☆ ᠮᠣ᠊·ᠮᠥᠩᠭᠡᠪᠠᠳᠤ
ᠠᠷᠢᠭᠢᠴᠢᠨ᠂ ᠡᠭᠡᠨᠡᠷ᠂ ᠬᠡᠦᠬᠡᠳ
ᠠᠷᠢᠭᠢᠴᠢᠨ ᠊᠊᠊᠊᠊᠊᠊᠊᠊᠊᠊᠊᠊᠊᠊
ᠠᠷᠢᠭᠢᠴᠢᠨ ᠠᠮᠢᠳᠤᠷᠠᠯ ᠢ
ᠦᠷᠦᠭᠡᠰᠤᠨ ᠨᠢᠳᠤ ᠪᠠᠷ ᠬᠠᠷᠠᠳᠠᠭ ᠪᠣᠯᠬᠤᠷ
ᠠᠷᠢᠭᠢ ᠡᠴᠡ ᠦᠪᠡᠷ ᠤᠨ ᠶᠢᠡᠨ
ᠠᠮᠢ ᠨᠠᠰᠤ ᠪᠠᠨ ᠭᠦᠷᠳᠡᠯ᠎ᠡ ᠰᠤᠯᠢᠳᠠᠭ ᠶᠤᠮ᠂
ᠠᠮᠢᠳᠤᠷᠠᠯ ᠠᠷᠢᠭᠢᠴᠢᠨ ᠢ
ᠠᠳᠠᠭ ᠤᠨ ᠮᠠᠭᠤ ᠪᠠᠷ ᠭᠤᠯᠤᠳᠠᠭ ᠪᠣᠯᠬᠤᠷ
ᠠᠠᠳᠠ ᠨᠥᠭᠦᠤᠨ ᠤᠨ ᠶᠢᠡᠨ
ᠢᠤᠠᠬᠠᠯ ᠢ ᠬᠤᠷᠤᠰᠤᠯ ᠶᠢᠡᠷ ᠬᠠᠷᠢᠭᠤᠯᠳᠠᠭ ᠶᠤᠮ᠂
ᠠᠭᠰᠤᠮ ᠤᠨ ᠰᠢᠪᠰᠢᠭ᠌ ᠶᠢᠡᠷ
ᠠᠲ᠋ᠤᠮ ᠰᠢᠭ ᠳᠡᠯᠪᠠᠷᠡᠭᠦ ᠠᠶᠤᠯ ᠲᠡᠶ ᠪᠣᠯᠬᠤᠷ
ᠠᠢ᠌ᠯ ᠬᠤᠰᠢᠶ᠎ᠠ ᠶᠢᠨ ᠭᠢᠨ ᠴᠤ
ᠠᠷᠭ᠎ᠠ ᠪᠠᠨ ᠪᠠᠷᠠᠵᠤ ᠵᠢᠭ᠍ᠰᠢᠳᠡᠭ᠌ ᠵᠤᠮ᠂
ᠠᠪᠠᠯᠢ ᠡᠭᠡᠨᠡᠷ ᠨᠢ
ᠭᠤᠮᠤᠳᠠᠯ ᠠᠷᠴᠢᠨ ᠴᠥᠭᠦᠷᠡᠳᠡᠭ᠌ ᠪᠣᠯᠬᠤᠷ
ᠠᠯᠠᠭ ᠬᠤᠩᠭ᠋ᠤᠷ ᠦᠷ᠎ᠡ ᠳᠡᠭᠡᠨ ᠴᠤ
ᠡᠭ᠍ᠳᠡᠭᠦᠴᠡᠯ ᠤᠨ ᠬᠠᠷᠠᠴᠠ ᠪᠠᠷ ᠱᠠᠩᠨᠠᠭᠳᠠᠳᠠᠭ ᠶᠤᠮ᠃
ᠡᠭᠡᠨᠡᠷ ᠊᠊᠊᠊᠊᠊᠊᠊᠊᠊᠊᠊᠊᠊᠊
ᠰᠤᠭᠳᠤᠭᠤ ᠡᠷ᠎ᠡ ᠶᠢᠨ ᠶᠢᠡᠨ ᠬᠣᠢ᠌ᠨ᠎ᠠ ᠡᠴᠡ
ᠨᠣᠢ᠌ᠷ ᠬᠤᠭᠤᠯᠠ ᠦᠭᠡᠶ ᠬᠤᠨᠤᠳᠠᠭ ᠪᠣᠯᠬᠤᠷ
ᠰᠤᠬᠤᠷ ᠠᠮᠢᠳᠤ ᠶᠢᠨ ᠵᠠᠶᠠᠭᠠᠨ ᠳᠠᠭᠠᠨ
ᠭᠤᠮᠤᠳᠠᠵᠤ ᠡᠪᠠᠭᠡᠷᠡᠨ ᠭᠠᠰᠤᠯᠠᠳᠠᠭ ᠶᠤᠮ᠂
ᠬᠠᠳᠠᠭᠤ ᠭᠦᠳᠡᠭᠦᠤ ᠳᠤ ᠭᠠᠭᠴᠠᠭᠠᠷ
ᠰᠡᠳᠭᠢᠯ ᠠᠯᠭᠠᠰᠠᠨ ᠵᠤᠪᠠᠨᠢᠳᠠᠭ ᠪᠣᠯᠬᠤᠷ
ᠬᠠᠢ᠌ᠷ᠎ᠠ ᠨᠠᠢ᠌ᠷ ᠦᠭᠡᠶ ᠵᠤᠪᠠᠯᠠᠩ ᠢ
ᠰᠡᠮᠭᠡᠷ ᠵᠢᠷᠦᠭᠡᠨ ᠳᠡᠭᠡᠨ ᠨᠢᠭᠤᠳᠠᠭ ᠶᠤᠮ᠂
ᠨᠢᠭᠦᠯ ᠦᠭᠡᠶ ᠨᠢᠩᠵᠢᠨ ᠳᠠᠰᠪᠣᠷᠢ ᠪᠠᠷ
ᠬᠠᠷᠢᠶᠠᠯ ᠭᠤᠳᠤᠭᠠᠯ ᠰᠤᠨᠤᠰᠳᠠᠭ ᠪᠣᠯᠬᠤᠷ
ᠨᠢᠯᠪᠣᠰᠤᠳᠠᠭ ᠨᠢᠳᠤ ᠪᠠᠷ ᠬᠤᠷᠸ᠎ᠡ ᠶᠢ
ᠬᠠᠷᠠᠵᠤ ᠥᠵᠡᠭᠦ ᠡᠴᠡ ᠪᠠᠨ ᠴᠤ ᠡᠮᠢᠶᠡᠳᠡᠭ᠌ ᠶᠤᠮ᠂
ᠵᠢᠷᠦᠭᠡ ᠪᠠᠨ ᠭᠠᠷ ᠳᠠᠭᠠᠨ ᠪᠠᠷᠢᠵᠤ
ᠣᠢ᠌ᠯᠠ ᠶᠢᠨ ᠦᠷ᠎ᠡ ᠶᠢ ᠠᠮᠰᠠᠳᠠᠭ ᠪᠣᠯᠬᠤᠷ
ᠵᠦᠳᠡᠷᠡᠯ ᠶᠠᠳᠠᠷᠠᠯ ᠡᠴᠡ ᠨᠠᠩ ᠭᠡᠴᠡᠭᠦᠤ
ᠠᠮᠢᠳᠤ ᠶᠢᠨ ᠳᠠᠮᠤ ᠶᠢ ᠡᠳ᠋ᠯᠡᠳᠡᠭ᠌ ᠶᠤᠮ᠃
ᠬᠡᠦᠬᠡᠳ ᠊᠊᠊᠊᠊᠊᠊᠊᠊᠊᠊᠊᠊᠊᠊
ᠪᠠᠯᠴᠢᠷ ᠨᠢᠯᠬ᠎ᠠ ᠣᠬᠠᠭᠠᠨ ᠳ᠋ᠤᠨᠢ
ᠰᠤᠷᠪᠢ ᠦᠯᠠᠳᠠᠵᠤ ᠬᠤᠴᠤᠷᠠᠳᠠᠭ ᠪᠣᠯᠬᠤᠷ
ᠪᠠᠭ᠎ᠠ ᠨᠠᠰᠤ ᠨᠠᠩᠴᠢᠳ ᠬᠤᠶᠠᠷ ᠢ
ᠰᠦᠨᠢ ᠰᠢᠭ᠌ ᠬᠠᠷᠠᠩᠭ᠋ᠤᠢ ᠳᠠᠨᠢᠳᠠᠭ ᠶᠤᠮ᠂
ᠭᠠᠰᠢᠭᠤᠨ ᠬᠠᠷ᠎ᠠ ᠶᠢᠨ ᠭᠢᠯᠢᠠᠴᠠ ᠶᠢ
ᠶᠠᠰᠤᠨ ᠳᠠᠭᠠᠨ ᠣᠷᠤᠳᠠᠯ᠎ᠠ ᠬᠤᠷᠤᠰᠤᠳᠠᠭ ᠪᠣᠯᠬᠤᠷ
ᠭᠠᠭᠴᠠᠬᠠᠨ ᠣᠯᠳᠠᠬᠤ ᠨᠠᠰᠤ ᠪᠠᠷ ᠶᠢᠡᠨ
ᠶᠠᠯ᠎ᠠ ᠶᠢ ᠨᠢ ᠠᠭᠤᠴᠢᠯᠠᠵᠤ ᠴᠢᠳᠠᠬᠤ ᠦᠭᠡᠶ ᠶᠤᠮ᠂
ᠪᠣᠳᠤᠯ ᠳ᠋ᠤᠨᠢ ᠵᠠᠩᠭᠢᠷᠠᠬᠤ ᠢᠴᠢᠭᠦᠷᠢ ᠶᠢ
ᠪᠣᠰᠤᠳ ᠤᠨ ᠬᠠᠷᠠᠴᠠᠨ ᠡᠴᠡ ᠳᠠᠯᠳᠠᠯᠠᠵᠤ
ᠪᠣᠷᠤᠭᠠᠨ ᠤ ᠳᠤᠰᠤᠯ ᠰᠢᠬᠠᠮᠳᠡᠷᠡᠯ ᠶᠢᠡᠷ
ᠪᠣᠷᠤᠭᠤ ᠬᠠᠯᠢᠶᠠᠵᠤ ᠮᠡᠭ᠍ᠰᠢᠳᠡᠭ᠌ ᠶᠤᠮ᠃
᠁ ᠁
ᠭᠦᠵᠦᠭᠦᠤ ᠲᠡᠶ ᠳᠤᠯᠤᠭᠠᠢ ᠵᠡᠭᠦᠭ᠍ᠰᠡᠨ
ᠰᠢᠮᠨᠤ ᠶᠢᠨ ᠰᠢᠭᠡᠰᠤᠨ ᠤ ᠪᠣᠭᠤᠯ
ᠭᠦᠮᠤᠨ ᠴᠢᠦᠡᠭᠦᠷ ᠴᠢᠮ᠎ᠠ ᠳᠤ
ᠰᠢᠯᠦᠭ᠌ ᠨᠢᠭᠡ ᠶᠢ ᠪᠢᠴᠢᠯ᠎ᠠ ᠁
ᠡᠷᠳᠡᠮ ᠨᠤᠮ ᠰᠤᠷᠤᠭᠰᠠᠨ ᠪᠣᠯ
ᠡᠷᠡᠭᠦᠯ ᠳᠤᠷᠤᠤᠯ ᠴᠠᠭ ᠳᠠᠭᠠᠨ
ᠰᠠᠷᠠᠭᠤᠯ ᠣᠬᠠᠭᠠᠨ ᠳᠠᠷᠢᠭᠢ ᠳᠡᠭᠡᠨ
ᠰᠠᠢ᠌ᠬᠠᠨ ᠳᠤᠩᠭ᠋ᠠᠨ ᠪᠣᠳᠤᠵᠤ ᠦᠵᠡ ᠁
ᠠᠯᠢ ᠴᠤ ᠨᠢᠭᠡ ᠴᠠᠭ ᠳᠤ
ᠠᠷᠢᠭᠢ ᠶᠢ ᠭᠡᠳᠡᠰᠤᠨ ᠳᠡᠭᠡᠨ ᠣᠤᠭᠤ ︕
ᠨᠤᠷᠱᠤᠵᠤ ᠡᠯᠳᠡᠪ ᠶᠢ ᠪᠢᠳᠡᠭᠡᠢ ᠴᠠᠯᠴᠢ ︕
ᠨᠤᠬᠠᠢ ᠬᠤᠴᠠᠬᠤ ᠶᠢᠨ ᠴᠢᠨᠡᠭᠡᠨ ᠰᠤᠨᠤᠰᠬᠤ ᠭᠦᠮᠤᠨ ᠠᠯᠠᠭ᠎ᠠ ᠁
ᠭᠢᠰᠭᠢᠭ᠍ᠰᠡᠨ ᠮᠦᠷ ᠶᠢᠡᠨ ᠬᠠᠷᠠᠵᠤ ᠭᠦᠯ ᠪᠠᠨ ᠪᠠᠳᠤᠯᠠ ︕
ᠭᠡᠯᠡᠭ᠍ᠰᠡᠨ ᠥᠭᠡ ᠪᠠᠨ ᠪᠣᠯᠭᠤᠭᠠᠵᠤ ᠠᠮᠠ ᠪᠠᠨ ᠪᠠᠳᠤᠯᠠ ︕
ᠭᠦᠯ ᠬᠠᠯᠳᠤᠷᠢᠪᠠᠯ ᠰᠤᠷᠪᠢ ᠠᠪᠴᠢᠷᠠᠨ᠎ᠠ ︕
ᠭᠡᠯᠡ ᠪᠠᠨ ᠪᠢᠯᠡᠭᠦᠳᠡᠪᠠᠯ ᠭᠡᠷᠡᠭᠦᠯ ᠠᠪᠴᠢᠷᠠᠨ᠎ᠠ ︕
ᠦᠯᠤᠨ ᠨᠢᠳᠤ ᠪᠠᠷ ᠯᠤᠩᠬᠤ ᠣᠷᠤᠭᠤ ᠪᠢᠳᠡᠭᠡᠢ ᠥᠩᠭᠡᠯᠵᠡ ︕
ᠦᠪᠡᠷ ᠡᠴᠡ ᠴᠢᠨᠢ ᠬᠤᠠᠳᠠᠭ᠎ᠠ ᠭᠦᠷᠳᠡᠯ᠎ᠡ ᠢᠴᠢᠩᠭᠦᠷᠡᠨᠡ ︕
ᠡᠭᠡᠨᠡᠷ ᠬᠡᠦᠬᠡᠳ ᠳᠡᠭᠡᠨ ᠰᠦᠷ ᠶᠢᠠᠨ ᠪᠢᠳᠡᠭᠡᠢ ᠭᠠᠢ᠌ᠬᠠᠭᠤᠯ ︕
ᠡᠨᠡ ᠪᠠᠶ᠎ᠠ ᠡᠴᠡ ᠴᠢᠨᠢ ᠠᠮᠢᠳᠤᠷᠠᠯ ᠭᠦᠷᠳᠡᠯ᠎ᠡ ᠣᠢ᠌ᠳᠤᠨ᠎ᠠ ︕
ᠡᠷᠯᠢᠭ᠌ ᠤᠨ ᠡᠭᠦᠳᠡ ᠰᠠᠭᠢᠬᠤ ᠳᠤᠷ᠎ᠠ ᠦᠭᠡᠶ ᠪᠣᠯ
ᠡᠷ᠎ᠡ ᠶᠢᠨ ᠴᠡᠭᠡᠵᠢᠨ ᠳᠡᠭᠡᠨ ᠠᠮᠢᠳᠤ ᠶᠢᠨ ᠵᠢᠷᠭᠠᠯ ᠢ ᠪᠠᠭᠳᠠᠭ᠎ᠠ ︕
ᠠᠷᠢᠭᠢ ᠪᠠᠷ ᠴᠢᠮᠢ᠋ᠢ ᠠᠮᠠᠯᠠᠭᠰᠠᠨ ᠪᠢᠰᠢ ᠪᠣᠯ
ᠠᠯᠳᠠᠷ ᠤᠨ ᠶᠢᠡᠨ ᠲᠦᠯᠦᠭᠡ ᠨᠠᠷᠠ ᠪᠠᠨ ᠡᠷᠭᠦᠵᠤ ᠶᠠᠪᠣ ︕
ᠮᠠᠭᠤ ᠶᠢᠨ ᠶᠤᠰᠤᠨ ᠪᠢᠰᠢ ᠭᠡᠳ
ᠮᠤᠩᠭ᠋ᠤᠯ ᠳᠡᠭᠡᠳᠦᠰ ᠶᠢᠠᠨ ᠪᠢᠳᠡᠭᠡᠢ ᠭᠤᠳᠤᠭ᠎ᠠ ︕
ᠴᠡᠭ᠌ ᠳᠡᠭᠡᠷ᠎ᠡ ᠨᠢ ᠴᠡᠩᠭᠡᠯ ᠨᠠᠢ᠌ᠷ ᠶᠢᠡᠷ ᠪᠢᠯᠬᠠᠵᠤ
ᠴᠡᠪᠠᠷᠭᠡᠨ ᠰᠠᠢ᠌ᠬᠠᠨ ᠡᠳ᠋ᠯᠡᠵᠤ ᠴᠢᠳᠠᠪᠠᠯ ᠬᠠᠶᠠ ᠨᠢᠭᠡ ᠪᠠᠯᠭᠤ ︕
ᠵᠦᠪ ᠭᠡᠷᠡᠭᠯᠡᠵᠤ᠂ ᠵᠦᠩᠨᠠᠯ ᠢᠷᠦᠭᠡᠯ ᠪᠠᠯᠭᠡᠳᠡᠵᠤ
ᠵᠥᠭᠡᠷ ᠰᠠᠢ᠌ᠬᠠᠨ ᠡᠳ᠋ᠯᠡᠵᠤ ᠴᠢᠳᠠᠪᠠᠯ ᠬᠠᠶᠠ ᠨᠢᠭᠡ ᠪᠠᠯᠭᠤ ︕
ᠵᠤᠬᠢᠶᠠᠭᠴᠢ ᠶᠢᠨ ᠬᠠᠶᠢᠭ᠄ ᠰᠢᠠᠵᠢᠶᠠᠩ ᠤᠨ ᠪᠠᠶᠠᠠᠭᠤᠤᠯ ᠵᠸᠤ ᠶᠢᠨ ᠾᠸᠵᠢᠩ ᠰᠢᠶᠠᠨ
ᠵᠤᠬᠢᠶᠠᠭᠴᠢ᠄ ᠮᠣ᠊·ᠮᠥᠩᠭᠡᠪᠠᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2648
ᠴᠠᠭ᠄ 2010 ᠤᠨ ᠤ 06 ᠰᠠᠷ᠎ᠠ ᠶᠢᠨ 06
ᠨᠠᠢ᠌ᠷᠠᠭᠤᠯᠤᠭᠴᠢ᠄ ᠪᠦᠬᠡᠡᠷᠳᠡᠨᠢ