ᠨᠡᠪᠲᠡᠷᠡᠨ ᠤᠷᠤᠬᠤ
ᠪᠦᠰᠡᠭᠦᠢ ᠭᠦᠮᠤᠨ

ᠥᠩᠭᠡᠳᠤ ᠳᠠᠯ᠎ᠠ ᠳᠤ ᠰᠡᠷᠪᠠᠯᠵᠡᠭᠦ ᠡᠴᠡ

ᠴᠡᠴᠡᠭ᠌ ᠢ ᠭᠤᠶᠤᠬᠠᠨ ᠯᠠ ᠭᠡᠨ᠎ᠡ

ᠦᠷᠭᠡᠨ ᠮᠦᠷᠠᠨ ᠳᠤ ᠢᠷᠠᠯᠵᠠᠬᠤ ᠡᠴᠡ

ᠵᠢᠷᠭᠠᠬᠠᠢ ᠶᠢ ᠦᠵᠡᠮᠵᠢᠳᠠᠢ ᠯᠠ ᠭᠡᠨ᠎ᠡ

ᠣᠢ ᠭᠦᠪᠴᠢ ᠳᠤ ᠣᠷᠤᠩᠨᠠᠳᠠᠭ ᠡᠴᠡ

ᠢᠠᠵᠠᠭ᠎ᠠ ᠶᠢ ᠭᠦᠭᠡᠷᠦᠭᠦᠨ ᠯᠠ ᠭᠡᠨ᠎ᠡ

ᠣᠭᠳᠠᠷᠭᠭᠤᠢ ᠶᠢᠨ ᠴᠡᠭᠡᠯ ᠶᠢᠡᠷ ᠨᠢᠰᠭᠦ ᠡᠴᠡ

ᠬᠤᠨ ᠢ ᠴᠡᠪᠠᠷᠭᠡᠨ ᠯᠠ ᠭᠡᠨ᠎ᠡ

ᠣᠷᠤᠨ ᠰᠠᠭᠤᠴᠠ ᠳᠤ ᠤᠢ᠌ᠷ᠎ᠡ ᠡᠴᠡ

ᠳᠠᠭᠳᠠᠭ᠎ᠠ ᠶᠢ ᠳᠠᠢ᠌ᠪᠣᠩ ᠯᠠ ᠭᠡᠨ᠎ᠡ

ᠠᠯᠠᠭ ᠬᠤᠷᠸ᠎ᠠ ᠶᠢ ᠭᠡᠢ᠌ᠭᠦᠯᠳᠡᠭ᠌ ᠡᠴᠡ

ᠨᠠᠷᠠ ᠶᠢ ᠭᠡᠷᠡᠯ ᠲᠡᠶ ᠯᠠ ᠭᠡᠨ᠎ᠡ

ᠰᠠᠪᠠ ᠳᠡᠯᠡᠭᠡᠢ ᠶᠢᠨ ᠬᠠᠷᠠᠩᠭ᠋ᠤᠢ ᠶᠢ ᠳᠠᠭᠤᠳᠠᠭ ᠡᠴᠡ

ᠰᠠᠷᠠ ᠶᠢ ᠳᠤᠩᠭ᠋ᠠᠯᠠᠭ ᠯᠠ ᠭᠡᠨ᠎ᠡ

ᠳᠤᠮᠤᠭ ᠰᠡᠳᠭᠢᠭᠦᠢ ᠶᠢ ᠨᠤᠶᠠᠯᠠᠳᠠᠭ ᠡᠴᠡ

ᠳᠠᠭᠢᠨᠢᠰ ᠢ ᠭᠤᠶᠤᠬᠠᠨ ᠯᠠ ᠭᠡᠨ᠎ᠡ

ᠠᠬᠤᠢ ᠰᠡᠳᠬᠢᠯᠭᠡᠨ ᠢ ᠴᠡᠯᠮᠡᠭᠡᠳᠡᠭ᠌ ᠡᠴᠡ

ᠭᠡᠦᠭᠡᠨ ᠭᠦᠮᠤᠨ ᠢ ᠭᠡᠭᠡᠡᠴᠢᠷ ᠯᠠ ᠭᠡᠨ᠎ᠡ

ᠠᠵᠠ ᠭᠡᠢ᠌ᠮᠦᠷᠢ ᠳᠦᠰᠢᠭ᠍ᠰᠡᠨ ᠠᠮᠢᠳᠤᠷᠠᠯ ᠳᠤ

ᠪᠦᠰᠡᠭᠦᠢ ᠭᠦᠮᠤᠨ ᠢ ᠥᠵᠡᠰᠭᠦᠯᠡᠩ ᠯᠠ ᠭᠡᠨ᠎ᠡ

ᠠᠬᠤᠢ ᠳᠤ ᠠᠮᠢ ᠵᠠᠯᠭᠠᠭᠤᠯᠳᠠᠭ ᠡᠴᠡ

ᠪᠦᠰᠡᠭᠦᠢ ᠭᠦᠮᠤᠨ ᠢ ᠠᠴᠢ ᠲᠡᠶ ᠯᠠ ᠭᠡᠨ᠎ᠡ

ᠠᠮᠢᠳᠤᠷᠠᠯ ᠳᠤ ᠠᠵᠠ ᠰᠥᠯᠡᠳᠡᠭ᠌ ᠡᠴᠡ

ᠪᠦᠰᠡᠭᠦᠢ ᠭᠦᠮᠤᠨ ᠢ ᠡᠷᠭᠢᠮ ᠯᠠ ᠭᠡᠨ᠎ᠡ᠃

  

ᠲᠦᠯᠭᠡᠨ ᠳᠤᠩᠭ᠋ᠠᠯᠠᠭ ᠬᠠᠷᠠᠴᠠᠨ ᠳᠤ ᠪᠠᠨ

ᠳᠦᠭᠡᠷᠢᠵᠤ ᠪᠣᠳᠤᠯᠢᠳᠤᠭᠤᠯᠮᠠᠷ ᠪᠦᠰᠡᠭᠦᠢ ᠭᠦᠮᠤᠨ

ᠲᠦᠪᠰᠢᠨ ᠳᠤᠳᠤᠨᠤ ᠠᠭᠠᠯᠢ ᠳᠤ ᠪᠠᠨ

ᠳᠦᠭ᠍ᠳᠡᠷᠡᠭᠦᠯᠵᠤ ᠣᠶᠠᠭᠳᠠᠭᠤᠯᠮᠠᠷ ᠪᠦᠰᠡᠭᠦᠢ ᠭᠦᠮᠤᠨ

ᠰᠡᠷᠮᠡᠭᠦᠨ ᠬᠠᠩᠭ᠋ᠠᠯ ᠳᠦᠷᠭᠦ ᠳᠤ ᠪᠠᠨ

ᠰᠡᠳᠭᠢᠯ ᠠᠯᠳᠠᠭᠤᠯᠴᠢᠬᠠᠮᠠᠷ ᠪᠦᠰᠡᠭᠦᠢ ᠭᠦᠮᠤᠨ

ᠰᠡᠪᠠᠭᠦᠨ ᠭᠠᠢ᠌ᠬᠠᠯᠳᠠᠢ ᠭᠠᠯᠪᠢᠷ ᠲᠤ ᠪᠠᠨ

ᠰᠠᠮ ᠬᠠᠢ᠌ᠯᠤᠭᠤᠯᠴᠢᠬᠠᠮᠠᠷ ᠪᠦᠰᠡᠭᠦᠢ ᠭᠦᠮᠤᠨ

ᠭᠡᠭᠡᠷ᠎ᠡ ᠶᠢᠨ ᠰᠠᠯᠭᠢᠨ ᠡᠴᠡ ᠴᠤ ᠬᠠᠷᠠᠮᠨᠠᠮᠠᠷ

ᠭᠡᠭᠡᠡᠴᠢᠷ ᠭᠤᠸ᠎ᠠ ᠡᠴᠡ ᠪᠦᠰᠡᠭᠦᠢ ᠭᠦᠮᠤᠨ

ᠭᠡᠨ ᠨᠢᠭᠡ ᠭᠦᠮᠤᠨ ᠡᠴᠡ ᠴᠤ ᠠᠮᠢᠠᠴᠢᠷᠬᠠᠮᠠᠷ

ᠭᠡ ᠰᠠᠪ ᠦᠭᠡᠶ ᠡᠴᠡ ᠪᠦᠰᠡᠭᠦᠢ ᠭᠦᠮᠤᠨ

ᠵᠠᠯᠠᠭᠤ ᠽᠠᠠᠳᠠᠨ ᠵᠢᠪᠬᠤᠭ᠎ᠠ ᠳᠤ ᠪᠠᠨ

ᠠᠮᠢᠳᠤ ᠪᠠᠢ᠌ᠭᠠᠯᠢ ᠶᠢᠨ ᠭᠠᠢ᠌ᠬᠠᠮᠰᠢᠭ ᠢ ᠰᠢᠩᠭᠡᠭ᠍ᠰᠡᠨ

ᠵᠠᠰᠠᠯ ᠦᠭᠡᠶ ᠳᠦᠷᠤᠯᠭᠢ ᠭᠢᠯᠪᠠᠭ᠎ᠠ ᠳᠤ ᠪᠠᠨ

ᠠᠮᠢ ᠠᠮᠢᠳᠤᠷᠠᠯ ᠤᠨ ᠭᠡᠷᠡᠯ ᠢ ᠳᠤᠸᠠᠯᠠᠭᠤᠯᠤᠭᠰᠠᠨ

ᠪᠦᠰᠡᠭᠦᠢ ᠭᠦᠮᠤᠨ ᠤ ᠣᠶᠠᠨ ᠳᠠᠭᠤᠨ ᠳᠤ ᠨᠢ

ᠨᠢᠭᠤᠴᠠᠬᠠᠨ ᠰᠠᠨᠠᠭ᠎ᠠ ᠳᠦᠷᠦᠭ᠍ᠳᠡᠭᠦᠢ

ᠪᠦᠯᠢᠶᠡᠨ ᠳᠤᠯᠠᠭᠠᠨ ᠣᠷᠠᠨ ᠮᠦᠰᠢᠶᠠᠯ ᠳᠤ ᠨᠢ

ᠬᠠᠢ᠌ᠷᠠᠯᠠᠬᠤ ᠰᠡᠳᠭᠢᠯ ᠢᠪᠢᠯᠭᠦᠢ᠃


ᠠᠯᠳᠠᠨ ᠳᠡᠯᠡᠭᠡᠢ ᠳᠤ ᠠᠯᠠᠭ ᠦᠷ᠎ᠡ ᠪᠠᠨ ᠳᠦᠷᠦᠭᠡᠳ

ᠠᠯᠠᠭᠴᠢᠯᠠᠯ ᠦᠭᠡᠶ ᠰᠠᠨᠠᠳᠠᠭ ᠡᠵᠢ ᠪᠣᠯ ᠪᠦᠰᠡᠭᠦᠢ ᠭᠦᠮᠤᠨ

ᠠᠭᠤᠤ ᠳᠦᠷᠤ ᠳᠤ ᠦᠷ᠎ᠡ ᠶᠢᠨ ᠨᠠᠮᠠᠷᠢ ᠬᠠᠠᠳᠢᠪᠯᠠᠭᠠᠤᠨ

ᠠᠮᠢᠳᠤᠷᠠᠯ ᠳᠤ ᠳᠦᠷᠦᠭᠡ ᠭᠢᠰᠭᠢᠭᠦᠯᠳᠡᠭ᠌ ᠡᠵᠢ ᠪᠣᠯ ᠪᠦᠰᠡᠭᠦᠢ ᠭᠦᠮᠤᠨ

ᠭᠦᠷᠭᠦ ᠮᠠᠷᠭᠠᠰᠢ ᠶᠢᠨ ᠦᠨᠳᠦᠷ ᠲᠤ ᠦᠷ᠎ᠡ ᠶᠢᠨ ᠵᠠᠶᠠᠭ᠎ᠠ ᠬᠤᠷᠠᠢ᠌ᠯᠠᠭᠠᠤᠨ

ᠭᠦᠷ ᠲᠦᠮᠡᠨ ᠤ ᠣᠢ᠌ᠯᠠᠰ ᠲᠤ ᠡᠷᠴᠢ ᠨᠡᠮᠡᠷᠢᠯᠡᠭ᠍ᠰᠡᠨ ᠡᠵᠢ ᠪᠣᠯ ᠪᠦᠰᠡᠭᠦᠢ ᠭᠦᠮᠤᠨ

ᠭᠦᠮᠤᠨ ᠤ ᠶ‍ᠢᠷᠳᠢᠠᠴᠤ ᠳᠤ ᠭᠦᠢ ᠵᠠᠯᠭᠠᠭᠤᠯᠤᠨ

ᠭᠦᠭ᠍ᠵᠢᠭᠦ ᠴᠠᠭ ᠲᠤ ᠭᠦᠴᠤ ᠡᠷᠭᠦᠭ᠍ᠰᠡᠨ ᠡᠵᠢ ᠪᠣᠯ ᠪᠦᠰᠡᠭᠦᠢ ᠭᠦᠮᠤᠨ

ᠪᠦᠰᠡᠭᠦᠢ ᠵᠠᠶᠠᠭ᠎ᠠ ᠲᠡᠶ ᠡᠵᠢ ᠭᠦᠮᠤᠨ ᠤ ᠠᠯᠳᠠᠷ ᠭᠠᠪᠢᠶ᠎ᠠ ᠳᠤ

ᠭᠦᠡᠳᠦᠳᠭᠡᠯ ᠤᠨ ᠳᠠᠭᠤᠤ ᠪᠠᠨ ᠬᠠᠩᠭᠢᠨᠠᠭᠤᠯᠤᠶ᠎ᠠ

ᠪᠦᠭᠦᠳᠡ ᠪᠠᠷ ᠭᠦᠡᠳᠦᠳᠭᠡᠭᠦᠰᠢᠳᠡᠢ ᠡᠵᠢ ᠶᠢᠨ ᠠᠴᠢ ᠡᠨᠡᠷᠢᠯ ᠳᠤ

ᠳᠠᠯᠡᠷᠬᠠᠯ ᠤᠨ ᠡᠭᠡᠰᠢᠭ᠌ ᠶᠢᠡᠨ ᠴᠤᠤᠷᠢᠶᠠᠳᠤᠭᠤᠯᠬᠤᠢ᠃




ᠵᠤᠬᠢᠶᠠᠭᠴᠢ ᠶᠢᠨ ᠬᠠ‍‌ᠶᠢᠭ ᠄ ᠨᠢ᠋ᠮᠠᠨ ᠬᠤᠰᠢᠭᠤᠨ ᠤ ᠮᠤᠩᠭ᠋ᠤᠯ ᠦᠨᠳᠦᠰᠦᠳᠠᠨ ᠤ ᠳᠤᠷᠰᠢᠯᠳᠠ ᠶᠢᠨ ᠪᠠᠭ᠎ᠠ ᠰᠤᠷᠭᠠᠭᠤᠯᠢ

ᠵᠤᠬᠢᠶᠠᠭᠴᠢ᠄ ᠪᠣᠷᠵᠢᠭᠢᠨ·ᠪᠠᠭᠠᠳᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2637
ᠴᠠᠭ᠄ 2012 ᠤᠨ ᠤ 03 ᠰᠠᠷ᠎ᠠ ᠶᠢᠨ 05
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ