ᠨᠡᠪᠲᠡᠷᠡᠨ ᠤᠷᠤᠬᠤ
ᠠᠪᠣ ᠡᠵᠢ ᠶᠢᠨ ᠨᠤᠳᠤᠭ

ᠠᠷᠭᠠᠯ ᠤᠨ ᠴᠡᠩᠭᠡᠷ ᠣᠳᠤᠭ᠎ᠠ ᠨᠢ

ᠠᠭᠠᠷ ᠳᠡᠭ᠍ᠷᠢ ᠲᠤ ᠭᠦᠭᠡᠷᠡᠨ ᠰᠤᠭᠤᠨᠠᠭᠯᠠᠭᠰᠠᠨ

ᠠᠷᠳᠠᠭ ᠭᠦᠯᠦᠭ᠌ ᠮᠤᠷᠢᠳ ᠨᠢ

ᠠᠳᠠᠷ ᠳᠠᠯ᠎ᠠ ᠳᠠᠭᠠᠨ ᠥᠣᠷᠰᠠᠨ ᠢᠠᠴᠠᠭᠠᠯᠳᠤᠭᠰᠠᠨ

ᠠᠪᠣ ᠶᠢᠨ ᠬᠠᠢ᠌ᠷᠠᠳᠠᠢ ᠨᠤᠳᠤᠭ ᠮᠢᠨᠢ ᠦᠦ

ᠠᠢ᠂ ᠭᠦ

ᠠᠪᠣ ᠶᠢᠨ ᠬᠠᠢ᠌ᠷᠠᠳᠠᠢ ᠨᠤᠳᠤᠭ ᠮᠢᠨᠢ

ᠠᠰᠢᠳᠠ ᠶᠢᠨ ᠰᠠᠢ᠌ᠬᠠᠨ ᠮᠤᠩᠭ᠋ᠤᠯ ᠣᠷᠤᠨ ᠡ

ᠦᠨᠢᠶᠠᠨ ᠰᠦ᠋ ᠶᠢᠨ ᠦᠨᠦᠷ ᠨᠢ

ᠥᠷᠭᠦᠭᠡ ᠭᠡᠷ ᠲᠤ ᠮᠢᠨᠢ ᠡᠳᠦᠷᠵᠢᠨ ᠬᠠᠩᠬᠤᠯᠠᠭᠰᠠᠨ

ᠥᠭ᠍‍‍ᠭᠢᠶ‍ᠡᠮᠦᠷ ᠳᠤᠯᠠᠭᠠᠨ ᠨᠠᠷᠠ ᠨᠢ

ᠥᠷᠭᠡᠨ ᠳᠠᠯ᠎ᠠ ᠳᠠᠭᠠᠨ ᠢᠯᠴᠢ ᠪᠠᠨ ᠬᠠᠢ᠌ᠷᠠᠯᠠᠭᠰᠠᠨ

ᠡᠵᠢ ᠶᠢᠨ ᠪᠦᠦᠪᠠᠢ ᠲᠡᠶ ᠨᠤᠳᠤᠭ ᠮᠢᠨᠢ ᠦᠦ

ᠠᠢ᠂ ᠭᠦ

ᠡᠵᠢ ᠶᠢᠨ ᠪᠦᠦᠪᠠᠢ ᠲᠡᠶ ᠨᠤᠳᠤᠭ ᠮᠢᠨᠢ

ᠦᠨᠢᠳᠠ ᠶᠢᠨ ᠰᠠᠢ᠌ᠬᠠᠨ ᠮᠤᠩᠭ᠋ᠤᠯ ᠣᠷᠤᠨ ᠡ

ᠣᠷᠠᠨ ᠰᠢᠪᠠᠭᠤᠳ ᠤᠨ ᠳᠤᠩᠭ᠋ᠤᠳᠤᠭ᠎ᠠ ᠨᠢ

ᠠᠭᠤᠯᠠ ᠳᠠᠯ᠎ᠠ ᠳᠠᠭᠠᠨ ᠵᠢᠷᠭᠢᠯᠳᠤᠨ ᠴᠤᠤᠷᠢᠶᠠᠳᠤᠭᠰᠠᠨ

ᠣᠷᠳᠤ ᠶᠢᠨ ᠳᠠᠭᠤᠨ ᠤ ᠡᠭᠡᠰᠢᠭ᠌ ᠨᠢ

ᠣᠷᠠᠯᠢᠭ ᠠᠮᠢᠳᠤᠷᠠᠯ ᠶᠢᠡᠨ ᠳᠠᠭᠤᠯᠠᠨ ᠪᠠᠶᠠᠰᠬᠠᠭᠰᠠᠨ

ᠤᠶᠠᠩ‍ᠭ᠎ᠠ ᠶᠢᠨ ᠠᠶᠠᠯᠭᠤ ᠲᠡᠶ ᠨᠤᠳᠤᠭ ᠶᠤᠮ ᠡ

ᠠᠢ᠂ ᠭᠦ

ᠠᠪᠣ ᠡᠵᠢ ᠶᠢᠨ ᠮᠢᠨᠢ ᠨᠤᠳᠤᠭ ᠡ

ᠠᠮᠤᠭᠤᠯᠠᠩ ᠰᠠᠢ᠌ᠬᠠᠨ ᠮᠤᠩᠭ᠋ᠤᠯ ᠣᠷᠤᠨ ᠡ


ᠵᠤᠬᠢᠶᠠᠭᠴᠢ ᠶᠢᠨ ᠬᠠᠶ‍ᠢᠭ ᠄ ᠣᠯᠠᠭᠠᠠᠬᠠᠳᠠ ᠬᠤᠳᠠ ᠶᠢᠨ ᠭᠡᠰᠢᠭ᠍ᠳᠡᠨ ᠬᠤᠰᠢᠭᠤᠨ ᠤ ᠴᠤᠭ ᠺᠤᠮᠫᠢᠦ᠋ᠲ᠋ᠧᠷ

ᠵᠤᠬᠢᠶᠠᠭᠴᠢ᠄ ᠴᠤᠭᠪᠠᠳᠠᠷᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2648
ᠴᠠᠭ᠄ 2009 ᠤᠨ ᠤ 12 ᠰᠠᠷ᠎ᠠ ᠶᠢᠨ 23
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ