☆ ᠰᠤ᠋·ᠦᠨᠡᠠᠴᠢ
ᠪᠦᠰᠡᠭᠦᠢ ᠭᠦᠮᠤᠨ ᠢ ᠡᠨᠡᠷᠢᠵᠤ ᠶᠠᠪᠣᠭᠠᠷᠠᠢ
ᠡᠭᠡᠨᠡᠷ ᠭᠡᠭᠦ
ᠡᠭᠦᠷᠭᠡ ᠪᠠᠨ ᠭᠤᠳᠤᠭᠠᠯ ᠥᠭᠡᠢ
ᠡᠷ᠎ᠡ ᠭᠦᠮᠤᠨ ᠤ
ᠴᠡᠭᠡᠵᠢᠨ ᠳᠤ ᠴᠡᠯᠡᠭᠡᠷᠡᠵᠤ
ᠡᠭᠡ ᠭᠡᠭᠦ
ᠬᠠᠷᠢᠭᠤᠴᠠᠯᠠᠭ᠎ᠠ ᠪᠠᠨ ᠭᠦᠰᠡᠷᠳᠡᠭᠦᠯᠦᠭᠡ ᠥᠭᠡᠢ
ᠨᠢᠯᠬ᠎ᠠ ᠦᠷ᠎ᠡ ᠶᠢᠨ ᠵᠢᠠᠨ
ᠨᠢᠳᠤᠨ ᠳᠤ ᠭᠡᠷᠡᠯᠳᠦᠳᠡᠭ᠌
ᠪᠦᠭᠦᠢᠭᠦ ᠥᠭᠡᠢ
ᠡᠩᠭᠡ ᠶᠢᠨ ᠢᠳᠡᠭᠡᠯ
ᠪᠦᠰᠡᠭᠦᠢ ᠭᠦᠮᠤᠨ ᠢ
ᠡᠨᠡᠷᠢᠵᠤ ᠶᠠᠪᠣᠭᠠᠷᠠᠢ
ᠬᠠᠳᠠᠭᠤ ᠠᠮᠢᠳᠤᠷᠠᠯ ᠤᠨ
ᠬᠠᠯᠠᠰᠢᠷᠠᠯ ᠵᠤᠪᠠᠯ ᠳᠤ ᠳᠠᠰᠴᠤ
ᠬᠠᠷ᠎ᠠ ᠭᠡᠷ ᠤᠨ
ᠭᠦᠡᠳᠤ ᠠᠵᠢᠯ ᠳᠤ ᠳᠠᠪᠳᠠᠭᠳᠠᠵᠤ
ᠬᠠᠢ᠌ᠷᠠᠳᠤ ᠦᠷ᠎ᠡ ᠪᠠᠨ ᠭᠡᠵᠤ
ᠬᠠᠯᠠᠭᠤᠨ ᠭᠦᠯᠦᠰᠤ ᠪᠠᠨ
ᠬᠠᠷᠠᠮ ᠦᠭᠡᠶ ᠠᠰᠬᠠᠷᠠᠭᠤᠯᠳᠠᠭ
ᠪᠦᠭᠦᠭᠦ ᠥᠭᠡᠢ
ᠮᠥᠩᠭᠡ ᠶᠢᠨ ᠵᠤᠯᠠ
ᠪᠦᠰᠡᠭᠦᠢ ᠭᠦᠮᠤᠨ ᠢ
ᠦᠷᠦᠪᠳᠠᠵᠤ ᠶᠠᠪᠣᠭᠠᠷᠠᠢ
ᠦᠷ᠎ᠡ ᠶᠢᠨ ᠦᠷ᠎ᠡ ᠳ᠋ᠡᠭᠡᠨ
ᠦᠨᠢ ᠮᠥᠩᠭᠡ ᠵᠢᠨ
ᠦᠪ ᠭᠦᠷᠦᠩᠭᠡ ᠪᠣᠯᠭᠠᠨ
ᠦᠨᠡᠠᠴᠢ ᠰᠢᠳᠤᠷᠭᠤ
ᠡᠷᠭᠢᠮ ᠳᠡᠭᠡᠳᠤ ᠭᠡᠪ ᠰᠤᠷᠳᠠᠯ ᠊ᠤᠨ
ᠥᠯᠢᠭᠡᠷ ᠳᠠᠭᠤᠷᠢᠶᠠᠯ
ᠥᠯᠡᠳᠡᠭᠡᠵᠤ ᠶᠠᠪᠣᠳᠠᠭ
ᠪᠦᠦᠪᠠᠢ ᠶᠢᠨ ᠳᠠᠭᠤ ᠪᠠᠷ
ᠬᠤᠷᠸ᠎ᠠ ᠶᠢ ᠣᠶᠠᠷᠠᠭᠤᠯᠤᠭᠰᠠᠨ
ᠪᠦᠰᠡᠭᠦᠢ ᠭᠦᠮᠤᠨ ᠢ
ᠭᠦᠡᠳᠦᠳᠭᠡᠵᠤ ᠶᠠᠪᠣᠭᠠᠷᠠᠢ
ᠡᠭᠡ ᠶᠢᠨ ᠪᠦᠦᠪᠠᠢ ᠳᠠᠢ
ᠡᠷᠦᠭᠡ ᠭᠡᠷ ᠤᠨ ᠵᠢᠠᠨ
ᠡᠩᠭᠡ ᠵᠢᠷᠭᠠᠯ ᠢ
ᠡᠷ᠎ᠡ ᠨᠥᠭᠦᠷ ᠲᠡᠭᠡᠨ ᠡᠳ᠋ᠯᠡᠭᠦᠯᠵᠤ
ᠥᠷᠢᠰᠦᠯᠳᠦᠭᠡᠨ ᠲᠡᠶ ᠳᠡᠯᠡᠭᠡᠢ ᠳ᠋ᠤ
ᠥᠭᠡᠳᠡᠯᠡᠵᠤ ᠶᠠᠪᠣᠬᠤ ᠳ᠋ᠤᠨᠢ
ᠬᠠᠢ᠌ᠷ᠎ᠠ ᠭᠦᠴᠤ ᠬᠤᠶᠠᠷ ᠵᠢᠠᠨ
ᠬᠠᠷᠠᠮ ᠦᠭᠡᠶ ᠡᠷᠭᠦᠳᠡᠭ᠌
ᠪᠦᠮᠪᠦᠷᠴᠡᠭ᠌ ᠤᠨ ᠬᠠᠭᠠᠰ ᠢ
ᠪᠣᠰᠴᠤ ᠳᠤᠯᠤᠭᠰᠠᠨ
ᠪᠦᠰᠡᠭᠦᠢ ᠭᠦᠮᠤᠨ ᠢ ᠬᠠᠢ᠌ᠷᠠᠯᠠᠵᠤ ᠶᠠᠪᠣᠭᠠᠷᠠᠢ︕
ᠵᠤᠬᠢᠶᠠᠭᠴᠢ ᠶᠢᠨ ᠬᠠᠶᠢᠭ ᠄ ᠣᠷᠳᠤᠰ ᠬᠤᠳᠠ ᠶᠢᠨ ᠬᠠᠩᠭᠢᠨ ᠬᠤᠰᠢᠭᠤ
ᠵᠤᠬᠢᠶᠠᠭᠴᠢ᠄ ᠰᠤ᠋·ᠦᠨᠡᠠᠴᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2642
ᠴᠠᠭ᠄ 2010 ᠤᠨ ᠤ 01 ᠰᠠᠷ᠎ᠠ ᠶᠢᠨ 06
ᠨᠠᠢ᠌ᠷᠠᠭᠤᠯᠤᠭᠴᠢ᠄ ᠪᠦᠬᠡᠡᠷᠳᠡᠨᠢ