ᠨᠡᠪᠲᠡᠷᠡᠨ ᠤᠷᠤᠬᠤ
ᠰᠢᠯᠦᠭ ᠪᠢᠯᠬᠠᠭᠰᠠᠨ ᠬᠤᠷᠸ᠎ᠠ
(ᠮᠥᠴᠢᠯᠭᠡ ᠰᠢᠯᠦᠭ᠌)

1᠂ ᠳᠤᠮᠤᠭᠳᠤ ᠠᠯᠳᠠᠢ


ᠠᠯᠳᠠᠢ

ᠭᠠᠵᠠᠷ ᠤᠨ ᠪᠦᠮᠪᠦᠷᠴᠡᠭ᠌ ᠤᠨ ᠦᠨᠳᠦᠷ ᠬᠠᠢ᠌ᠷᠬᠠᠨ᠂

ᠠᠯᠳᠠᠢ

ᠣᠯᠠᠨ ᠭᠡᠯᠡᠨ ᠤ ᠲᠦᠪᠯᠡᠷᠠᠯ ᠤᠨ ᠴᠡᠭ᠌᠂

ᠠᠯᠳᠠᠢ

ᠠᠮᠢᠳᠠᠨ ᠣᠷᠭᠤᠮᠠᠯ ᠤᠨ ᠣᠯᠠᠨ ᠵᠠᠭᠪᠣᠷ᠂

ᠠᠯᠳᠠᠢ

ᠣᠷᠴᠢᠯᠠᠩ ᠤᠨ ᠬᠤᠪᠢᠰᠤᠯᠳᠠ ᠢᠯᠡᠷᠡᠭᠦ ᠳᠠᠯᠠᠪᠣᠷ᠂

ᠠᠯᠳᠠᠢ

ᠳᠤᠤᠯᠢᠰ ᠳᠤᠭᠤᠵᠢ ᠶᠢᠨ ᠠᠷᠤ ᠥᠵᠡᠭ᠍ᠳᠡᠯ᠂

ᠠᠯᠳᠠᠢ

ᠥᠩᠭᠡᠳᠤ ᠳᠡᠮᠦᠷᠯᠢᠭ᠌ ᠤᠨ ᠪᠠᠶᠠᠨ ᠰᠠᠩ᠂

ᠠᠯᠳᠠᠢ

ᠣᠢ᠌ᠷᠠᠤᠨ ᠣᠭᠰᠠᠭᠠᠳᠠᠨ ᠤ ᠠᠮᠢᠳᠤᠷᠠᠯ ᠤᠨ ᠮᠦᠷ᠂

ᠠᠯᠳᠠᠢ

ᠣᠯᠠᠨ ᠶᠠᠰᠤᠳᠠᠨ ᠤ ᠢᠮ ᠳᠠᠮᠠᠭ᠎ᠠ᠂

ᠠᠯᠳᠠᠢ

ᠭᠦᠮᠤᠨ ᠲᠦᠷᠦᠯᠭᠢᠳᠠᠨ ᠤ ᠰᠤᠶᠤᠯ ᠤᠨ ᠪᠠᠭᠤᠷᠢ᠂

ᠠᠯᠳᠠᠢ

ᠣᠯᠠᠨ ᠭᠡᠯᠡᠳᠤ ᠢᠷᠠᠭᠤ ᠨᠠᠢ᠌ᠷᠠᠭ ᠤᠨ ᠰᠠᠳᠤᠪ᠂

ᠠᠯᠳᠠᠢ

ᠡᠷᠳᠡᠮᠳᠡᠨ ᠤ ᠳᠤᠮᠢᠶᠠᠯᠠᠯ ᠤᠨ ᠪᠣᠯᠠᠭ᠃

ᠠᠷᠤ ᠪᠣᠮᠪᠠ ᠶᠢᠨ ᠳᠠᠷᠬᠠᠨ ᠨᠤᠳᠤᠭ ᠭᠡᠵᠤ

ᠳᠤᠤᠯᠢᠰ ᠳᠤᠮᠤᠭ ᠳᠤ ᠢᠯᠡᠷᠡᠳᠡᠭ᠌᠂

ᠠᠷᠢᠭᠤᠨ ᠰᠢᠳᠦᠭᠡᠨ ᠤ ᠰᠠᠴᠤᠯᠢ ᠨᠤᠳᠤᠭ ᠭᠢᠵᠤ

ᠠᠷᠠᠤᠨ ᠲᠦᠮᠡᠨ ᠳᠤᠮᠤᠭᠯᠠᠳᠠᠭ᠃

ᠡᠭᠦᠯᠡ ᠳᠤ ᠰᠢᠷᠭᠤᠠᠰᠠᠨ ᠣᠷᠭᠢᠯ ᠴᠢᠨᠢ

ᠡᠭᠡ ᠪᠠᠢ᠌ᠭᠠᠯᠢ ᠶᠢᠨ ᠣᠯᠠᠨ ᠥᠩᠭᠡ ᠦᠦ︖

ᠭᠡᠯᠡ᠂ ᠰᠤᠶᠤᠯ᠂ ᠳᠠᠢ᠌ᠨ ᠤ ᠮᠦᠷ ᠴᠢᠨᠢ

ᠳᠤᠮᠤᠭᠳᠤ ᠳᠦᠷᠰᠦ ᠴᠢᠨᠢ ᠳᠠᠮᠠᠭ᠎ᠠ ᠦᠦ︖

ᠪᠣᠭᠤᠷᠤᠯ ᠭᠤᠯᠤᠮᠳᠠ ᠴᠢᠨᠢ ᠭᠠᠯ

ᠭᠦᠮᠤᠨ ᠤ ᠡᠷᠡᠨ ᠤ ᠪᠣᠯᠪᠠᠰᠤᠨ ᠳᠡᠦᠭᠡ ᠦᠦ︖

ᠢᠵᠠᠭᠤᠷ ᠰᠤᠶᠤᠯ ᠤᠨ ᠮᠦᠷ

ᠳᠠᠨ ᠤ ᠭᠦᠢᠰᠤ ᠲᠡᠶ ᠬᠤᠯᠪᠣᠭ᠎ᠠ ᠲᠡᠶ᠂

ᠣᠢ᠌ᠷᠠᠤᠨ ᠳᠡᠦᠭᠡ ᠶᠢᠨ ᠬᠠᠭᠤᠳᠠᠰᠤ

ᠳᠠᠨ ᠤ ᠮᠦᠷ ᠤᠨ ᠢᠮ ᠲᠡᠶ᠃

ᠳᠤᠮᠤᠭ ᠳᠤᠮᠳᠠ ᠣᠶᠠᠩᠭ᠋ᠠᠷᠠᠭᠰᠠᠨ ᠠᠯᠳᠠᠢ

ᠪᠣᠭᠤᠷᠤᠯ ᠰᠤᠶᠤᠯ ᠤᠨ ᠨᠢᠭᠤᠴᠠ︕


2᠂ ᠡᠵᠢ ᠮᠢᠨᠢ ᠰᠠᠨᠠᠭᠳᠠᠨ᠎ᠠ


ᠴᠠᠰᠤᠳᠤ ᠴᠠᠭᠠᠨ ᠠᠭᠤᠯᠠ ᠡᠴᠡ

ᠴᠡᠭᠡᠨ ᠳᠤᠩᠭ᠋ᠠᠯᠠᠭ ᠣᠰᠤ ᠣᠷᠤᠰᠤᠨ᠎ᠠ᠂

ᠴᠠᠢ᠌ᠯᠠᠭᠠᠨ ᠰᠡᠳᠭᠢᠯ ᠲᠡᠶ ᠡᠵᠢ ᠮᠢᠨᠢ

ᠴᠡᠭᠡᠵᠢᠨ ᠳᠤᠮᠳᠠ ᠰᠠᠨᠠᠭᠳᠠᠨ᠎ᠠ᠃

ᠭᠦᠭᠡᠮᠳᠡᠭ᠌ ᠨᠤᠭᠤᠭᠠᠨ ᠠᠭᠤᠯᠠ ᠡᠴᠡ

ᠭᠦᠭᠡ ᠳᠤᠩᠭ᠋ᠠᠯᠠᠭ ᠣᠰᠤ ᠣᠷᠤᠰᠤᠨ᠎ᠠ᠂

ᠭᠦᠭᠡᠷᠦᠭᠦᠢ ᠰᠡᠳᠭᠢᠯ ᠲᠡᠶ ᠡᠵᠢ ᠮᠢᠨᠢ

ᠭᠦᠪᠠᠭᠦᠨ ᠨᠠᠳᠠ ᠳᠠᠭᠠᠨ ᠰᠠᠨᠠᠭᠳᠠᠨ᠎ᠠ᠃

ᠠᠯᠤᠰ ᠤᠨ ᠠᠯᠠᠭ ᠠᠭᠤᠯᠠ ᠡᠴᠡ

ᠷᠠᠰᠢᠶᠠᠨ ᠳᠤᠩᠭ᠋ᠠᠯᠠᠭ ᠣᠰᠤ ᠣᠷᠤᠰᠤᠨ᠎ᠠ᠂

ᠠᠴᠢ ᠶᠡᠭᠡᠳᠡᠢ ᠡᠵᠢ ᠮᠢᠨᠢ

ᠠᠢ᠌ᠪᠠᠯᠠᠬᠠᠢ ᠴᠡᠭᠡᠵᠢ ᠳᠤ ᠰᠠᠨᠠᠭᠳᠠᠨ᠎ᠠ᠃


3᠂ ᠨᠤᠳᠤᠭ


ᠠᠯᠳᠠᠨ ᠬᠤᠷᠸ᠎ᠠ ᠶᠢᠨ ᠦᠷᠦ ᠳᠡᠭᠡᠷ᠎ᠡ

ᠠᠮᠢᠳᠤᠷᠠᠯ ᠢ ᠰᠢᠵᠢᠮᠯᠡᠭ᠍ᠰᠡᠨ᠂

ᠠᠪᠣ ᠶᠢᠨ ᠠᠯᠳᠠᠨ ᠪᠠᠭᠤᠷᠢ

ᠠᠰᠢᠳᠠ ᠶᠢᠨ ᠰᠠᠢ᠌ᠬᠠᠨ ᠣᠷᠤᠨ᠂

ᠠᠯᠳᠠᠨ ᠡᠴᠡ ᠦᠨᠡᠳᠠᠢ

ᠠᠮᠢᠳᠤᠷᠠᠯ ᠴᠤᠭᠴᠠᠯᠠᠭᠰᠠᠨ ᠨᠤᠳᠤᠭ᠃

ᠡᠭᠡ ᠣᠷᠤᠨ ᠤ ᠦᠷᠦ ᠳᠡᠭᠡᠷ᠎ᠡ

ᠡᠨᠡᠷᠢᠯ ᠬᠠᠢ᠌ᠷ᠎ᠠ ᠪᠡᠷ ᠪᠢᠯᠠᠬᠠᠭᠰᠠᠨ᠂

ᠡᠵᠢ ᠶᠢᠨ ᠮᠥᠩᠭᠦᠨ ᠰᠠᠭᠤᠷᠢ

ᠡᠷᠳᠡᠨᠢ ᠰᠠᠢ᠌ᠬᠠᠨ ᠣᠷᠤᠨ᠂

ᠡᠭᠡ ᠣᠷᠤᠨ ᠡᠴᠡ ᠰᠠᠯᠵᠤ ᠪᠣᠯᠤᠰᠢ ᠦᠭᠡᠶ

ᠡᠯᠢᠭᠡᠨ ᠪᠦᠳᠤᠨ ᠨᠤᠳᠤᠭ᠃

ᠨᠠᠷᠠᠨ ᠣᠰᠤ ᠣᠷᠭᠤᠮᠠᠯ ᠳᠡᠩᠴᠡᠭ᠍ᠰᠡᠨ

ᠠᠷᠤ ᠪᠣᠮᠪᠠ ᠶᠢᠨ ᠣᠷᠤᠨ᠂

ᠡᠦᠶᠠᠩᠭᠠᠳᠤ ᠠᠮᠢᠳᠤᠷᠠᠯ ᠳᠤ ᠶᠠᠭᠠᠷᠢᠭᠰᠠᠨ

ᠣᠢ᠌ᠯᠠᠰ ᠰᠥᠡᠳᠡᠷᠯᠡᠭ᠍ᠰᠡ ᠣᠷᠤᠨ᠂

ᠡᠵᠡᠨ ᠭᠦᠮᠤᠨ ᠤ ᠰᠦᠯᠳᠡ

ᠡᠭᠦᠷᠢᠳᠡ ᠮᠠᠠᠳᠤᠬᠤ ᠨᠤᠳᠤᠭ᠃


4᠂ ᠰᠢᠨ᠎ᠠ ᠳᠡᠦᠭᠡ


ᠨᠠᠷᠠᠨ᠂ ᠠᠭᠠᠷ᠂ ᠣᠰᠤ

ᠡᠭᠡ ᠪᠠᠢ᠌ᠭᠠᠯᠢ ᠶᠢᠨ ᠦᠨᠳᠦᠰᠦ᠂

ᠪᠣᠳᠠᠰ᠂ ᠭᠦᠮᠤᠨ᠂ ᠨᠡᠢ᠌ᠭᠡᠮ

ᠡᠭᠡ ᠪᠠᠢ᠌ᠭᠠᠯᠢ ᠶᠢᠨ ᠭᠦᠷᠦᠩᠭᠡ᠂

ᠠᠪᠣ᠂ ᠡᠵᠢ᠂ ᠦᠷ᠎ᠡ

ᠡᠭᠡ ᠪᠠᠢ᠌ᠭᠠᠯᠢ ᠶᠢᠨ ᠡᠵᠡᠳ᠂

ᠨᠠᠷᠠᠯᠢᠭ᠂ ᠴᠢᠨᠠᠷᠯᠢᠭ᠂ ᠠᠵᠤ ᠠᠬᠤᠢ

ᠡᠭᠡ ᠪᠠᠢ᠌ᠭᠠᠯᠢ ᠶᠢᠨ ᠬᠤᠪᠢᠰᠬᠠᠯ᠂

ᠮᠡᠷᠭᠡᠵᠢᠯ᠂ ᠮᠡᠷᠭᠡᠵᠢᠯ᠂ ᠮᠡᠷᠭᠡᠵᠢᠯ

ᠪᠦᠳᠦᠮᠵᠢ᠂ ᠪᠦᠳᠦᠮᠵᠢ᠂ ᠪᠦᠳᠦᠮᠵᠢ

ᠠᠯᠳᠠᠷ᠂ ᠠᠯᠳᠠᠷ᠂ ᠠᠯᠳᠠᠷ

ᠠᠰᠢᠭ᠂ ᠠᠰᠢᠭ᠂ ᠠᠰᠢᠭ᠂

ᠪᠠᠶᠠᠯᠢᠭ᠂ ᠰᠤᠳᠤᠯᠤᠯ᠂ ᠳᠡᠦᠭᠡ︖


ᠬᠠᠶ‍ᠢᠭ᠄ ᠪᠠᠶᠠᠭᠤᠤᠯ ᠵᠸᠤ ᠶᠢᠨ ᠾᠸᠵᠢᠩ ᠰᠢᠶᠠᠨ ᠤ ᠣᠢ ᠰᠢᠭᠤᠢ ᠶᠢᠨ ᠳᠤᠪᠴᠢᠶ᠎ᠠ

ᠵᠤᠬᠢᠶᠠᠭᠴᠢ᠄ ᠳ᠋ᠤ᠋·ᠴᠡᠪᠠᠭ᠍ᠵᠡᠪ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2631
ᠴᠠᠭ᠄ 2009 ᠤᠨ ᠤ 04 ᠰᠠᠷ᠎ᠠ ᠶᠢᠨ 27
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ