠᠭᠤᠨ ᠪᠦᠰᠡ

ᠬᠤᠪᠳᠤᠯ ᠵᠢᠷᠦᠭᠡ ᠪᠠᠨ ᠶᠢᠡᠨ ᠳᠠᠳᠠᠯᠴᠠᠭᠰᠠᠨ

ᠬᠠᠮᠤᠭ ᠤᠨ ᠣᠷᠳᠤ ᠰᠢᠯᠤᠭᠤᠨ ᠱᠤᠭᠤᠮ᠃

ᠭᠡᠷ ᠪᠣᠯ

ᠵᠢᠷᠭᠠᠯ ᠤᠨ ᠪᠠᠭᠤᠴᠠᠨ ᠳᠡᠭᠡᠷ᠎ᠡ ᠨᠠᠮᠢᠷᠠᠭᠰᠠᠨ

ᠵᠠᠶᠠᠭ᠎ᠠ ᠵᠢᠪᠬᠤᠭᠠᠨ ᠤ ᠳᠤᠭ ᠪᠢᠯᠠ

ᠵᠠᠢ᠌ᠯᠠᠭᠤᠯᠵᠤ ᠬᠠᠶᠠᠵᠤ ᠪᠣᠯᠬᠤ ᠦᠭᠡᠶ ᠭᠡᠰᠡᠨ

ᠵᠠᠷᠯᠢᠭ ᠡᠴᠡ ᠨᠢᠭᠤᠴᠠ ᠵᠠᠷᠯᠢᠭ ᠲᠡᠶ ᠪᠢᠯᠠ ᠁

ᠳᠠᠭᠠᠭᠤᠯᠡᠷ ᠭᠡᠷ ᠲᠤ ᠭᠡᠵᠢᠶᠡᠳᠡ

ᠳᠠᠯᠠᠢ ᠠᠭᠤᠳᠠᠮ ᠪᠠᠭᠳᠠᠭᠠᠮᠵᠢ ᠲᠡᠶ ᠪᠠᠢ᠌ᠬᠤ ᠶᠢ

ᠳᠠᠶᠠᠭ ᠳᠦᠰᠢᠯᠭᠢᠯᠡᠭ᠍ᠰᠡᠨ ᠨᠠᠰᠤᠳᠠᠳ ᠨᠤᠮᠯᠠᠳᠠᠭ ᠪᠢᠯᠠ ᠁

ᠭᠡᠷ ᠣᠷᠤᠭᠤ ᠳᠠᠭᠤᠯᠠᠵᠤ ᠢᠷᠡᠳᠡᠭ᠌ ᠭᠡᠦᠭᠡᠤᠨ ᠪᠣᠯ

ᠭᠡᠷ ᠤᠨ ᠬᠠᠯᠠᠭᠤᠨ ᠳᠤᠯᠠᠭᠠᠨ ᠤ ᠭᠡᠮᠵᠢᠭᠦᠷ ᠪᠢᠯᠠ

ᠭᠡᠷ ᠲᠤ ᠣᠷᠢᠭᠳᠠᠵᠤ ᠢᠷᠡᠭ᠍ᠰᠡᠨ ᠵᠤᠴᠢᠳ ᠪᠣᠯ

ᠭᠡᠷ ᠤᠨ ᠠᠮᠢᠳᠤᠷᠠᠯ ᠨᠢᠭᠳᠠᠷᠠᠯ ᠤᠨ ᠰᠢᠯᠭᠠᠭᠤᠷ ᠪᠢᠯᠠ᠃

ᠣᠶᠤᠨ ᠪᠣᠳᠠᠰ ᠤᠨ ᠳᠡᠭᠡᠳᠤ ᠨᠢᠭᠡᠳᠦᠯ

ᠣᠳᠤᠭᠢᠴᠢᠯᠠᠭᠰᠠᠨ ᠭᠦᠮᠤᠨ ᠤ ᠵᠢᠷᠭᠠᠯᠳᠤ ᠠᠬᠤᠢ

ᠪᠣᠯᠪᠠᠰᠤᠨ ᠨᠡᠢ᠌ᠭᠡᠮ ᠤᠨ ᠪᠦᠷᠢᠯᠳᠦᠭᠦᠨ ᠴᠤᠭᠴᠠ

ᠬᠤᠷᠸ᠎ᠠ ᠶᠢᠨ ᠠᠮᠢᠳᠤᠷᠠᠯ ᠤᠨ ᠬᠠᠳᠠᠭᠤ ᠵᠥᠭᠡᠯᠡᠨ ᠳᠤ ᠳᠠᠪᠳᠠᠭᠳᠠᠵᠤ ᠭᠠᠷᠤᠭᠰᠠᠨ

ᠬᠠᠮᠤᠭ ᠡᠷᠭᠢᠮ ᠳᠡᠭᠡᠳᠤ ᠢᠷᠠᠭᠤ ᠠᠯᠳᠠᠷ ᠪᠣᠯ

ᠬᠠᠰᠢ ᠯᠠ ᠮᠠᠨ ᠤ ᠬᠠᠢ᠌ᠷ᠎ᠠ ᠪᠠᠷ ᠪᠠᠷᠢᠵᠤ ᠪᠣᠰᠬᠠᠭᠰᠠᠨ

ᠬᠠᠯᠠᠭᠤᠨ ᠳᠤᠯᠠᠭᠠᠨ ᠭᠡᠷ ᠨᠡᠷ ᠮᠢᠨᠢ ᠪᠢᠯᠠ ᠁

ᠵᠤᠬᠢᠶᠠᠭᠴᠢ᠄ ᠴ·ᠮᠦᠩᠭᠦᠨ‍ᠡᠷᠳᠡᠨᠢ
ᠢᠷᠡᠯᠲᠡ᠄ ᠴ·ᠮᠦᠩᠭᠦᠨ‍ᠡᠷᠳᠡᠨᠢ
ᠬᠠᠷᠢᠶ᠎ᠠ᠄ ᠰᠢᠯᠦᠭ
ᠳᠠᠷᠤᠮ᠄ 4310
ᠴᠠᠭ᠄ 2008 ᠤᠨ ᠤ 10 ᠰᠠᠷ᠎ᠠ ᠶᠢᠨ 22
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ