ᠨᠡᠪᠲᠡᠷᠡᠨ ᠤᠷᠤᠬᠤ
ᠡᠷ᠎ᠡ ᠵᠤᠷᠢᠭ ᠤᠨ ᠡ᠊ᠨᠳᠡᠭᠦᠤ ᠵᠠᠶᠠᠭ᠎ᠠ

ᠰᠥᠪᠠᠭᠡ ᠳᠤᠯᠤᠨ ᠵᠤᠭᠰᠤᠬᠤ ᠳ᠋ᠠᠭᠠᠨ

     ᠰᠦᠷᠡᠭᠡᠢ ᠭᠡᠮᠡᠨ ᠰᠤᠭᠰᠤᠷᠴᠤ ᠪᠠᠢ᠌ᠭᠰᠠᠨ

ᠰᠦᠷ ᠡᠷᠭᠡ ᠡᠴᠡ ᠡᠮᠢᠶᠡᠭᠦ ᠥᠭᠡᠢ

     ᠰᠣᠢ᠌ᠤᠨ ᠪᠠᠷᠭᠡ ᠳᠤᠯᠵᠤ ᠪᠠᠢ᠌ᠭᠰᠠᠨ

ᠭᠠᠭᠴᠠ ᠮᠤᠳᠤ ᠭᠠᠯ ᠪᠣᠯᠳᠠᠭ ᠦᠭᠡᠶ ᠬᠣᠢ᠌ᠨ᠎ᠠ

      ᠭᠠᠭᠴᠠᠭᠠᠷ ᠪᠢ ᠶᠠᠭᠠᠭᠢᠳᠠᠭ ᠪᠢᠯᠠ

ᠭᠠᠵᠠᠷ ᠤᠨ ᠳᠡᠭᠡᠷ᠎ᠡ ᠵᠠᠶᠠᠭ᠎ᠠ ᠰᠡᠭᠦᠷᠡᠰᠦᠯᠡᠵᠤ

      ᠭᠠᠵᠢᠭᠰᠠᠨ ᠳᠡᠦᠭᠡ ᠪᠠᠨ ᠵᠠᠵᠢᠯᠳᠠᠭ ᠪᠠᠢ᠌ᠭᠰᠠᠨ


ᠭᠡᠳᠤ ᠴᠠᠭᠠᠨ ᠪᠣᠯ ᠊ᠭ᠍‍ᠬᠢᠷᠳᠦᠭᠦ ᠳᠤ ᠳᠦᠷᠭᠡᠨ ᠭᠡᠵᠤ

      ᠰᠢᠷᠤᠩᠬᠤᠢ ᠭᠦᠮᠦᠰ ᠶᠠᠷᠢᠳᠠᠭ ᠪᠠᠢ᠌ᠭᠰᠠᠨ

ᠭᠡᠳᠦᠷᠭᠡᠢ ᠠᠰᠪᠣᠷᠢ ᠪᠣᠯ ᠭᠡᠨᠡᠳᠡᠭᠦ ᠳᠤ ᠭᠢᠯᠪᠠᠷᠬᠠᠨ ᠭᠡᠵᠤ

      ᠰᠢᠷᠤᠢ ᠡᠮᠭᠦᠵᠤ ᠪᠢ ᠣᠬᠠᠭᠠᠷᠠᠭᠰᠠᠨ

ᠦᠨᠡᠨ ᠶᠢᠡᠨ ᠭᠡᠯᠡᠵᠤ ᠪᠠᠯᠠᠨ ᠶᠢᠡᠨ ᠢᠳᠡᠳᠡᠭ᠌ ᠮᠢᠨᠢ

     ᠦᠨᠦᠳᠤᠷ ᠭᠦᠷᠳᠡᠯ᠎ᠡ ᠶᠠᠭᠠᠭᠢᠯ᠎ᠠ

ᠣᠢ᠌ᠯᠠᠰ ᠠᠮᠢᠳᠤᠷᠠᠯ ᠢᠨᠠᠭ ᠭᠤᠷᠪᠠ

     ᠥᠭᠡᠳᠡ ᠬᠠᠷᠠᠴᠠ ᠪᠠᠷ ᠰᠢᠷᠳᠡᠭ᠍ᠰᠡᠨ ᠥᠭᠡᠢ


ᠠᠷᠢᠭᠢ ᠰᠠᠢ᠌ᠨ ᠣᠤᠭᠤᠳᠠᠭ ᠭᠡᠵᠤ

     ᠠᠠᠳᠠ ᠨᠠᠢ᠌ᠵᠠ ᠮᠢᠨᠢ ᠱᠠᠯᠠᠳᠠᠭ ᠶᠤᠮ

ᠠᠷᠠᠢ ᠮᠥᠴᠡᠭᠡ ᠪᠠᠨ ᠦᠭ‍ᠭᠦᠯ ᠥᠭᠡᠢ

     ᠠᠮᠢ ᠳᠠᠮᠠᠴᠠᠨ ᠭᠦᠡᠳᠦᠷᠡᠳᠡᠭ᠌ ᠶᠤᠮ

ᠮᠡᠳᠡᠯᠭᠡ ᠲᠡᠶ ᠴᠤ ᠭᠦᠮᠤᠨ ᠭᠡᠵᠤ

     ᠮᠡᠳᠡᠳᠡᠭ᠌ ᠨᠢᠭᠡ ᠨᠢ ᠮᠠᠭᠳᠠᠳᠠᠭ ᠶᠤᠮ

ᠮᠡᠨᠡᠭ᠌ ᠳᠡᠨᠡᠭ᠌ ᠰᠢᠭ᠌ ᠴᠠᠯ ᠱᠠᠩᠳᠠᠭᠤᠷᠠᠵᠤ

      ᠮᠡᠳᠡᠭᠡ ᠦᠭᠡᠶ ᠰᠠᠢ᠌ᠮᠰᠤᠷᠠᠳᠠᠭ ᠶᠤᠮ


ᠵᠠᠮ ᠤᠨ ᠴᠢᠯᠠᠭᠤ ᠪᠠᠷ ᠵᠢᠱᠢᠵᠤ

     ᠵᠠᠪᠠᠯ ᠵᠠᠢ᠌ᠯᠠᠭᠤᠯᠳᠠᠭ ᠪᠠᠢ᠌ᠭᠰᠠᠨ ᠢ

ᠵᠠᠬ᠎ᠠ ᠶᠢᠨ ᠭᠦᠮᠦᠰ ᠳᠠᠷᠠᠭᠠᠯᠠᠨ

     ᠵᠤᠢᠳᠠᠯ ᠦᠭᠡᠶ ᠮᠡᠳᠡᠳᠡᠭ᠌ ᠠᠳᠠᠯ᠎ᠠ

ᠵᠠᠭᠠᠳᠠᠰᠤ ᠦᠭᠡᠶ ᠠᠷᠢᠭᠤᠨ ᠨᠥᠭᠦᠷᠯᠡᠯ ᠭᠡᠵᠤ

     ᠬᠠᠭᠤᠳᠠᠰᠤ ᠦᠭᠡᠶ ᠢᠳᠡᠭᠡᠨ

ᠵᠠᠯᠢᠳᠤ ᠬᠤᠳᠠᠯᠳᠤᠭᠠᠴᠢᠨ ᠳᠤ ᠶᠠᠭᠠᠭᠢᠵᠤ ᠠᠷᠠᠯᠵᠢᠭᠳᠠᠬᠤ ᠪᠠᠨ

     ᠬᠤᠨᠤᠭ ᠤᠨ ᠵᠡᠭᠦᠳᠤᠨ ᠳᠡᠭᠡᠨ ᠰᠤᠪᠢᠭ᠎ᠠ ᠥᠭᠡᠢ


ᠠᠯᠳᠠᠵᠤ ᠣᠨᠤᠬᠤ ᠶᠢᠨ ᠮᠥᠴᠢᠳᠭᠡᠨ ᠵᠠᠢ ᠵᠢ

     ᠳᠠᠪᠠᠨ ᠳᠠᠪᠠᠨ ᠳᠤᠭᠤᠯᠬᠤ ᠳ᠋ᠠᠭᠠᠨ

ᠠᠷᠢᠭᠤᠳᠬᠠᠵᠤ ᠪᠠᠶ᠎ᠠ ᠪᠠᠨ ᠴᠠᠭᠠᠯᠠᠬᠤ ᠰᠢᠯᠳᠠᠭ

     ᠳᠠᠩᠴᠤ ᠶᠠᠷᠤ ᠡᠴᠠ ᠡᠷᠢᠭ᠍ᠰᠡᠨ ᠥᠭᠡᠢ

ᠳᠠᠷᠠᠰᠤᠨ ᠳᠠᠭᠠᠨ ᠬᠠᠶᠠᠭᠳᠠᠯ᠎ᠠ ᠳᠠᠪᠠᠭᠤ ᠭᠦᠮᠤᠨ ᠭᠡᠵᠤ

      ᠠᠯᠪᠠᠨ ᠶᠤᠰᠤ ᠪᠠᠷᠳ᠋ᠩᠨᠡᠭᠦ ᠳ᠋ᠤ

ᠳᠠᠯᠠᠢ ᠣᠷᠰᠢᠭ ᠤᠨ ᠭᠢᠯᠢᠰ ᠨᠢᠭᠦᠯ ᠢ

     ᠠᠷᠢᠭᠢ ᠨᠥᠭᠦᠷ ᠡᠭᠦᠷᠦᠭ᠍ᠰᠡᠨ ᠶᠤᠮ


ᠣᠤᠭᠤᠭᠰᠠᠨ ᠳᠠᠭᠠᠨ ᠣᠨᠠᠭᠰᠠᠨ ᠪᠢᠰᠢ

ᠣᠨᠠᠭᠰᠠᠨ ᠳᠠᠭᠠᠨ ᠣᠤᠭᠤᠭᠰᠠᠨ ᠶᠤᠮ ᠡ

ᠡᠷ᠎ᠡ ᠵᠤᠷᠢᠭ ᠤᠨ ᠡ᠊ᠨᠳᠡᠭᠦᠤ ᠵᠠᠶᠠᠭ᠎ᠠ ᠮᠢᠨᠢ ᠳ᠋ᠡ ︕


ᠵᠤᠬᠢᠶᠠᠭᠴᠢ ᠶᠢᠨ ᠬᠠ‍‌ᠶᠢᠭ ᠄ ᠭᠢᠩᠭ᠋ᠠᠨ ᠤ ᠲᠦᠰᠢᠶᠠᠳᠤ

ᠵᠤᠬᠢᠶᠠᠭᠴᠢ᠄ ᠡᠰᠨᠢᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2640
ᠴᠠᠭ᠄ 2011 ᠤᠨ ᠤ 09 ᠰᠠᠷ᠎ᠠ ᠶᠢᠨ 09
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ