ᠨᠡᠪᠲᠡᠷᠡᠨ ᠤᠷᠤᠬᠤ
ᠭᠦᠯᠤᠨ ᠪᠣᠢ᠌ᠷ ᠥᠭᠡᠯᠡᠳ ᠤᠨ ᠳᠤᠰᠬᠠᠢ ᠹᠢᠯᠢᠮ ᠤᠨ ᠶᠡᠷᠦᠩᠭᠡᠢ ᠣᠭ ᠵᠤᠬᠢᠶᠠᠯ ᠤᠨ ᠲᠦᠰᠤᠪ

ᠨᠢᠭᠡᠳᠦᠭᠡᠷ ᠭᠡᠰᠡᠭ᠌᠂ ᠬᠠᠢ᠌ᠷ᠎ᠠ ᠡᠭᠡᠨᠡᠭ᠍ᠰᠢᠭ᠍ᠰᠡᠨ ᠨᠤᠳᠤᠭ ᠊᠊᠊᠊᠊᠊᠊᠊᠊᠊᠊᠊᠊᠊᠊ ᠠᠯᠳᠠᠢ ᠢᠮᠢᠨ


ᠵᠢᠷᠤᠭ ᠥᠵᠡᠭ᠍ᠳᠡᠯ 1᠂ ᠢᠮᠢᠨ ᠰᠤᠮᠤᠨ ᠤ ᠨᠢᠭᠡ ᠢᠵᠢ ᠥᠵᠡᠭ᠍ᠳᠡᠯ᠂ ᠵᠡᠭᠦᠨᠭᠠᠷ ᠣᠯᠤᠰ ᠤᠨ ᠳᠣᠢ᠌ᠮᠤ ᠭᠠᠵᠠᠷ ᠤᠨ ᠵᠢᠷᠤᠭ ᠳᠠᠭᠢ ᠤᠢ᠌ᠷᠠᠤᠨ ᠤᠨ ᠣᠷᠤᠰᠢᠨ ᠨᠤᠳᠤᠭᠰᠢᠵᠤ ᠪᠠᠢ᠌ᠭᠰᠠᠨ ᠵᠢᠷᠤᠭ ᠳᠦᠷᠰᠤ ᠳᠠᠪᠬᠤᠴᠢᠨ ᠢᠯᠠᠷᠠᠨ᠎ᠠ᠃

ᠹᠢᠯᠢᠮ ᠤᠨ ᠳᠠᠢ᠌ᠯᠪᠣᠷᠢ ᠥᠭᠡᠰ᠄

ᠭᠦᠯᠤᠨ ᠪᠣᠢ᠌ᠷ ᠤᠨ ᠧᠡᠩᠭᠢ ᠬᠤᠰᠢᠭᠤᠨ ᠤ ᠢᠮᠢᠨ ᠰᠤᠮᠤᠨ ᠳᠤ ᠲᠦᠪᠯᠡᠷᠠᠨ ᠰᠠᠭᠤᠭ᠎ᠠ ᠨᠢᠭᠡ ᠵᠠᠭᠤ ᠳᠠᠯᠠ ᠭᠠᠷᠤᠢ ᠡᠷᠦᠭᠡ ᠥᠭᠡᠯᠡᠳ ᠮᠤᠩᠭ᠋ᠤᠯ ᠪᠣᠯ ᠳᠦᠷᠪᠠᠨ ᠤᠢ᠌ᠷᠠᠤᠨ ᠤᠨ ᠣᠭ ᠨᠤᠳᠤᠭ ᠡᠴᠠ ᠪᠠᠨ ᠰᠠᠯᠵᠤ ᠢᠷᠡᠭ᠍ᠰᠡᠨ ᠨᠢᠭᠡᠨ ᠰᠠᠯᠪᠣᠷᠢ ᠪᠣᠯᠤᠨ᠎ᠠ᠃

ᠮᠤᠩᠭ᠋ᠤᠯ ᠤᠨ ᠪᠦᠷᠢᠯᠳᠦᠭᠦᠨ ᠭᠡᠰᠡᠭ᠌ ᠲᠤ ᠤᠢ᠌ᠷᠠᠤᠨ ᠭᠡᠮᠡᠭᠦ ᠡᠷᠳᠡᠨ ᠤ ᠨᠢᠭᠡᠨ ᠳᠤᠮᠤ ᠠᠢ᠌ᠮᠠᠭ ᠣᠷᠤᠭᠰᠢᠭᠰᠠᠭᠠᠷ ᠢᠷᠠᠵᠠᠢ᠃

ᠤᠢ᠌ᠷᠠᠳᠴᠤᠳ ᠠᠷᠪᠠᠨ ᠬᠤᠶᠠᠳᠤᠭᠠᠷ ᠵᠠᠭᠤᠨ ᠤ ᠦᠶ᠎ᠡ ᠳᠤ ᠰᠡᠯᠡᠩᠭᠡ ᠮᠦᠷᠡᠨ ᠪᠣᠯᠤᠨ ᠶ‍ᠸᠨᠢᠰᠧ ᠳᠡᠭᠡᠳᠤ ᠣᠷᠤᠰᠠᠬᠠᠯ᠂ ᠰᠢᠭ᠍ᠰᠢᠳ ᠤᠨ ᠦᠷᠭᠡᠨ ᠠᠭᠤᠳᠠᠮ ᠨᠤᠳᠤᠭ ᠶᠢᠡᠷ ᠨᠤᠳᠤᠭᠰᠢᠨ ᠰᠠᠭᠤᠵᠤ ᠪᠠᠢ᠌ᠪᠠ᠃ ᠮᠠᠠᠵᠤ ᠶᠢᠨ ᠬᠠᠭᠠᠨ ᠵᠡᠭᠦᠨᠭᠠᠷ ᠣᠯᠤᠰ ᠢ ᠳᠦᠷᠢᠮᠡᠭᠡᠢ᠌ᠯᠡᠭᠦ ᠶᠠᠪᠣᠴᠠ ᠳᠠᠭᠠᠨ᠂ ᠤᠢ᠌ᠷᠠᠳᠴᠤᠳ ᠲᠤ ᠬᠠᠷᠠᠳᠠᠭᠠᠤᠨ᠂ ᠠᠯᠠᠬᠤ ᠪᠣᠯᠤᠨ ᠰᠠᠯᠭᠠᠬᠤ ᠬᠠᠷᠭᠢᠰ ᠪᠣᠳᠤᠯᠭ᠎ᠠ ᠠᠪᠣᠭᠰᠠᠨ ᠶᠤᠮ᠃ ᠭᠦᠯᠤᠨ ᠪᠣᠢ᠌ᠷ ᠤᠨ ᠥᠭᠡᠯᠡᠳᠴᠥᠳ ᠪᠣᠯ ᠳᠡᠷᠡᠭᠦ ᠬᠠᠷᠭᠢᠰ ᠳᠠᠷᠤᠩᠭ᠋ᠣᠢ᠌ᠯᠠᠯ ᠳᠤᠤᠷ᠎ᠠ ᠠᠷᠭ᠎ᠠ ᠪᠣᠰᠤ ᠠᠯᠳᠠᠢ ᠬᠠᠩᠭ᠋ᠠᠢ ᠡᠴᠠ ᠪᠠᠨ ᠠᠢ᠌ᠯᠳᠠᠨ ᠰᠠᠯᠵᠤ ᠨᠡᠭᠦᠳᠡᠯᠯᠡᠭ᠍ᠰᠡᠨ ᠵᠦᠩ ᠲᠦᠮᠡᠨ ᠨᠤᠭᠦᠳ ᠤᠨ ᠨᠢᠭᠡ ᠵᠢᠵᠢᠭ᠍‍ᠬᠡᠨ ᠰᠠᠯᠪᠣᠷᠢ ᠪᠣᠯᠬᠤ ᠶᠤᠮ᠃ ᠴᠠᠭ ᠴᠠᠭ ᠶᠢᠡᠷ ᠶᠢᠡᠨ ᠪᠠᠢ᠌ᠳᠠᠭ ᠦᠭᠡᠶ᠂ ᠴᠠᠭᠢᠯᠳᠠᠭ ᠭᠦᠭᠡ ᠪᠠᠷ ᠶᠢᠡᠨ ᠪᠠᠢ᠌ᠳᠠᠭ ᠦᠭᠡᠶ ᠭᠡᠳᠡᠭ᠍ᠴᠢᠯᠡᠨ᠂ ᠴᠢᠰᠤ ᠣᠷᠤᠰᠬᠠᠭᠰᠠᠨ ᠳᠡᠦᠭᠡᠨ ᠴᠠᠭ ᠦᠶ᠎ᠡ ᠳᠤ᠂ ᠳᠤᠭᠤᠷᠢᠵᠤ ᠥᠩᠭᠡᠷᠡᠭ᠍ᠰᠡᠨ ᠦᠭᠡᠶ᠂ ᠳᠤᠭᠤᠯᠵᠤ ᠭᠠᠷᠤᠭᠰᠠᠨ ᠭᠦᠯᠤᠨ ᠪᠣᠢ᠌ᠷ ᠤᠨ ᠥᠭᠡᠯᠡᠳᠴᠥᠳ ᠮᠠᠨᠢ ᠢᠮᠢᠨ ᠨᠤᠳᠤᠭ ᠲᠠᠭᠠᠨ ᠰᠠᠢ᠌ᠨ ᠰᠠᠢ᠌ᠬᠠᠨ ᠤ ᠢᠷᠦᠭᠡᠯ ᠶᠢᠡᠷ ᠠᠵᠠ ᠵᠢᠷᠭᠠᠯ ᠲᠡᠶ ᠠᠵᠤ ᠳᠦᠷᠤᠵᠤ ᠪᠠᠢ᠌ᠨ᠎ᠠ᠂ ᠮᠤᠩᠭ᠋ᠤᠯᠴᠤᠳ ᠮᠠᠨᠢ ᠣᠷᠢᠳᠤ ᠶᠢᠨ ᠳᠡᠦᠭᠡᠨ ᠳᠤ ᠪᠣᠯᠵᠤ ᠥᠩᠭᠡᠷᠡᠭ᠍ᠰᠡᠨ ᠬᠤᠯᠠ ᠶᠢᠨ ᠨᠡᠭᠦᠳᠡᠯ ᠤᠨ ᠨᠢᠭᠡᠨ ᠥᠯᠢᠭᠡᠷ ᠡᠢ᠌ᠡᠭᠦ ᠡᠭᠦᠰᠦᠭ᠍ᠰᠡᠨ ᠪᠢᠯᠠ᠁

ᠵᠢᠷᠤᠭ ᠥᠵᠡᠭ᠍ᠳᠡᠯ 2᠂ ᠠᠯᠳᠠᠢ ᠡᠴᠠ ᠮᠤᠩᠭ᠋ᠤᠯ ᠣᠯᠤᠰ ᠤᠨ ᠳᠣᠢ᠌ᠨ ᠭᠤᠤᠯ᠂ ᠭᠦᠯᠤᠨ ᠤ ᠭᠠᠵᠠᠷ ᠤᠨ ᠵᠢᠷᠤᠭ ᠳᠡᠭᠡᠷ᠎ᠡ ᠠᠶᠠᠯᠠᠯ ᠤᠨ ᠱᠤᠭᠤᠮ ᠵᠢᠷᠤᠭᠴᠢᠯᠠᠵᠤ 2009 ᠣᠨ ᠤ ᠮᠦᠰᠤ ᠴᠠᠰᠤᠨ ᠤ ᠨᠠᠢ᠌ᠷ ᠤᠨ ᠰᠤᠯᠤᠨ ᠠᠢ᠌ᠮᠠᠭ ᠤᠨ ᠰᠦᠯᠳᠡ ᠪᠣᠯᠤᠨ ᠵᠢᠭᠰᠠᠭᠠᠯ ᠤᠨ ᠡᠩᠨᠡᠭᠡ ᠶᠢᠨ ᠵᠢᠷᠤᠭ ᠳᠠᠪᠬᠤᠴᠠᠭᠤᠯᠤᠨ ᠢᠯᠡᠷᠡᠭᠦᠯᠦᠨ᠎ᠡ᠃ ᠠᠭᠤᠯᠠᠨ ᠤ ᠰᠠᠢ᠌ᠬᠠᠨ ᠣᠰᠤᠨ ᠤ ᠳᠤᠩᠭ᠋ᠠᠯᠠᠭ ᠦᠵᠡᠮᠵᠢ ᠤᠳ᠃ 《ᠥᠭᠡᠯᠡᠳ ᠤᠨ ᠦᠪᠣᠷ》 ᠰᠢᠨᠡᠭᠡᠨ ᠭᠤᠤᠯ ᠪᠣᠭᠢᠠᠳᠤ ᠶᠢᠨ ᠨᠠᠷᠠᠰᠤ᠂ ᠮᠠᠢ᠌ᠭᠢᠠᠳᠤ ᠠᠭᠤᠯᠠ᠂ ᠪᠣᠷᠤᠳᠤ᠂ ᠠᠭᠣᠢ᠌ᠳᠤ ᠁ ᠠᠭᠤᠯᠠ᠂ ᠢᠮᠢᠨ ᠨᠡᠭᠦᠷᠡᠰᠤ ᠴᠠᠭᠢᠯᠭᠠᠨ ᠭᠦᠩᠰᠧ ᠶᠢᠨ ᠨᠡᠭᠦᠷᠰᠤ ᠮᠠᠯᠳᠠᠬᠤ ᠳᠠᠯᠠᠪᠣᠷ ᠪᠣᠯᠤᠨ ᠣᠢ᠌ᠯᠠᠳᠪᠣᠷᠢ ᠶᠢᠨ ᠪᠠᠷᠢᠯᠭ᠎ᠠ ᠵᠡᠷᠭᠡ ᠥᠵᠡᠭ᠍ᠳᠡᠯ ᠪᠣᠢ᠃

ᠹᠢᠯᠢᠮ ᠤᠨ ᠳᠠᠢ᠌ᠯᠪᠣᠷᠢ ᠥᠭᠡᠰ᠄ ᠨᠠᠢ᠌ᠷᠠᠯᠳᠤ ᠲᠥᠪ ᠤᠨ ᠠᠷᠪᠠᠨ ᠣᠨ (1732 ᠣᠨ) ᠳ᠋ᠤ᠂ ᠥᠭᠡᠯᠤᠨᠴᠦᠦᠯ ᠠᠯᠳᠠᠢ ᠡᠴᠠ ᠬᠠᠯᠬ᠎ᠠ ᠶᠢᠨ ᠳᠣᠢ᠌ᠨ ᠭᠤᠤᠯ ᠤᠨ ᠭᠦᠪᠠᠭᠡ ᠪᠠᠷ ᠳᠠᠮᠵᠢᠨ᠂ ᠪᠤᠳᠬ᠎ᠠ ᠭᠠᠵᠠᠷ ᠤᠨ ᠰᠤᠯᠤᠨ ᠠᠢ᠌ᠮᠠᠭ ᠤᠨ ᠭᠢᠨ ᠤ ᠬᠠᠮᠳᠤ ᠭᠢᠯᠢ ᠭᠢᠵᠠᠭᠠᠷ ᠤᠨ ᠰᠠᠭᠢᠨ ᠬᠠᠮᠭᠠᠯᠠᠯᠳᠠ ᠶᠢ ᠴᠢᠩᠭ᠋ᠠᠳᠬᠠᠬᠤ ᠶᠢᠨ ᠲᠦᠯᠦᠭᠡ᠂ ᠭᠦᠯᠤᠨ ᠪᠣᠢ᠌ᠷ ᠲᠤ ᠨᠡᠭᠦᠨ ᠢᠷᠠᠪᠠ᠃

ᠭᠦᠯᠤᠨ ᠪᠣᠢ᠌ᠷ ᠲᠤ ᠨᠡᠭᠦᠳᠡᠯᠯᠡᠨ ᠢᠷᠡᠭ᠍ᠰᠡᠨ ᠥᠭᠡᠯᠡᠳᠴᠥᠳ᠂ ᠰᠢᠨᠡᠭᠡᠨ ᠭᠤᠤᠯ ᠡᠴᠠ ᠣᠷᠤᠭᠰᠢ ᠢᠮᠢᠨ ᠭᠤᠤᠯ ᠢ ᠥᠭ᠍ᠰᠤᠨ ᠪᠢᠯᠡᠭᠦᠳᠤ ᠶᠢᠨ ᠦᠪᠣᠷ ᠭᠦᠷᠳᠡᠯ᠎ᠡ᠂ ᠵᠡᠭᠦᠨ ᠪᠠᠷᠠᠭᠤᠠᠰᠢ ᠪᠠᠨ ᠭᠦᠭᠡ ᠴᠢᠯᠠᠭᠤ ᠡᠴᠠ ᠠᠭᠢᠳᠤ ᠶᠢᠨ ᠭᠦᠡᠳᠡᠢ ᠭᠦᠷᠳᠡᠯᠡᠭᠢ ᠦᠷᠭᠡᠨ ᠠᠭᠤᠳᠠᠮ ᠣᠭᠢ ᠰᠢᠮ᠎ᠠ ᠲᠡᠶ᠂ ᠣᠩᠭ᠋ᠤᠨ ᠪᠠᠢ᠌ᠭᠠᠯᠢ ᠶᠢᠨ ᠦᠬᠢᠨ ᠴᠢᠷᠠᠢ ᠨᠢ ᠳᠠᠷᠠ ᠭᠡᠪ ᠶᠢᠡᠷ ᠶᠢᠡᠨ ᠪᠠᠢ᠌ᠬᠤ ᠣᠷᠤᠨ ᠨᠤᠳᠤᠭ ᠲᠤ᠂ ᠣᠢᠵᠢ᠂ ᠵᠠᠢ ᠬᠤᠶᠠᠷ ᠰᠤᠮᠤ ᠲᠡᠶ ᠭᠦᠪᠠᠭᠡᠳᠤ ᠰᠢᠷ᠎ᠠ ᠥᠭᠡᠯᠡᠳ ᠬᠤᠰᠢᠭᠤ ᠭᠡᠮᠡᠨ ᠣᠷᠤᠰᠢᠵᠤ ᠪᠠᠢ᠌ᠪᠠ᠃

ᠣᠢᠵᠢ ᠰᠤᠮᠤ ᠨᠢ ᠪᠢᠯᠡᠭᠦᠳᠤ ᠶᠢᠨ ᠦᠪᠣᠷ ᠡᠴᠠ ᠬᠣᠢ᠌ᠰᠢ ᠪᠣᠷᠤᠳᠤ᠂ ᠠᠭᠣᠢ᠌ᠳᠤ᠂ ᠮᠦᠩᠭᠦᠨ ᠴᠢᠯᠠᠭᠤ ᠭᠦᠷᠳᠡᠯ᠎ᠡ ᠵᠠᠬ᠎ᠠ ᠪᠣᠯᠭᠠᠨ᠂ ᠵᠠᠢ ᠰᠤᠮᠤᠨ ᠨᠢ ᠰᠢᠨᠡᠭᠡᠨ ᠭᠤᠤᠯ᠂ ᠢᠮᠢᠨ ᠭᠤᠤᠯ ᠢ ᠳᠠᠭᠠᠵᠤ ᠣᠯᠠᠭᠠᠨ ᠬᠠᠷᠠᠭᠠᠨ᠎ᠠ (ᠣᠳᠤ ᠶᠢᠨ ᠢᠮᠢᠨ ᠨᠡᠭᠦᠷᠡᠰᠤ ᠴᠠᠭᠢᠯᠭᠠᠨ ᠭᠦᠩᠰᠧ ᠶᠢᠨ ᠰᠠᠭᠤᠴᠠ ᠳᠤ ᠪᠠᠢ᠌ᠭ᠎ᠠ ᠬᠠᠷ᠎ᠠ ᠬᠤᠵᠢᠷ) ᠪᠠᠷ ᠨᠤᠳᠤᠭᠰᠢᠵᠤ ᠪᠠᠢ᠌ᠪᠠ᠃

ᠵᠢᠷᠤᠭ ᠥᠵᠡᠭ᠍ᠳᠡᠯ 3᠂ ⑴ ᠥᠵᠡᠰᠭᠦᠯᠡᠩ ᠰᠠᠢ᠌ᠬᠠᠨ ᠳᠠᠯ᠎ᠠ ᠨᠤᠳᠤᠭ᠂ ⑵ ᠳᠡᠦᠭᠡ ᠶᠢᠨ ᠮᠠᠲ᠋ᠸᠷᠢᠶᠠᠯ ᠶᠠᠫᠣᠨ ᠯᠠᠢ᠌ᠰᠸᠷ ᠭᠡᠷᠡᠯ ᠳᠠᠪᠠᠭ᠂ ⑶ ᠬᠤᠷᠢᠨ ᠬᠤᠶᠠᠷ ᠣᠪᠣᠭ ᠬᠠᠯᠠ ᠶᠢᠨ ᠨᠢᠵᠢᠭᠡᠳ ᠨᠠᠷᠠᠰ᠂ ⑷ 《ᠳᠠ ᠶᠠᠮᠠᠷ ᠮᠤᠩᠭ᠋ᠤᠯ ᠪᠣᠢ ︖》 ᠭᠡᠭᠦ ᠰᠤᠷᠪᠣᠯᠵᠢᠯᠭ᠎ᠠ ᠶᠢ ᠮᠠᠯᠴᠢᠨ᠂ ᠰᠠᠭᠤᠭᠠᠯᠢ ᠠᠷᠠᠤᠨ᠂ ᠭᠦᠭ᠍ᠰᠢᠨ ᠨᠠᠰᠤᠳᠠᠨ᠂ ᠬᠡᠦᠬᠡᠳ ᠪᠠᠭᠠᠴᠤᠳ ᠁ ᠪᠦᠭᠦᠨ ᠶᠢᠡᠷ ᠶᠢᠡᠨ 《ᠥᠭᠡᠯᠡᠳ ᠮᠤᠩᠭ᠋ᠤᠯ》 ᠭᠡᠰᠡᠨ ᠠᠳᠠᠯᠢ ᠬᠠᠷᠢᠭᠤᠯᠳᠠ ᠭᠡᠷᠡᠭᠯᠡᠨ᠎ᠡ᠃


ᠬᠤᠶᠠᠳᠤᠭᠠᠷ ᠭᠡᠰᠡᠭ᠌᠂ ᠳᠡᠦᠭᠡᠨ ᠳᠡᠯᠭᠡᠴᠡ


ᠹᠢᠯᠢᠮ ᠤᠨ ᠳᠠᠢ᠌ᠯᠪᠣᠷᠢ ᠥᠭᠡᠰ᠄ ᠥᠭᠡᠯᠡᠳᠴᠥᠳ ᠠᠩᠬ᠎ᠠ ᠭᠦᠯᠤᠨ ᠪᠣᠢ᠌ᠷ ᠲᠤ ᠨᠡᠭᠦᠵᠤ ᠢᠷᠡᠭ᠍ᠰᠡᠨ ᠤ ᠳᠠᠷᠠᠭ᠎ᠠ ᠳᠤᠩ ᠦᠷᠭᠡᠨ ᠠᠭᠤᠳᠠᠮ ᠨᠤᠳᠤᠭ ᠳᠡᠪᠢᠰᠭᠡᠷ ᠲᠡᠶ ᠪᠠᠢ᠌ᠵᠤ᠂ 1732 ᠣᠨ ᠳᠤ 457 ᠭᠦᠮᠤᠨ ᠠᠮᠠ ᠲᠡᠶ ᠪᠠᠢ᠌ᠭᠰᠠᠨ ᠡᠴᠠ ᠪᠠᠨ᠂ 1758 ᠣᠨ ᠳᠤ ᠰᠢᠨ᠎ᠠ ᠥᠭᠡᠯᠡᠳ ᠨᠡᠭᠦᠨ ᠢᠷᠠᠵᠤ᠂ 1790 ᠣᠨ ᠪᠣᠯᠬᠤ ᠳᠤ ᠪᠦᠭᠦ ᠥᠭᠡᠯᠡᠳ ᠤᠨ ᠭᠦᠮᠤᠨ ᠠᠮᠠ ᠨᠢ ᠪᠠᠷᠤᠭ ᠭᠤᠷᠪᠠᠨ ᠮᠢᠩᠭ᠎ᠠ ᠵᠠᠪᠳᠤᠬᠤ ᠪᠣᠯᠵᠠᠢ᠃

ᠥᠭᠡᠯᠡᠳᠴᠥᠳ ᠪᠣᠰᠤᠳ ᠦᠨᠳᠦᠰᠦᠳᠠᠨ ᠶᠠᠰᠤᠳᠠᠨ ᠲᠡᠶ ᠠᠳᠠᠯᠢ ᠪᠠᠷ᠂ ᠳᠤᠳᠤᠷ᠎ᠠ ᠪᠠᠨ ᠴᠤᠷᠤᠰ᠂ ᠳᠤᠷᠭᠤᠳ᠂ ᠬᠣᠢ᠌ᠤᠨ᠂ ᠳᠦᠷᠪᠠᠤᠨ᠂ ᠳᠡᠯᠡᠩᠭᠡᠳ᠂ ᠫᠣᠤᠵᠢᠨ᠂ ᠰᠢᠷᠰ᠂ ᠭᠡᠷᠭᠢᠰ᠂ ᠭᠠᠯᠽᠢᠳ᠂ ᠮᠢᠩᠭ᠋ᠠᠤᠨ᠂ ᠣᠰᠤᠳ᠂ ᠰᠤᠤᠬᠠᠨ᠂ ᠵᠠᠭᠠᠮᠠᠤᠨ᠂ ᠮᠤᠢᠩᠭ᠋ᠤᠷᠤᠳ᠂ ᠱᠢᠷᠢᠶᠠᠤᠨ᠂ ᠳᠦᠩᠭᠡᠳ᠂ ᠱᠠᠭᠠᠵᠢᠭᠠᠤᠨ᠂ ᠥᠰᠭᠡᠳ᠂ ᠨᠢ᠋ᠮᠠᠤᠨ᠂ ᠨᠤᠮᠤᠵᠢᠳ᠂ ᠭᠠᠯᠵᠢᠭᠵᠢᠳ ᠭᠡᠭᠦ ᠮᠠᠳᠤ ᠶᠢᠨ ᠬᠤᠷᠢᠨ ᠳᠦᠷᠪᠠᠨ ᠣᠪᠣᠭ ᠬᠠᠯᠠ ᠲᠡᠶ ᠪᠢᠯᠠ᠃

(ᠠᠬᠤᠢ ᠰᠤᠷᠪᠣᠯᠵᠢᠯᠭ᠎ᠠ ᠮᠠᠯᠴᠢᠨ᠂ ᠰᠠᠭᠤᠭᠠᠯᠢ ᠠᠷᠠᠤᠨ᠂ ᠭᠦᠭ᠍ᠰᠢᠳ ᠨᠠᠰᠤᠳᠠᠨ᠂ ᠬᠡᠦᠬᠡᠳ ᠪᠠᠭᠠᠴᠤᠳ ᠁)

ᠵᠢᠷᠤᠭ ᠥᠵᠡᠭ᠍ᠳᠡᠯ 4᠂ ⑴ ᠳᠠᠮᠤᠷ ᠵᠠᠮ ᠤᠨ ᠱᠤᠭᠤᠮ ᠁ ᠮᠠᠠᠵᠤᠤᠷ ᠳᠡᠷᠭᠡᠨ ᠦᠷᠳᠡᠭᠡᠨ᠂ ⑵ ᠳᠡᠦᠭᠡᠨ ᠶᠢᠨ ᠮᠠᠲ᠋ᠸᠷᠢᠶᠠᠯ᠄ ᠬᠠᠰᠢᠶᠠᠨ ᠳᠤ ᠪᠠᠢ᠌ᠭ᠎ᠠ ᠳᠤᠭᠤᠯ᠂ ᠮᠥᠭᠡᠷᠡᠵᠤ ᠪᠠᠢ᠌ᠭ᠎ᠠ ᠰᠠᠭᠠᠯᠢ ᠶᠢᠨ ᠦᠨᠢᠶ᠎ᠡ᠃

ᠹᠢᠯᠢᠮ ᠤᠨ ᠳᠠᠢ᠌ᠯᠪᠣᠷᠢ ᠥᠭᠡᠰ᠄ 1910 ᠣᠨ ᠤ ᠦᠶᠡᠰ ᠪᠠᠷ ᠳ᠋ᠦᠩᠴᠢᠩ ᠳᠠᠮᠤᠷ ᠵᠠᠮ ᠨᠠᠪᠳᠠᠷᠠᠨ᠂ ᠡᠨᠡᠭᠦ ᠱᠤᠭᠤᠮ ᠶᠢᠡᠷ ᠣᠷᠤᠰ ᠪᠠ ᠮᠠᠠᠵᠤᠤᠷ ᠲᠤ ᠳᠠᠷᠪᠠᠭᠠᠨ ᠠᠷᠠᠰᠤ ᠶᠢᠨ ᠠᠷᠠᠯᠵᠢᠶ᠎ᠠ ᠶᠡᠭᠡᠪᠠᠷ ᠭᠦᠭ᠍ᠵᠢᠵᠤ᠂ ᠥᠭᠡᠯᠡᠳ ᠨᠤᠳᠤᠭ ᠲᠤ ᠠᠯᠢ ᠣᠯᠠᠨ ᠠᠩ ᠭᠦᠷᠦᠭᠡᠨ ᠤ ᠬᠤᠳᠠᠯᠳᠤᠭᠠᠴᠢᠨ ᠤ ᠭᠦᠯ ᠶᠢᠡᠷ ᠳᠠᠷᠪᠠᠭᠠᠨ ᠭᠢᠵᠢᠭ᠌ ᠳᠡᠯᠭᠡᠷᠡᠨ᠂ ᠨᠠᠩ ᠢᠯᠠᠩᠭ᠋ᠤᠶ᠎ᠠ 1943 ᠣᠨ ᠡᠴᠠ 1945 ᠣᠨ ᠭᠦᠷᠳᠡᠯ᠎ᠡ ᠶᠠᠫᠣᠠᠴᠤᠳ ᠪᠠᠺᠲ᠋ᠸᠷᠢ ᠶᠢᠨ ᠳᠠᠢ᠌ᠨ ᠭᠢᠭᠦ ᠪᠠᠷ ᠬᠠᠯᠠᠭᠤᠨ ᠭᠢᠵᠢᠭ᠌ ᠤᠨ ᠪᠠᠺᠲ᠋ᠸᠷᠢᠳᠤ ᠨᠤᠬᠠᠢ ᠶᠢᠨ ᠪᠦᠭᠡᠰᠤ ᠶᠢ ᠥᠭᠡᠯᠡᠳ ᠨᠤᠳᠤᠭ ᠲᠤ ᠳᠤᠷᠰᠢᠯᠳᠠ ᠭᠢᠵᠤ ᠳᠠᠯᠪᠢᠭᠰᠠᠨ ᠡᠴᠠ ᠥᠭᠡᠯᠡᠳᠴᠥᠳ ᠡᠷᠦᠭᠡ ᠡᠷᠦᠭᠡ᠂ ᠠᠢ᠌ᠯ ᠠᠢ᠌ᠯ ᠶᠢᠡᠷ ᠶᠢᠡᠨ ᠥᠭᠦᠵᠤ᠂ ᠠᠵᠠ ᠪᠠᠷ ᠥᠯᠡᠳᠡᠭ᠍ᠰᠡᠨ ᠨᠢᠯᠬ᠎ᠠ ᠪᠠᠯᠴᠢᠷ ᠬᠡᠦᠬᠡᠳ ᠨᠢ ᠨᠥᠭ᠍ᠴᠢᠭ᠍ᠰᠡᠨ ᠡᠭᠡ ᠪᠠᠨ ᠡᠯᠢᠭᠡᠳᠡᠨ ᠣᠭᠢᠯᠠᠬᠤ᠂ ᠬᠠᠰᠢᠶᠠᠨ ᠳᠠᠭᠠᠨ ᠪᠠᠢ᠌ᠬᠤ ᠨᠢᠷᠠᠢ ᠳᠤᠭᠤᠯ ᠨᠢ ᠬᠠᠳᠠᠨ ᠥᠭᠦᠵᠤ᠂ ᠰᠠᠭᠠᠯᠢ ᠶᠢᠨ ᠦᠨᠢᠶ᠎ᠡ ᠨᠢ ᠡᠵᠡᠨ ᠦᠭᠡᠶ ᠭᠡᠷ ᠬᠠᠰᠢᠶ᠎ᠠ ᠪᠠᠨ ᠳᠤᠭᠤᠷᠢᠨ ᠮᠥᠭᠡᠷᠡᠯᠳᠦᠭᠦ᠂ ᠭᠦᠮᠤᠨ ᠤ ᠦᠨᠦᠷ ᠦᠭᠡᠶ ᠬᠠᠷᠠᠰᠠᠯᠳᠤ ᠭᠠᠮᠰᠢᠭ ᠲᠤ ᠳᠠᠭᠠᠷᠢᠭᠳᠠᠨ᠂ ᠥᠭᠡᠯᠡᠳᠴᠥᠳ ᠦᠨᠳᠦᠰᠦ ᠣᠭᠰᠠᠭ᠎ᠠ ᠳᠠᠰᠤᠷᠠᠬᠤ ᠭᠠᠰᠢᠭᠤᠨ ᠵᠤᠪᠠᠯᠠᠩ ᠳᠤ ᠳᠤᠯᠭᠠᠷᠠᠪᠠ᠃

ᠵᠢᠷᠤᠭ ᠥᠵᠡᠭ᠍ᠳᠡᠯ 5᠂ ⑴ ᠢᠮᠢᠨ ᠰᠤᠮᠤᠨ ᠤ ᠵᠢᠷᠠᠨ ᠵᠢᠯ ᠤᠨ ᠨᠠᠭᠠᠳᠤᠮ ᠤᠨ ᠶᠡᠭᠡ ᠬᠤᠷᠠᠯ ᠤᠨ ᠵᠢᠷᠤᠭ ᠰᠡᠭᠦᠳᠡᠷ ᠤᠳ᠂ ⑵ ᠢᠮᠢᠨ ᠰᠤᠮᠤᠨ ᠤ ᠨᠠᠮ ᠵᠠᠰᠠᠭ ᠤᠨ ᠣᠳᠤᠷᠢᠳᠤᠯᠭ᠎ᠠ ᠶᠢᠨ ᠬᠤᠷᠠᠯ ᠪᠠ ᠰᠤᠷᠪᠣᠯᠵᠢᠯᠭ᠎ᠠ᠃

ᠹᠢᠯᠢᠮ ᠤᠨ ᠳᠠᠢ᠌ᠯᠪᠣᠷᠢ ᠥᠭᠡᠰ᠄ ᠣᠳᠤ ᠭᠦᠮᠤᠨ ᠠᠮᠠᠨ ᠳᠤᠭ᠎ᠠ ᠴᠢᠯᠦᠭᠡᠯᠡᠭ᠍ᠳᠡᠭᠦ ᠦᠶ᠎ᠡ ᠶᠢᠨ ᠭᠤᠷᠪᠠᠨ ᠵᠠᠭᠤ ᠰᠢᠬᠠᠮ ᠪᠠᠢ᠌ᠭᠰᠠᠨ ᠡᠴᠠ᠂ ᠨᠠᠮ ᠤᠨ ᠦᠨᠳᠦᠰᠦᠳᠠᠨ ᠤ ᠳᠦᠷᠤ ᠶᠢᠨ ᠪᠣᠳᠤᠯᠭ᠎ᠠ ᠶᠢᠨ ᠳᠤᠶᠠᠭᠠᠷᠠᠯ ᠶᠢᠡᠷ᠂ ᠥᠭᠡᠯᠡᠳᠴᠥᠳ ᠡᠯ᠎ᠡ ᠦᠨᠳᠦᠰᠦᠳᠠᠨ ᠲᠡᠶ ᠮᠦᠷᠤ ᠵᠡᠷᠭᠡᠴᠡᠨ ᠣᠷᠤᠰᠢᠨ ᠳᠤᠭᠳᠠᠨᠢᠵᠤ᠂ ᠠᠵᠤ ᠠᠮᠢᠳᠤᠷᠠᠯ ᠡᠳᠦᠷ ᠢᠷᠡᠭᠦᠶ᠎ᠡ ᠥᠭᠡᠳᠡᠯᠡᠨ᠂ ᠬᠤᠶᠠᠷ ᠵᠠᠭᠤ ᠵᠠᠪᠳᠠᠭᠤ ᠡᠷᠦᠭᠡ᠂ ᠳᠤᠯᠤᠭᠠᠨ ᠵᠠᠭᠤ ᠭᠠᠷᠤᠢ ᠭᠦᠮᠤᠨ ᠠᠮᠠ ᠲᠡᠶ ᠪᠣᠯᠪᠠ᠃

ᠵᠢᠷᠤᠭ ᠥᠵᠡᠭ᠍ᠳᠡᠯ 6᠂ ⑴ ᠳᠡᠦᠭᠡᠨ ᠮᠠᠲ᠋ᠸᠷᠢᠶᠠᠯ ᠢ ᠦᠨᠳᠦᠰᠦᠯᠠᠨ ᠣᠨ ᠵᠢᠯ ᠳᠠᠷᠠᠭᠠᠯᠠᠨ ᠥᠭᠡᠯᠡᠳ ᠤᠨ ᠣᠷᠤᠨ ᠨᠤᠳᠤᠭ ᠶᠢᠡᠨ ᠥᠭᠡᠷ᠎ᠡ ᠪᠣᠰᠤᠳ ᠲᠤ ᠦᠭ‍ᠭᠦᠭ᠍ᠰᠡᠨ ᠪᠠ ᠡᠭᠡ ᠣᠷᠤᠨ ᠤ ᠪᠦᠳᠦᠭᠡᠨ ᠪᠠᠢ᠌ᠭᠤᠯᠤᠯᠳᠠ ᠳᠤ ᠬᠠᠷᠠᠮ ᠦᠭᠡᠶ ᠦᠷᠡᠭ᠍ᠳᠡᠭᠦᠯᠦᠭ᠍ᠰᠡᠨ ᠡᠴᠠ ᠭᠡᠷᠭᠢᠨ ᠪᠠᠭᠠᠰᠤᠭᠰᠠᠨ ᠭᠦᠷᠢᠶ᠎ᠡ ᠭᠡᠪᠴᠢᠶ᠎ᠡ ᠶᠢᠨ ᠭᠠᠵᠠᠷ ᠤᠨ ᠵᠢᠷᠤᠭ ᠢ 3DS MAX PS ᠶ᠋ᠢᠡᠷ ᠵᠢᠷᠤᠭᠴᠢᠯᠠᠨ ᠭᠢᠵᠤ᠂ ᠣᠳᠤ ᠶᠢᠨ ᠥᠭᠡᠯᠡᠳᠴᠥᠳ ᠤᠨ ᠣᠷᠤᠰᠢᠨ ᠳᠤᠭᠳᠠᠨᠢᠵᠤ ᠪᠠᠢ᠌ᠭ᠎ᠠ ᠣᠷᠤᠨ ᠨᠤᠳᠤᠭ ᠢ ᠬᠠᠷᠠᠭᠤᠯᠤᠨ᠎ᠠ᠃ ⑵ ᠠᠯᠳᠠᠨ ᠰᠤᠮᠤᠨ ᠳᠠᠷᠤᠭ᠎ᠠ ᠶᠢᠨ ᠰᠡᠭᠦᠳᠡᠷ᠃ ⑶ ᠳᠡᠭᠡᠳᠤ ᠱᠠᠳᠤᠨ ᠤ ᠢᠮᠢᠨ ᠰᠤᠮᠤ ᠪᠠᠢ᠌ᠭᠤᠯᠬᠤ ᠶᠢ ᠵᠥᠪᠰᠢᠶᠡᠷᠭ᠍ᠰᠡᠨ ᠪᠢᠴᠢᠭ᠌ ᠮᠠᠲ᠋ᠸᠷᠢᠶᠠᠯ᠃ ⑷ ᠭᠤᠷᠪᠠᠨ ᠭᠠᠴᠠᠭᠠᠨ ᠤ ᠪᠦᠭᠦ ᠥᠵᠡᠭ᠍ᠳᠡᠯ ᠵᠢᠴᠢ ᠣᠳᠤᠷᠢᠳᠤᠬᠤ ᠪᠠᠭ ᠤᠨ ᠬᠤᠷᠠᠯ ᠠᠬᠤᠢ ᠳᠠᠭᠤᠨ ᠵᠡᠷᠭᠡ ᠶᠢ ᠴᠠᠭ ᠤᠨ ᠣᠷᠳᠤ ᠶᠢᠨ ᠭᠡᠮᠵᠢᠶ᠎ᠡ ᠪᠠᠷ ᠭᠡᠷᠡᠭᠯᠡᠨ᠎ᠡ᠃

ᠹᠢᠯᠢᠮ ᠤᠨ ᠳᠠᠢ᠌ᠯᠪᠣᠷᠢ ᠥᠭᠡᠰ᠄ ᠳᠡᠦᠭᠡ ᠶᠢᠨ ᠪᠢᠴᠢᠭ᠌ ᠮᠠᠲ᠋ᠸᠷᠢᠶᠠᠯ ᠳᠤ ᠳᠡᠮᠳᠡᠭᠯᠡᠳᠡᠵᠤ ᠪᠠᠢ᠌ᠬᠤ ᠪᠠᠷ᠂ 1921 ᠣᠨ ᠤ 8 ᠰᠠᠷ᠎ᠠ ᠶᠢᠨ 28 ‍ᠨ᠎ᠠ ᠬᠠᠷ᠎ᠠ ᠮᠦᠷᠡᠨ ᠳᠤ ᠳ᠋ᠦ᠋ ᠵᠢᠶᠦ᠋ᠨ ᠶᠠᠮᠤᠨ ᠴᠡᠷᠢᠭ᠌ ᠤᠨ ᠡᠷᠭᠡᠳᠡᠨ᠂ ᠭᠦᠯᠤᠨ ᠪᠣᠢ᠌ᠷ ᠤᠨ ᠮᠠᠢ᠌ᠷᠠᠨ ᠵᠠᠩᠭᠢ ᠭᠦᠩ ᠨᠡᠷ ᠥᠭᠡᠯᠡᠳ ᠤᠨ 《ᠥᠭᠡᠯᠡᠳ ᠤᠨ ᠦᠪᠣᠷ》 ᠊ᠢ ᠪᠠᠭᠳᠠᠭᠠᠭᠰᠠᠨ ᠰᠢᠨᠡᠭᠡᠨ ᠭᠤᠤᠯ ᠤᠨ ᠦᠩ ᠰᠢᠮᠡᠯᠡᠭ᠌ ᠨᠤᠳᠤᠭ ᠢ ᠰᠢᠨ᠎ᠠ ᠨᠡᠭᠦᠵᠤ ᠢᠷᠡᠭ᠍ᠰᠡᠨ ᠪᠣᠷᠢᠶᠠᠳᠴᠤᠳ ᠲᠤ ᠥᠭ᠍ᠴᠤ ᠨᠤᠳᠤᠭᠰᠢᠭᠤᠯᠪᠠ᠃

1943 ᠣᠨ ᠳᠤ ᠥᠭᠡᠯᠡᠳ ᠤᠨ ᠣᠢᠵᠢ ᠰᠤᠮᠤ᠂ ᠵᠠᠢ ᠰᠤᠮᠤ ᠶᠢ ᠥᠭᠡᠷᠡᠴᠢᠯᠡᠨ ᠠᠭᠣᠢ᠌ᠳᠤ ᠰᠤᠮᠤ ᠪᠣᠯᠭᠠᠵᠤ᠂ 1948 ᠣᠨ ᠤ ᠳᠦᠷᠪᠠᠨ ᠰᠠᠷ᠎ᠠ ᠳᠤ ᠠᠭᠣᠢ᠌ᠳᠤ᠂ ᠮᠦᠩᠭᠦᠡᠴᠢᠯᠡᠭᠤ ᠰᠤᠮᠤ ᠶᠢ ᠨᠡᠢ᠌ᠯᠡᠭᠦᠯᠤᠨ ᠢᠮᠢᠨ ᠰᠤᠮᠤ ᠪᠣᠯᠭᠠᠨ ᠡᠪ ᠬᠠᠮᠳᠤ ᠨᠠᠮ᠂ ᠦᠪᠣᠷ ᠮᠤᠩᠭ᠋ᠤᠯ ᠤᠨ ᠣᠳᠤᠷᠢᠳᠤᠯᠭ᠎ᠠ ᠶᠢ ᠭᠦᠯᠢᠶᠡᠵᠤ᠂ ᠥᠭᠡᠯᠡᠳ ᠮᠤᠩᠭ᠋ᠤᠯ ᠤᠨ ᠭᠢᠷᠭᠢᠰ ᠣᠪᠣᠭᠳᠠᠨ ᠠᠯᠳᠠ ᠰᠤᠮᠤᠨ ᠳᠠᠷᠤᠭ᠎ᠠ ᠶᠢᠨ ᠡᠭᠦᠷᠭᠡ ᠳᠤᠰᠢᠶᠠᠯ ᠢ ᠭᠦᠯᠢᠶᠡᠪᠡ᠃

1952 ᠣᠨ ᠳᠤ ᠥᠭᠡᠯᠡᠳ ᠤᠨ ᠰᠦᠮ᠎ᠡ ᠶᠢᠨ ᠪᠦᠭᠡᠷᠢᠭ᠌ ᠲᠤ ᠣᠯᠤᠰ ᠤᠨ ᠰᠠᠩ ᠤᠨ ᠳᠠᠪᠣᠳᠤᠭᠠᠷ ᠮᠠᠯᠵᠢᠯ ᠤᠨ ᠳᠠᠯᠠᠪᠠᠢ ᠪᠠᠢ᠌ᠭᠤᠯᠤᠭᠰᠠᠨ ᠡᠴᠠ ᠬᠠᠷ᠎ᠠ ᠬᠤᠵᠢᠷ ᠡᠴᠠ ᠬᠣᠢ᠌ᠰᠢ ᠠᠭᠢᠳᠤ ᠶᠢᠨ ᠭᠦᠡᠳᠡᠢ ᠵᠡᠷᠭᠡ ᠨᠤᠳᠤᠭ ᠶᠢᠡᠨ ᠭᠡᠰᠡᠭᠯᠡᠨ ᠥᠭ᠍ᠴᠤ᠂ 1953 ᠣᠨ ᠳᠤ ᠬᠤᠩᠭ᠋ᠤᠯᠵᠢ ᠰᠢᠭᠤᠢ ᠶᠢᠨ ᠳᠠᠯᠠᠪᠠᠢ ᠳᠤ ᠪᠣᠭᠢᠠᠳᠤ᠂ ᠰᠠᠢ᠌ᠬᠠᠨ ᠠᠷᠤ᠂ ᠨᠤᠭᠤᠨᠤ ᠶᠢᠨ ᠷᠠᠰᠢᠶᠠᠨ ᠵᠡᠷᠭᠡ ᠣᠢ ᠰᠢᠭᠤᠢ ᠲᠡᠶ ᠨᠤᠳᠤᠭ ᠶᠢᠡᠨ ᠳᠡᠭᠦᠨ ᠤ ᠬᠠᠷᠢᠶᠠᠨ ᠳᠤ ᠣᠷᠤᠭᠤᠯᠵᠤ᠂ 1973 ᠣᠨ ᠳᠤ ᠥᠭᠡᠯᠡᠳ ᠤᠨ ᠬᠠᠷ᠎ᠠ ᠬᠤᠵᠢᠷ ᠲᠤ ᠢᠮᠢᠨ ᠨᠡᠭᠦᠷᠡᠰᠤ ᠴᠠᠭᠢᠯᠭᠠᠨ ᠤ ᠺᠤᠮᠫᠠᠨᠢ ᠪᠠᠢ᠌ᠭᠤᠯᠤᠭᠰᠠᠨ ᠡᠴᠠ ᠬᠤᠵᠢᠷᠯᠢᠭ ᠰᠢᠮ᠎ᠠ ᠳᠡᠵᠢᠭᠡᠯ ᠪᠦᠭᠦᠢ ᠣᠷᠭᠤᠴᠠ ᠰᠠᠢ᠌ᠠᠳᠠᠢ ᠬᠠᠳᠤᠯᠠᠩ ᠪᠠᠯᠴᠢᠭᠡᠷ ᠶᠢᠡᠨ ᠳᠡᠭᠦᠨ ᠳᠤ ᠬᠠᠷᠢᠶᠠᠯᠠᠭᠳᠠᠭᠤᠯᠵᠤ᠂ ᠣᠳᠠᠭ᠎ᠠ ᠳᠠᠷᠠᠭᠠᠯᠠᠨ ᠣᠯᠤᠰ ᠣᠷᠤᠨ ᠤ ᠪᠦᠳᠦᠭᠡᠨ ᠪᠠᠢ᠌ᠭᠤᠯᠤᠯᠳᠠ ᠶᠢ ᠳᠠᠮᠵᠢᠪᠠ᠃ ᠥᠭᠡᠯᠡᠳ ᠤᠨ ᠨᠤᠳᠤᠭ ᠳᠡᠪᠢᠰᠭᠡᠷ ᠣᠤᠯ ᠤᠨ 1200km2 ᠪᠠᠢ᠌ᠭᠰᠠᠨ ᠡᠴᠠ ᠪᠠᠨ ᠠᠷᠪᠠᠨ ᠳᠠᠭᠢᠨ ᠪᠠᠭᠠᠰᠴᠤ 120km2 ᠪᠣᠯᠵᠤ᠂ ᠥᠭᠡᠯᠡᠳᠴᠥᠳ ᠤᠨ ᠺᠠᠳ᠋ᠷ᠂ ᠪᠠᠭᠰᠢ ᠣᠯᠤᠰ ᠤᠨ ᠠᠵᠢᠯᠳᠠᠨ ᠪᠠᠭᠡᠵᠢᠩ᠂ ᠬᠦᠬᠡᠬᠤᠲᠠ᠂ ᠬᠠᠢ᠌ᠯᠠᠷ᠂ ᠬᠤᠰᠢᠭᠤᠨ ᠲᠥᠪ ᠲᠤ ᠠᠵᠢᠯᠯᠠᠵᠤ ᠪᠠᠢ᠌ᠬᠤ ᠡᠴᠠ ᠭᠠᠳᠠᠨ᠎ᠠ᠂ ᠧᠡᠩᠭᠢ ᠬᠤᠰᠢᠭᠤᠨ ᠤ ᠢᠮᠢᠨ ᠰᠤᠮᠤᠨ ᠤ ᠪᠢᠯᠡᠭᠦᠳᠤ᠂ ᠪᠠᠶᠠᠠᠳᠠᠯ᠎ᠠ᠂ ᠠᠭᠣᠢ᠌ᠳᠤ᠂ ᠢᠮᠢᠨ ᠭᠠᠴᠠᠭ᠎ᠠ ᠪᠠᠷ ᠲᠦᠪᠯᠡᠷᠠᠨ ᠰᠠᠭᠤᠷᠢᠰᠢᠵᠤ ᠪᠣᠢ᠃

ᠵᠢᠷᠤᠭ ᠥᠵᠡᠭ᠍ᠳᠡᠯ 7᠂ ⑴ᠭᠠᠯᠳᠠᠨ ᠪᠣᠱᠤᠭᠳᠤ ᠶᠢᠨ ᠭᠦᠷᠦᠭ᠌᠂ ᠥᠭᠡ ᠶᠢᠨ ᠳᠡᠭᠦᠪᠦᠷᠢ᠂ ⑵ ᠬᠤᠰᠤ ᠡᠷᠭᠢ ᠶᠢᠨ ᠳᠤᠮᠤ ᠨᠠᠷᠠᠰᠤ ᠵᠢᠴᠢ ᠨᠠᠷᠠᠰᠤᠨ ᠰᠢᠭᠤᠢ᠂ ᠮᠣᠢ᠌ᠯ ᠦᠷᠢᠯ ᠁

ᠹᠢᠯᠢᠮ ᠤᠨ ᠳᠠᠢ᠌ᠯᠪᠣᠷᠢ ᠥᠭᠡᠰ᠄ ᠥᠭᠡᠯᠡᠳᠴᠥᠳ ᠣᠩᠭ᠋ᠤᠨ ᠪᠠᠢ᠌ᠭᠠᠯᠢ ᠪᠠᠨ ᠨᠢᠳᠤᠨ ᠤ ᠪᠠᠨ ᠴᠡᠴᠡᠭᠡᠢ ᠰᠢᠭ᠌ ᠬᠠᠢ᠌ᠷᠠᠯᠠᠳᠠᠭ᠃ ᠡᠨᠡ ᠨᠢ ᠳᠠᠳᠠᠨ ᠤ ᠡᠪᠦᠭᠡ ᠳᠡᠭᠡᠳᠦᠰ᠂ ᠦᠨᠳᠦᠰᠦᠳᠠᠨ ᠤ ᠠᠭᠤᠤ ᠶᠡᠭᠡ ᠪᠠᠭᠠᠳᠤᠷ ᠭᠠᠯᠳᠠᠨ ᠪᠣᠱᠤᠭᠳᠤ ᠶᠢᠨ ᠭᠡᠯᠡᠭ᠍ᠰᠡᠨ᠄ 《ᠮᠢᠨᠤ ᠨᠤᠳᠤᠭ ᠤᠨ ᠭᠠᠵᠠᠷ ᠰᠢᠷᠤᠢ ᠡᠴᠠ ᠪᠣᠷᠬᠠᠨ ᠭᠤᠶᠤᠭᠰᠠᠨ ᠴᠤ ᠪᠣᠤ ᠥᠭ᠌》 ᠭᠡᠰᠡᠨ ᠢ ᠵᠢᠷᠤᠮᠯᠠᠭᠰᠠᠨ ᠪᠠ᠃

ᠡᠨᠡᠭᠦ ᠳᠦᠷᠪᠠᠨ ᠠᠯᠳᠠ ᠳᠠᠪᠠᠷᠢ ᠶᠢᠨ ᠮᠥᠩᠭᠡ ᠨᠤᠭᠤᠭᠠᠨ ᠨᠠᠷᠠᠰᠤᠨ ᠮᠤᠳᠤ ᠨᠢ ᠪᠠᠷᠤᠭ ᠥᠭᠡᠯᠡᠳᠴᠥᠳ ᠢᠮᠢᠨ ᠭᠤᠤᠯ ᠤᠨ ᠳᠠᠠᠵᠢᠨ᠎ᠠ ᠢᠷᠡᠭᠦ ᠳᠤ ᠵᠤᠯᠵᠠᠭᠠᠨ ᠨᠠᠷᠠᠰᠤ ᠪᠠᠢ᠌ᠭᠰᠠᠨ ᠪᠣᠯᠤᠯᠳᠠᠢ᠂ ᠳᠠᠷᠠ ᠭᠡᠳᠤᠨ ᠵᠠᠭᠤᠨ ᠵᠢᠯ ᠤᠨ ᠬᠠᠭᠢᠷ ᠭᠦᠢᠳᠡᠨ ᠳᠤᠭᠰᠢᠨ ᠰᠠᠯᠭᠢ᠂ ᠰᠢᠷᠦᠭᠦᠨ ᠪᠣᠷᠤᠭᠠᠨ ᠳᠤ ᠥᠭᠡᠯᠡᠳᠴᠥᠳ ᠲᠡᠶ ᠠᠮᠢ ᠭᠤᠤᠯ ᠶᠢᠡᠨ ᠬᠤᠯᠪᠤᠨ᠂ ᠦᠷ᠎ᠡ ᠵᠢᠮᠢᠰ ᠴᠡᠴᠡᠭᠯᠡᠨ ᠳᠡᠯᠭᠡᠷᠡᠵᠤ ᠦᠰᠪᠦᠷᠢ ᠶᠢᠨ ᠦᠷᠠᠰ ᠶᠢᠡᠷ ᠶᠢᠡᠨ ᠦᠨᠳᠦᠷ ᠬᠠᠩᠭ᠋ᠠᠢ᠂ ᠦᠷᠭᠡᠨ ᠵᠢᠯᠭ᠎ᠠ ᠶᠢ ᠦᠪᠴᠢ ᠳᠦᠭᠦᠷᠭᠡᠭ᠍ᠰᠡᠨ ᠪᠠᠢ᠌ᠨ᠎ᠠ᠃ ᠢᠮᠢᠨ ᠭᠤᠤᠯ ᠤᠨ ᠳᠠᠠᠵᠢᠨ ᠳ᠋ᠠᠭᠢ ᠥᠭᠡᠯᠡᠳᠴᠥᠳ ᠮᠦᠨᠴᠤ ᠡᠨᠡᠭᠦ ᠨᠠᠷᠠᠰᠤᠨ ᠮᠤᠳᠤ ᠲᠡᠶ ᠠᠳᠠᠯᠢ ᠪᠠᠷ᠂ ᠢᠷᠡᠭ᠍ᠰᠡᠨ ᠨᠤᠳᠤᠭ ᠲᠠᠭᠠᠨ ᠡᠵᠡᠨ ᠨᠢ ᠪᠣᠯᠵᠤ᠂ ᠡᠭᠡ ᠡᠴᠠ ᠳᠦᠷᠦᠭ᠍ᠰᠡᠨ ᠥᠭᠡᠯᠡᠳ ᠥᠭᠡ ᠭᠡᠯᠡ ᠪᠠᠨ ᠭᠡᠷᠡᠭᠯᠡᠨ᠂ ᠦᠪᠡᠷᠮᠢᠴᠠ ᠵᠠᠩᠰᠢᠯ ᠳᠠᠳᠬᠠᠯ ᠶᠢᠡᠨ ᠬᠠᠳᠠᠭᠠᠯᠠᠨ᠂ ᠦᠶ᠎ᠡ ᠶᠢᠨ ᠦᠶ᠎ᠡ ᠣᠯᠠᠷᠢᠨ ᠠᠮᠢᠳᠤᠷᠠᠭᠰᠠᠭᠠᠷ ᠢᠷᠠᠯ᠎ᠠ᠃

ᠵᠢᠷᠤᠭ ᠥᠵᠡᠭ᠍ᠳᠡᠯ 8᠂ ᠳᠤᠰᠬᠠᠢ ᠥᠢᠯᠡᠳᠦᠭ᠍ᠰᠡᠨ 3DS ᠹᠢᠯᠢᠮ ᠤᠨ ᠡᠭᠢᠯᠡᠯᠳᠡ ᠶᠢᠨ ᠭᠦᠳᠡᠯᠭᠡᠳᠤ ᠵᠢᠷᠤᠭ᠃


ᠭᠤᠷᠪᠠᠳᠤᠭᠠᠷ ᠭᠡᠰᠡᠭ᠌᠂ ᠵᠢᠷᠭᠠᠯ ᠪᠢᠯᠠᠬᠠᠭᠰᠠᠨ ᠳᠠᠭᠤᠳᠤ ᠠᠮᠢᠳᠤᠷᠠᠯ


(3DS ᠹᠢᠯᠢᠮ ᠤᠨ ᠡᠭᠢᠯᠡᠯᠳᠡ ᠶᠢᠨ ᠭᠦᠳᠡᠯᠭᠡᠡᠳᠤ ᠵᠢᠷᠤᠭ)

ᠵᠢᠷᠤᠭ ᠥᠵᠡᠭ᠍ᠳᠡᠯ 9᠂ ⑴ ᠬᠠᠭᠤᠴᠢᠨ ᠮᠤᠩᠭ᠋ᠤᠯ ᠭᠡᠷ ᠤᠨ ᠳᠤᠳᠤᠨ᠎ᠠ ᠭᠠᠳᠠᠨᠠᠭᠢ ᠥᠵᠡᠭ᠍ᠳᠡᠯ᠃ ⑵ ᠣᠳᠤ ᠦᠶ᠎ᠡ ᠶᠢᠨ ᠰᠢᠨ᠎ᠠ ᠮᠤᠩᠭ᠋ᠤᠯ ᠭᠡᠷ ᠪᠣᠯᠤᠨ ᠸᠠᠭᠠᠷ ᠳᠤᠭᠤᠰᠬᠠᠨ ᠭᠡᠷ ᠤᠨ ᠳᠤᠳᠤᠨ᠎ᠠ ᠭᠠᠳᠠᠨᠠᠭᠢ ᠥᠵᠡᠭ᠍ᠳᠡᠯ᠂ ⑶ ᠡᠷᠳᠡᠨᠢᠰᠦᠭᠤᠷ ᠨᠠᠰᠤᠳᠠᠨ ᠤ ᠭᠡᠷ ᠳᠤᠳᠤᠷᠠᠭᠢ ᠭᠠᠳᠠᠨᠠᠭᠢ ᠥᠵᠡᠭ᠍ᠳᠡᠯ᠃

ᠹᠢᠯᠢᠮ ᠤᠨ ᠳᠠᠢ᠌ᠯᠪᠣᠷᠢ ᠥᠭᠡᠰ᠄ ᠢᠮᠢᠨ ᠭᠤᠤᠯ ᠤᠨ ᠳᠠᠠᠵᠢᠨ ᠳ᠋ᠠᠭᠢ ᠥᠭᠡᠯᠡᠳᠴᠥᠳ ᠣᠳᠤᠮᠰᠢᠯᠳᠤ ᠠᠮᠢᠳᠤᠷᠠᠯ ᠶᠢᠡᠨ ᠣᠳᠤ ᠪᠣᠯᠳᠠᠯ᠎ᠠ ᠬᠠᠳᠠᠭᠠᠯᠠᠭᠰᠠᠭᠠᠷ᠃ ᠭᠡᠪᠴᠤ ᠴᠠᠭ ᠡᠷᠡᠨ ᠤ ᠬᠤᠪᠢᠷᠠᠯᠳᠠ ᠶᠢ ᠳᠠᠭᠠᠵᠤ᠂ ᠦᠷᠭᠦᠭᠡ ᠭᠡᠷ ᠲᠡᠭᠡᠨ ᠳᠦᠷᠪᠠᠨ ᠭᠦᠯ ᠲᠡᠶ ᠵᠠᠳᠠᠭᠠᠢ ᠳᠤᠯᠭ᠎ᠠ ᠭᠡᠷᠡᠭᠯᠡᠳᠡᠭ᠌᠂ ᠣᠭ ᠤᠨ ᠠᠵᠤ ᠠᠮᠢᠳᠤᠷᠠᠯ ᠤᠨ ᠳᠡᠷᠡᠭᠦ ᠡᠷᠳᠡᠨ ᠤ ᠥᠵᠡᠭ᠍ᠳᠡᠯ ᠥᠵᠡᠭ᠍ᠳᠡᠭᠦ ᠦᠭᠡᠶ ᠪᠣᠯᠵᠤ᠂ ᠣᠳᠤᠭᠢᠴᠢᠯᠠᠭᠰᠠᠨ ᠦᠷᠭᠦᠭᠡ ᠭᠡᠷ ᠪᠣᠯᠤᠨ ᠸᠠᠭᠠᠷ ᠳᠤᠭᠤᠰᠬᠠᠨ ᠭᠡᠷ ᠤᠨ ᠠᠮᠢᠳᠤᠷᠠᠯ ᠳᠡᠭᠦᠨ ᠢ ᠣᠷᠤᠯᠠᠭᠰᠠᠨ ᠪᠠᠢ᠌ᠨ᠎ᠠ᠃

ᠡᠨᠡᠭᠦ ᠨᠠᠰᠤᠳᠠᠨ ᠪᠣᠯ᠂ ᠠᠭᠣᠢ᠌ᠳᠤ ᠭᠠᠴᠠᠭ᠎ᠠ ᠶᠢᠨ ᠣᠯᠠᠨ ᠳᠠᠭᠠᠨ ᠭᠦᠷᠢᠶᠡᠯᠡᠯᠳᠡᠢ ᠣᠤᠯ ᠤᠨ ᠳᠠᠷᠤᠭ᠎ᠠ ᠭᠠᠪᠢᠶᠠᠳᠤ ᠮᠠᠯᠴᠢᠨ᠂ ᠵᠠᠭᠠᠮᠠᠤᠨ ᠬᠠᠯᠠᠳᠠᠢ ᠡᠷᠳᠡᠨᠢᠰᠦᠭᠤᠷ ᠭᠤᠸᠠᠢ ᠪᠣᠯᠤᠨ᠎ᠠ᠃

ᠡᠷᠳᠡᠨᠢᠰᠦᠭᠤᠷ ᠨᠠᠰᠤᠳᠠᠨ ᠪᠣᠯ᠂ ᠬᠤᠯᠠ ᠤᠢ᠌ᠷ᠎ᠡ ᠳᠠᠭᠠᠨ ᠨᠠᠷ᠎ᠠ ᠠᠯᠳᠠᠷᠰᠢᠭᠰᠠᠨ ᠭᠠᠪᠢᠶᠠᠳᠤ ᠮᠠᠯᠴᠢᠨ ᠪᠣᠯᠤᠨ᠎ᠠ᠂ ᠣᠳᠤ ᠳᠠᠷᠠ ᠵᠢᠷᠠ ᠭᠠᠷᠴᠤ᠂ ᠳᠠᠯᠠ ᠶᠢᠨ ᠳᠠᠪᠠᠭ᠎ᠠ ᠶᠢ ᠳᠠᠪᠠᠬᠤ ᠪᠠᠷ ᠪᠠᠢ᠌ᠪᠠᠴᠤ᠂ ᠦᠷ᠎ᠡ ᠬᠡᠦᠬᠡᠳ ᠲᠡᠭᠡᠨ ᠠᠵᠢᠯ ᠤᠨ ᠪᠠᠭᠰᠢ᠂ ᠠᠮᠢᠳᠤ ᠡᠷᠳᠡᠨᠢ ᠪᠣᠯᠵᠤ ᠡᠨᠡ ᠳᠠᠷᠠ ᠳᠤ ᠮᠤᠩᠭᠢᠨᠠᠵᠤ ᠯᠠ ᠪᠠᠢ᠌ᠨ᠎ᠠ᠃ ᠳᠡᠭᠦᠨ ᠤ ᠨᠢᠭᠡ ᠨᠠᠰᠤᠨ ᠤ ᠭᠢᠨᠢ ᠳᠤᠷ᠎ᠠ ᠪᠠᠬᠠᠳᠤᠯ ᠪᠣᠯᠤᠭᠰᠠᠨ᠂ ᠡᠮᠨᠢᠭ᠌ ᠰᠤᠷᠭᠠᠨ᠂ ᠮᠤᠷᠢ ᠣᠨᠤᠬᠤ᠂ ᠡᠮᠡᠭᠡᠯ ᠬᠠᠵᠠᠭᠠᠷ ᠭᠢᠵᠤ᠂ ᠮᠤᠩᠭ᠋ᠤᠯ ᠳᠡᠷᠭᠡ ᠳᠠᠷᠬᠠᠯᠠᠬᠤ ᠠᠵᠢᠯ ᠶᠢᠡᠨ ᠴᠤ ᠶᠠᠷᠤ ᠰᠤᠭᠤ ᠳᠠᠭᠠᠨ ᠠᠪᠳᠠᠷᠯᠠᠵᠤ᠂ ᠰᠤᠳᠤᠷᠯᠠᠨ ᠡᠪᠭᠡᠭ᠍ᠰᠡᠨ ᠦᠭᠡᠶ᠃

ᠵᠢᠷᠤᠭ ᠥᠵᠡᠭ᠍ᠳᠡᠯ 10᠂ ⑴ ᠰᠢᠵᠢᠷ ᠤᠨ ᠬᠠᠳᠤᠯᠠᠩ᠂ ᠦᠰᠦᠳᠤ ᠦᠨᠳᠦᠷ ᠤᠨ ᠡᠮᠦᠨ᠎ᠡ ᠳᠠᠯ᠎ᠠ ᠶᠢᠨ ᠨᠠᠷᠠᠰᠤᠨ ᠳᠤᠳᠤᠷᠭᠢ ᠬᠠᠳᠤᠯᠠᠩ᠃ ⑵ ᠳᠠᠭᠢᠷ ᠬᠠᠢ᠌ᠯᠠᠰᠤ ᠶᠢᠨ ᠬᠠᠳᠤᠯᠠᠩ᠃ ⑶ ᠠᠨ ᠶᠤᠸᠠᠨ ᠤ ᠪᠣᠷᠳᠤᠭ᠎ᠠ ᠬᠠᠳᠤᠵᠤ ᠪᠠᠢ᠌ᠭ᠎ᠠ᠃ ⑷ ᠠᠳᠤᠭᠤ᠂ ᠥᠭᠡᠷ᠂ ᠬᠤᠨᠢᠨ ᠰᠦᠷᠦᠭ᠌ ᠤᠨ ᠪᠠᠯᠴᠢᠭᠡᠷ ᠪᠠ ᠬᠠᠰᠢᠶ᠎ᠠ ᠬᠤᠷᠢᠶᠠᠨ ᠳ᠋ᠠᠭᠢ ᠥᠵᠡᠭ᠍ᠳᠡᠯ

ᠹᠢᠯᠢᠮ ᠤᠨ ᠳᠠᠢ᠌ᠯᠪᠣᠷᠢ ᠥᠭᠡᠰ᠄ ᠥᠭᠡᠯᠡᠳᠴᠥᠳ ᠳᠦᠷᠪᠠᠨ ᠣᠯᠠᠷᠢᠯ ᠤᠨ ᠡᠭᠡᠯᠵᠢᠯᠡᠯ ᠢ ᠳᠠᠭᠠᠵᠤ ᠮᠠᠯᠵᠢᠬᠤ ᠠᠮᠢᠳᠤᠷᠠᠯ ᠶᠢᠡᠨ ᠳᠤᠭᠢᠷᠠᠭᠤᠯᠳᠠᠭ ᠨᠢ ᠥᠭᠡᠯᠡᠳᠴᠥᠳ ᠥᠭᠡᠷ᠎ᠡ ᠪᠣᠰᠤᠳ ᠮᠤᠩᠭ᠋ᠤᠯ ᠶᠠᠰᠤᠳᠠᠨ ᠲᠡᠶ ᠡᠭᠡᠭᠡ ᠠᠳᠠᠯᠢ ᠪᠠᠢ᠌ᠳᠠᠭ᠃

ᠣᠳᠤ ᠮᠠᠨ ᠤ ᠨᠢᠳᠤᠨ ᠳᠤ ᠳᠤᠳᠤᠷᠠᠨ ᠬᠠᠷᠠᠭᠳᠠᠵᠤ ᠪᠠᠢ᠌ᠭ᠎ᠠ ᠪᠣᠯ ᠪᠠᠶᠠᠠᠳᠠᠯ᠎ᠠ ᠭᠠᠴᠠᠭᠠᠨ ᠤ ᠭᠠᠴᠠᠭᠠᠨ ᠳᠠᠷᠤᠭ᠎ᠠ ᠭᠠᠯᠳᠠᠭᠴᠤᠳ ᠬᠠᠯᠠ ᠶᠢᠨ ᠰᠢᠵᠢᠷ ᠤᠨ ᠬᠠᠳᠤᠯᠠᠩ ᠳ᠋ᠠᠭᠢ ᠪᠣᠬᠠᠯ ᠤᠳ ᠪᠣᠯᠤᠨ᠎ᠠ᠃

ᠵᠤᠨ ᠨᠠᠮᠤᠷ ᠲᠠᠭᠠᠨ᠂ ᠦᠩ ᠰᠢᠮᠠᠳᠠᠢ ᠡᠪᠠᠰᠤ ᠪᠣᠷᠳᠤᠭ᠎ᠠ ᠦᠯᠡᠮᠵᠢ ᠠᠷᠪᠢᠨ ᠬᠠᠳᠤᠵᠤ ᠬᠤᠷᠢᠶᠠᠨ ᠨᠥᠭᠡᠴᠡᠯᠡᠵᠤ᠂ ᠢᠷᠡᠭᠦ ᠡᠪᠦᠯ ᠥᠩᠭᠡᠷᠡᠭᠦ ᠬᠠᠪᠣᠷ ᠮᠠᠯ ᠶᠢᠡᠨ ᠳᠠᠷᠭᠤ ᠰᠠᠢ᠌ᠠᠳᠠᠢ ᠣᠠᠳᠤᠷᠠᠭᠤᠯᠳᠠᠭ ᠨᠢ ᠳᠠᠳᠠᠨ ᠤ ᠠᠵᠢᠯᠴᠢ ᠭᠦᠳᠡᠯᠮᠦᠷᠢᠴᠢ ᠠᠮᠢᠳᠤᠷᠠᠯ ᠤᠨ ᠵᠠᠩ ᠳᠠᠳᠬᠠᠯ ᠪᠢᠯᠠ᠃

ᠵᠢᠷᠤᠭ ᠥᠵᠡᠭ᠍ᠳᠡᠯ 11᠂ ⑴ ᠣᠷᠳᠤᠨᠠᠰᠤᠨ᠂ ᠭᠠᠯᠰᠠᠩ᠂ ᠳᠤᠪᠳᠤᠨ᠂ ᠭᠤᠩᠰᠢᠭ᠎ᠠ ᠨᠡᠷ ᠤᠨ ᠠᠷᠠᠰᠤ ᠡᠯᠳᠡᠵᠤ ᠰᠤᠷ ᠭᠢᠭ᠍ᠰᠡᠨ ᠪᠦᠭᠦᠢ ᠶᠠᠪᠣᠴᠠ ᠶᠢᠨ ᠥᠵᠡᠭ᠍ᠳᠡᠯ ᠢ ᠭᠡᠷᠡᠭᠯᠡᠨ᠎ᠡ᠃ ⑵ ᠠᠷᠠᠰᠤᠨ ᠤ ᠳᠠᠯᠭᠢ ᠭᠢᠵᠤ ᠭᠠᠷᠭᠠᠭᠰᠠᠨ ᠠᠷᠠᠰᠤᠨ ᠡᠳ᠋ᠯᠡᠯ ᠁

ᠹᠢᠯᠢᠮ ᠤᠨ ᠳᠠᠢ᠌ᠯᠪᠣᠷᠢ ᠥᠭᠡᠰ᠄ ᠥᠭᠡᠯᠡᠳ ᠭᠦᠮᠤᠨ ᠮᠠᠯ ᠮᠠᠯᠯᠠᠨ ᠠᠮᠢᠳᠤᠷᠠᠳᠠᠭ ᠡᠴᠠ ᠠᠷᠠᠰᠤ ᠰᠢᠷᠢ ᠶᠢᠨ ᠵᠣᠢ᠌ᠯ ᠳᠤ ᠠᠪᠢᠶᠠᠰᠤᠯᠢᠭ ᠳᠠᠮᠳᠠᠢ ᠪᠠᠢ᠌ᠳᠠᠭ᠃ ᠳᠠᠳᠠ ᠠᠷᠠᠰᠤ ᠪᠣᠯᠪᠠᠰᠤᠷᠠᠭᠤᠯᠤᠨ ᠡᠯᠳᠡᠵᠤ ᠰᠤᠷ ᠪᠣᠯᠭᠠᠭᠠᠤᠨ᠂ ᠳᠡᠭᠦᠨ ᠶᠢᠡᠷ ᠶᠢᠡᠨ ᠬᠠᠵᠠᠭᠠᠷ᠂ ᠨᠤᠭᠳᠤ᠂ ᠴᠢᠳᠤᠷ ᠳᠤᠱᠠ᠂ ᠵᠢᠯᠤᠭᠤ ᠴᠤᠯᠪᠣᠭᠤᠷ᠂ ᠣᠯᠤᠩ ᠵᠢᠷᠢᠮ ᠵᠡᠷᠭᠡ ᠶᠢᠨ ᠮᠠᠰᠢ ᠣᠯᠠᠨ ᠡᠳ᠋ᠯᠡᠯ ᠭᠡᠷᠡᠭ᠍ᠰᠡᠯ ᠭᠢᠳᠡᠭ᠌ ᠶᠢᠡᠨ ᠣᠳᠤ ᠪᠣᠯᠳᠠᠯ᠎ᠠ ᠣᠯᠠᠮᠵᠢᠯᠠᠭᠰᠠᠭᠠᠷ᠃

(ᠣᠷᠳᠤᠨᠠᠰᠤᠨ᠂ ᠭᠠᠯᠰᠠᠩ᠂ ᠳᠤᠪᠳᠤᠨ᠂ ᠭᠤᠰᠢᠩᠭ᠎ᠠ ᠨᠡᠷ ᠤᠨ ᠠᠷᠠᠰᠤ ᠡᠯᠳᠡᠵᠤ ᠰᠤᠷ ᠭᠢᠭ᠍ᠰᠡᠨ ᠪᠦᠭᠦᠢ ᠶᠠᠪᠣᠴᠠ ᠶᠢᠨ ᠠᠬᠤᠢ ᠳᠠᠭᠤᠨ ᠢ ᠭᠡᠷᠡᠭᠯᠡᠨ᠎ᠡ᠃)

ᠵᠢᠷᠤᠭ ᠥᠵᠡᠭ᠍ᠳᠡᠯ 12᠂ ᠠᠭᠣᠢ᠌ᠳᠤ ᠭᠠᠴᠠᠭ᠎ᠠ ᠶᠢᠨ ᠣᠷᠠᠨ ᠤ ᠭᠡᠷ ᠤᠨ ᠭᠠᠷ ᠣᠷᠠᠯᠠᠯ ᠤᠨ ᠥᠵᠡᠭᠦᠯᠦᠭᠡ ᠶᠢᠨ ᠭᠡᠷ᠃

ᠹᠢᠯᠢᠮ ᠤᠨ ᠳᠠᠢ᠌ᠯᠪᠣᠷᠢ ᠥᠭᠡᠰ᠄ 《ᠥᠭᠡᠯᠡᠳ ᠤᠨ ᠭᠦᠪᠠᠭᠦᠤᠨ ᠥᠰᠦᠭᠡᠢ ᠳᠡᠭᠡᠨ ᠨᠤᠮᠤ ᠲᠡᠶ᠂ ᠦᠯᠮᠡᠢ ᠳᠡᠭᠡᠨ ᠰᠤᠮᠤ ᠲᠡᠶ ᠣᠬᠠᠭᠠᠨ ᠰᠤᠳᠤᠨ ᠪᠠᠭᠠᠳᠤᠷ ᠤᠳ》 ᠭᠡᠳᠡᠭ᠍ᠴᠢᠯᠡᠨ ᠳᠠᠳᠠᠨᠠᠷ ᠤᠨ ᠡᠷᠡᠭ᠍ᠳᠡᠢ ᠡᠮᠡᠭ᠍ᠳᠡᠢ᠂ ᠦᠬᠢᠳ ᠪᠠᠷᠢᠶᠠᠤᠨ ᠦᠭᠡᠶ ᠪᠦᠷ ᠯᠠ ᠣᠷᠠᠨ ᠳᠠᠷᠬᠠᠨ ᠪᠠᠢ᠌ᠳᠠᠭ ᠢ ᠳᠤᠳᠤᠷᠠᠵᠤ ᠪᠠᠢ᠌ᠭ᠎ᠠ ᠵᠢᠷᠤᠭ ᠥᠵᠡᠭ᠍ᠳᠡᠯ ᠡᠴᠠ ᠮᠠᠳᠠᠵᠤ ᠪᠣᠯᠤᠨ᠎ᠠ᠃

ᠵᠢᠷᠤᠭ ᠥᠵᠡᠭ᠍ᠳᠡᠯ 13᠂ ᠵᠢᠯ ᠤᠨ ᠳᠦᠷᠪᠠᠨ ᠣᠯᠠᠷᠢᠯ ᠳ᠋ᠠᠭᠢ ᠥᠭᠡᠯᠡᠳᠴᠥᠳ ᠤᠨ ᠠᠵᠤ ᠠᠮᠢᠳᠤᠷᠠᠯ᠂ ᠠᠵᠢᠯ ᠣᠢ᠌ᠯᠠᠳᠪᠣᠷᠢᠯᠠᠯ ᠤᠨ ᠥᠵᠡᠭ᠍ᠳᠡᠯ ᠤᠳ᠂ ᠳᠤᠬᠠᠢ᠌ᠯᠠᠪᠠᠯ᠄ ᠠᠭᠣᠢ᠌ᠳᠤ ᠭᠠᠴᠠᠭ᠎ᠠ ᠶᠢᠨ ᠰᠠᠠᠵᠠ ᠨᠠᠰᠤᠳᠠᠨ ᠤ ᠬᠤᠨᠢ ᠬᠠᠷᠠᠵᠤ ᠪᠠᠢ᠌ᠬᠤ᠂ ᠡᠪᠠᠰᠤ ᠪᠣᠷᠳᠤᠭ᠎ᠠ ᠳᠡᠭᠡᠭᠡᠭᠦ᠂ ᠰᠥ᠋ ᠰᠠᠭᠠᠯᠢ ᠠᠢ᠌ᠷᠠᠭ ᠳᠠᠷᠠᠭ ᠭᠢᠭᠦ ᠵᠡᠷᠭᠡ ᠥᠵᠡᠭ᠍ᠳᠡᠯ ᠤᠳ ᠢ ᠣᠷᠭᠠᠨᠢᠭ ᠶᠢᠡᠷ ᠭᠡᠷᠡᠭᠯᠡᠨ᠎ᠡ᠃

ᠹᠢᠯᠢᠮ ᠤᠨ ᠳᠠᠢ᠌ᠯᠪᠣᠷᠢ ᠥᠭᠡᠰ᠄ ᠭᠦᠭ᠍ᠵᠢᠮᠳᠤ ᠥᠵᠡᠭ᠍ᠳᠡᠯ᠂ ᠳᠠᠷᠤᠢ ᠳᠠᠢ᠌ᠯᠪᠣᠷᠢ ᠥᠭᠡᠰ ᠦᠭᠡᠶ ᠪᠠᠷ᠂ ᠨᠢᠭᠡ ᠪᠠᠳᠠᠭ ᠳᠠᠭᠤᠤ ᠡᠰᠡᠭᠦᠯ᠎ᠡ ᠠᠶᠠᠰ ᠶᠢᠡᠷ ᠳᠠᠢ᠌ᠯᠪᠣᠷᠢ ᠥᠭᠡ ᠶᠢ ᠣᠷᠤᠯᠠᠭᠤᠯᠤᠨ᠎ᠠ᠃

ᠵᠢᠷᠤᠭ ᠥᠵᠡᠭ᠍ᠳᠡᠯ 14᠂ ᠳᠤᠰᠬᠠᠢ ᠥᠢᠯᠡᠳᠦᠭ᠍ᠰᠡᠨ 3DS ᠹᠢᠯᠢᠮ ᠤᠨ ᠡᠭᠢᠯᠡᠯᠳᠡ ᠶᠢᠨ ᠭᠦᠳᠡᠯᠭᠡᠡᠳᠤ ᠵᠢᠷᠤᠭ


ᠳᠦᠷᠪᠠᠳᠦᠭᠡᠷ ᠭᠡᠰᠡᠭ᠌᠂ ᠭᠡᠢ᠌ᠮᠦᠷᠢ ᠳᠡᠭ᠍ᠳᠡᠭᠡᠭᠡᠭ᠍ᠰᠡᠨ ᠰᠤᠶᠤᠯ ᠤᠨ ᠣᠷᠤᠰᠢ


(3DS ᠹᠢᠯᠢᠮ ᠤᠨ ᠡᠭᠢᠯᠡᠯᠳᠡ ᠶᠢᠨ ᠭᠦᠳᠡᠯᠭᠡᠡᠳᠤ ᠵᠢᠷᠤᠭ)

ᠵᠢᠷᠤᠭ ᠥᠵᠡᠭ᠍ᠳᠡᠯ 15᠂ ⑴ ᠪᠣᠶᠠᠠᠳᠤᠭᠳᠠᠬᠤ ᠭᠠᠯᠢᠳᠠ ᠶᠢᠨ ᠰᠡᠭᠦᠳᠡᠷ᠂ ⑵ ᠪᠣᠶᠠᠠᠳᠤᠭᠳᠠᠬᠤ ᠭᠠᠯᠢᠳᠠ ᠶᠢᠨ ᠰᠤᠷᠭᠠᠭᠤᠯᠢ ᠪᠠᠢ᠌ᠭᠤᠯᠬᠤ ᠦᠶ᠎ᠡ ᠶᠢᠨ ᠳᠡᠦᠭᠡᠨ ᠪᠢᠴᠢᠭ᠌ ᠮᠠᠲ᠋ᠸᠷᠢᠶᠠᠯ᠂ ⑶ ᠮᠠᠷᠵᠠ ᠠᠭᠤᠯᠠᠨ ᠤ ᠰᠤᠷᠭᠠᠭᠤᠯᠢ ᠪᠠᠢ᠌ᠭᠰᠠᠨ ᠰᠠᠭᠤᠷᠢ⑷ ᠨᠤᠠᠰᠠᠷᠠᠨ ᠤ ᠰᠡᠭᠦᠳᠡᠷ ᠪᠠ ᠮᠠᠲ᠋ᠸᠷᠢᠶᠠᠯ᠂ ⑸ ᠣᠯᠠᠭᠠᠨ ᠰᠤᠷᠭᠠᠭᠤᠯᠢ ᠶᠢᠨ 3DS ᠵᠢᠷᠤᠭ ⑹ ᠣᠳᠤ ᠶᠢᠨ ᠰᠤᠷᠭᠠᠭᠤᠯᠢ ᠶᠢᠨ ᠭᠡᠰᠡᠭ᠌ ᠥᠵᠡᠭ᠍ᠳᠡᠯ᠃

ᠳᠠᠢ᠌ᠯᠪᠣᠷᠢ ᠥᠭᠡᠰ᠄ ᠥᠭᠡᠯᠡᠳ ᠤᠨ ᠭᠠᠯᠵᠤᠭᠴᠤᠳ ᠣᠪᠣᠭᠳᠠᠢ ᠪᠣᠶᠠᠠᠳᠤᠭᠳᠠᠬᠤ ᠭᠠᠯᠢᠳᠠ ᠮᠠᠯᠴᠢᠳ ᠤᠨ ᠦᠷ᠎ᠡ ᠬᠡᠦᠬᠡᠳ ᠲᠤ ᠥᠰᠦᠭ᠌ ᠪᠢᠴᠢᠭ᠌ ᠰᠤᠷᠭᠠᠬᠤ ᠶᠢ ᠶᠡᠭᠡᠳᠡ ᠴᠢᠬᠤᠯᠠᠴᠢᠯᠠᠨ ᠰᠤᠷᠭᠠᠭᠤᠯᠢ ᠡᠷᠭᠢᠯᠡᠨ ᠪᠠᠢ᠌ᠭᠤᠯᠬᠤ ᠪᠠᠷ ᠣᠭᠤᠷᠠᠭ ᠳᠠᠷᠢᠭᠢ ᠪᠠᠨ ᠰᠢᠪᠬᠠᠨ ᠣᠬᠠᠭᠠᠨ ᠰᠠᠨᠠᠭ᠎ᠠ ᠰᠥᠪᠠᠭ᠍ᠴᠢᠯᠡᠨ᠂ ᠬᠤᠪᠢ ᠶᠢᠨ ᠦᠮᠴᠢ ᠪᠠᠷ ᠶᠢᠡᠨ ᠰᠤᠷᠭᠠᠭᠤᠯᠢ ᠪᠠᠢ᠌ᠭᠤᠯᠵᠤ ᠪᠠᠢ᠌ᠭᠰᠠᠨ ᠡᠴᠠ ᠪᠠᠨ 1936 ᠣᠨ ᠳᠤ ᠮᠠᠷᠵᠠ ᠭᠡᠰᠡᠨ ᠭᠠᠵᠠᠷ ᠲᠤ ᠢᠮᠢᠨ ᠣᠷᠤᠨ ᠳᠤ ᠠᠩᠬᠠᠨ ᠤ ᠠᠷᠠᠤᠨ ᠤᠨ ᠰᠤᠷᠭᠠᠭᠤᠯᠢ ᠶᠢ ᠡᠷᠭᠢᠯᠡᠨ ᠪᠠᠢ᠌ᠭᠤᠯᠤᠨ᠂ ᠰᠤᠷᠭᠠᠭᠤᠯᠢ ᠶᠢᠨ ᠳᠠᠷᠤᠭ᠎ᠠ ᠶᠢᠨ ᠳᠤᠰᠢᠶᠠᠯ ᠬᠠᠷᠢᠭᠤᠴᠠᠭᠰᠠᠨ ᠪᠢᠯᠠ᠃

ᠭᠠᠢ ᠭᠠᠵᠠᠷ ᠳᠤᠤᠷ᠎ᠠ ᠡᠴᠠ᠂ ᠭᠠᠬᠠᠢ ᠰᠢᠪᠠᠷ ᠡᠴᠠ ᠭᠡᠳᠡᠭ᠍ᠴᠢᠯᠡᠨ᠂ ᠳᠤᠰ ᠰᠤᠷᠭᠠᠭᠤᠯᠢ ᠨᠢ ᠭᠡᠨᠡᠳᠲᠡ ᠶᠢᠨ ᠭᠠᠯ ᠤᠨ ᠠᠶᠤᠯ ᠳᠤ ᠰᠢᠳᠠᠭᠳᠠᠨ ᠳᠠᠭᠤᠰᠤᠭᠰᠠᠨ ᠳᠤᠯᠠ᠂ ᠪᠣᠶᠠᠠᠳᠤᠭᠳᠠᠬᠤ ᠭᠠᠯᠢᠳᠠ ᠰᠤᠷᠭᠠᠭᠤᠯᠢ ᠪᠠᠨ ᠳᠠᠭᠢᠨ ᠪᠠᠢ᠌ᠭᠤᠯᠬᠤ ᠪᠠᠷ ᠣᠯᠠᠨ ᠢ ᠳᠠᠢ᠌ᠴᠢᠯᠠᠨ᠂ ᠴᠠᠮᠠᠬᠤᠨ ᠬᠠᠳᠠ ᠶᠢᠨ ᠡᠭᠡᠨᠡᠷ ᠨᠤᠠᠰᠠᠷᠠᠨ ᠤ ᠳᠡᠮᠵᠢᠯᠭᠡ ᠪᠠᠷ ᠳᠤᠬᠠᠢ ᠶᠢᠨ ᠦᠶ᠎ᠡ ᠶᠢᠨ ᠰᠤᠯᠤᠨ ᠬᠤᠰᠢᠭᠤᠨ ᠤ ᠰᠤᠶᠤᠯ ᠭᠡᠭᠡᠷᠡᠯ ᠤᠨ ᠶᠠᠮᠤᠨ ᠡᠴᠠ ᠪᠠᠷᠢᠯᠭ᠎ᠠ ᠶᠢᠨ ᠵᠤᠭᠤᠰ ᠮᠦᠩᠭᠦ᠂ ᠪᠠᠷᠢᠯᠭ᠎ᠠ ᠶᠢᠨ ᠡᠳ᠋ ᠮᠠᠲ᠋ᠸᠷᠢᠶᠠᠯ ᠣᠯᠵᠤ᠂ ᠠᠷᠪᠠᠨ ᠳᠦᠷᠪᠠᠨ ᠬᠠᠱᠠᠩ ᠥᠭᠡᠷ ᠳᠡᠷᠭᠡ ᠪᠠᠷ ᠬᠤᠶᠠᠷ ᠵᠠᠭᠤᠨ ᠭᠠᠵᠠᠷ ᠬᠤᠯᠠ ᠡᠴᠠ ᠣᠯᠠᠭᠠᠨ ᠳᠤᠭᠤᠰᠬ᠎ᠠ ᠳᠡᠭᠡᠭᠡᠪᠦᠷᠢᠯᠡᠨ ᠠᠪᠴᠢᠷᠠᠵᠤ᠂ ᠣᠯᠠᠭᠠᠨ ᠳᠤᠭᠤᠰᠬ᠎ᠠ ᠪᠠᠷ ᠪᠠᠢ᠌ᠭᠤᠯᠤᠭᠰᠠᠨ ᠪᠣᠯᠬᠤᠷ ᠣᠷᠤᠨ ᠳᠠᠶᠠᠭᠠᠷ 《ᠣᠯᠠᠭᠠᠨ ᠰᠤᠷᠭᠠᠭᠤᠯᠢ》 ᠭᠡᠮᠡᠨ ᠠᠯᠳᠠᠷᠰᠢᠵᠤ᠂ ᠡᠨᠡ ᠨᠠᠷᠠᠢ᠌ᠳᠤᠯ ᠨᠢ ᠣᠳᠤ ᠶᠢᠨ 《ᠢᠮᠢᠨ ᠰᠤᠷᠭᠠᠭᠤᠯᠢ》 ᠶ᠋ᠢᠨ ᠣᠭ ᠨᠠᠷᠠᠢ᠌ᠳᠤᠯ ᠪᠣᠯᠤᠨ᠎ᠠ᠃

ᠳᠤᠰ ᠰᠤᠷᠭᠠᠭᠤᠯᠢ ᠨᠢ ᠨᠤᠳᠤᠭ ᠣᠰᠤᠨ ᠤ ᠪᠠᠭᠠᠴᠤᠳ ᠬᠡᠦᠬᠡᠳ ᠲᠡᠭᠡᠨ ᠡᠷᠳᠡᠮ ᠮᠡᠳᠡᠯᠭᠡ ᠶᠢᠨ ᠭᠡᠭᠡᠨ ᠰᠠᠷᠠᠭᠤᠯ ᠡᠭᠦᠳᠡ ᠶᠢ ᠨᠡᠭᠡᠭᠡᠨ᠂ ᠬᠣᠢ᠌ᠴᠢ ᠦᠶ᠎ᠡ ᠶᠢᠨ ᠭᠢᠨ ᠤ ᠭᠡᠢ᠌ᠮᠦᠷᠢ ᠶᠢ ᠳᠡᠭ᠍ᠳᠡᠭᠡᠵᠤ᠂ ᠰᠦᠯᠳᠡ ᠪᠠᠳᠠᠷᠠᠭᠤᠯᠤᠭᠰᠠᠨ ᠰᠤᠶᠤᠯ ᠤᠨ ᠥᠯᠦᠭᠡᠢ ᠪᠣᠯᠤᠭᠰᠠᠨ ᠪᠠᠢ᠌ᠨ᠎ᠠ᠃

ᠵᠢᠷᠤᠭ ᠥᠵᠡᠭ᠍ᠳᠡᠯ 16᠂ ⑴ ᠵᠢᠷᠤᠭ ᠳᠤᠳᠤᠷᠭᠢ ᠵᠢᠷᠤᠭ ᠥᠵᠡᠭ᠍ᠳᠡᠯ ᠶᠢᠡᠷ᠂ ᠶᠤᠯᠵᠠᠢ ᠭᠤᠰᠢᠩᠳᠠᠢ᠂ ᠣᠢ᠌ᠳᠤᠪ᠂ ᠪᠠᠳᠮᠠᠵᠠᠪ᠂ ᠵ᠊·ᠵᠠᠮᠰᠠᠨ᠂ ᠨᠤᠷᠪᠣᠰᠦ᠋ᠷᠤᠩ᠂ ᠭᠡᠷᠡᠯᠳᠤ᠂ ᠥᠭᠡᠯᠡᠳ ᠭᠠᠯᠳᠠᠨ᠂ ᠥᠭᠡᠯᠡᠳ ᠵᠠᠮᠰᠠ᠂ ᠡᠩᠭᠡᠴᠡᠴᠡᠭ᠌᠂ ᠭᠠᠩᠭ᠋ᠠᠷᠮ᠎ᠠ᠂ ᠭᠤᠠᠴᠤᠭ᠂ ᠭᠤᠩᠭ᠋ᠤᠷᠵᠠᠪ᠂ ᠰᠠᠠᠴᠢᠷ᠂ ᠰᠡᠩᠭᠡ᠂ ᠪᠣᠯᠤᠳ᠂ ᠳᠠᠮᠤᠷ᠎ᠠ ᠳᠤᠯᠢ ᠰᠸᠷᠠᠩᠳᠠᠰᠢ ᠁ ᠵᠡᠷᠭᠡ ᠭᠦᠮᠦᠰ ᠤᠨ ᠰᠡᠭᠦᠳᠡᠷ ᠢ ᠢᠯᠡᠷᠡᠭᠦᠯᠦᠨ᠎ᠡ᠂ ⑵ ᠪᠦᠷᠢᠡᠴᠡᠴᠡᠭ᠌᠂ ᠢᠰᠢᠩᠬᠤᠷᠯᠤ ᠶᠢᠨ ᠰᠡᠭᠦᠳᠡᠷ᠂ ⑶ ᠵᠠᠮᠰᠦ᠋ᠷᠤᠩ ᠭᠤᠸᠠᠢ ᠶᠢᠨ ᠡᠮ ᠪᠠᠷᠢᠵᠤ ᠪᠠᠢ᠌ᠬᠤ ᠥᠵᠡᠭ᠍ᠳᠡᠯ᠃

ᠳᠠᠢ᠌ᠯᠪᠣᠷᠢ ᠥᠭᠡᠰ᠄ ᠢᠮᠢᠨ ᠣᠷᠤᠨ ᠤ ᠡᠨᠡᠭᠦ ᠰᠤᠶᠤᠯ ᠤᠨ ᠥᠯᠦᠭᠡᠢ ᠨᠢ ᠣᠨ ᠵᠢᠯ ᠤᠨ ᠳᠤᠷᠰᠢ᠂ ᠮᠠᠰᠢ ᠣᠯᠠᠨ ᠥᠭᠡᠯᠡᠳ ᠤᠨ ᠣᠶᠤᠳᠠᠨ᠂ ᠡᠷᠳᠡᠮᠳᠡᠨ᠂ ᠳ᠋ᠤᠺᠲ᠋ᠦᠷ᠂ ᠫᠷᠦ᠋ᠹᠸᠰᠰᠤᠷ ᠨᠡᠷ ᠴᠤᠪᠣᠷᠠᠵᠤ ᠭᠠᠷᠤᠭᠰᠠᠨ ᠳᠤ ᠳᠤᠯᠭ᠎ᠠ ᠶᠢᠨ ᠭᠤᠷᠪᠠᠨ ᠴᠢᠯᠠᠭᠤ ᠪᠣᠯᠵᠤ᠂ ᠠᠩᠬᠠᠨ ᠤ ᠰᠠᠭᠤᠷᠢ ᠮᠡᠳᠡᠯᠭᠡ ᠶᠢ ᠳᠠᠯᠪᠢᠭᠰᠠᠨ ᠶᠤᠮ᠃

ᠥᠭᠡᠯᠡᠳ ᠤᠨ ᠰᠢᠷᠠᠰ ᠣᠪᠣᠭᠳᠠᠢ ᠵᠠᠮᠰᠦ᠋ᠷᠤᠩ ᠪᠣᠯ ᠢᠮᠢᠨ ᠪᠦᠷᠢᠨ ᠪᠠᠭ᠎ᠠ ᠰᠤᠷᠭᠠᠭᠤᠯᠢ ᠶᠢᠨ 1958 ᠣᠨ ᠳᠤ ᠠᠩᠬᠠᠳᠤᠭᠠᠷ ᠣᠳᠠᠭᠠᠨ ᠤ 6 ᠳ᠋ᠤᠭᠠᠷ ᠠᠩᠭᠢ ᠳᠡᠭᠦᠰᠦᠭ᠍ᠰᠡᠳ ᠪᠦᠷᠢᠡᠴᠡᠴᠡᠭ᠌᠂ ᠢᠰᠢᠩᠬᠤᠷᠯᠤ᠂ ᠭᠤᠰᠠᠯᠢ ᠵᠡᠷᠭᠡ 17 ᠰᠤᠷᠤᠭᠴᠢ ᠶᠢᠨ ᠨᠢᠭᠡ ᠨᠢ ᠪᠣᠯᠤᠨ᠎ᠠ᠃

ᠵᠠᠮᠰᠦ᠋ᠷᠤᠩ ᠭᠤᠸᠠᠢ ᠧᠦ᠋ᠷᠦᠫᠠ ᠮᠤᠩᠭ᠋ᠤᠯ ᠡᠮᠨᠡᠯᠭᠡ ᠶᠢ ᠣᠶᠠᠯᠳᠤᠭᠤᠯᠤᠭᠰᠠᠨ ᠭᠤᠤᠯᠯᠠᠭᠴᠢ ᠡᠮᠴᠢ ᠪᠦᠭᠡᠳ ᠠᠷᠠᠤᠨ ᠲᠦᠮᠡᠨ ᠤ ᠡᠮ ᠡᠮᠨᠡᠯᠭᠡ ᠶᠢᠨ ᠣᠢ᠌ᠯᠠᠰ ᠲᠤ ᠨᠠᠮᠠᠷᠢ ᠬᠠᠨᠳᠢᠪ ᠶᠢᠡᠨ ᠡᠷᠭᠦᠭ᠍ᠰᠡᠨ ᠢᠮᠢᠨ ᠣᠷᠤᠨ ᠤ ᠣᠳᠤ ᠦᠶ᠎ᠡ ᠶᠢᠨ ᠨᠠᠷᠠᠳᠤ ᠡᠮᠴᠢ ᠶᠢᠨ ᠨᠢᠭᠡ ᠨᠢ ᠪᠣᠯᠤᠨ᠎ᠠ᠃

ᠵᠢᠷᠤᠭ ᠥᠵᠡᠭ᠍ᠳᠡᠯ 17᠂ ⑴ ᠢᠮᠢᠨ ᠰᠤᠮᠤᠨ ᠤ ᠨᠠᠭᠠᠳᠤᠮ ᠤᠨ ᠶᠡᠭᠡ ᠬᠤᠷᠠᠯ ᠳᠡᠭᠡᠷ᠎ᠡ ᠫᠠᠯᠵᠢᠳ ᠭᠤᠸᠠᠢ ᠶᠢᠨ ᠶᠠᠷᠢᠶ᠎ᠠ ᠳᠠᠯᠪᠢᠵᠤ ᠪᠠᠢ᠌ᠭ᠎ᠠ ᠥᠵᠡᠭ᠍ᠳᠡᠯ ᠁ ⑵ ᠫᠠᠯᠵᠢᠳ ᠤᠨ ᠪᠠᠭ᠎ᠠ ᠶᠢᠨ ᠦᠶ᠎ᠡ ᠶᠢᠨ ᠰᠡᠭᠦᠳᠡᠷ ᠵᠡᠷᠭᠡ ᠮᠠᠲ᠋ᠸᠷᠢᠶᠠᠯ ᠢ ᠭᠡᠷᠡᠭᠯᠡᠨ᠎ᠡ᠂ ⑶ ᠢᠮᠢᠨ ᠰᠤᠮᠤ ᠪᠣᠯᠤᠨ ᠬᠤᠢ ᠰᠤᠮᠤᠨ ᠳᠤ ᠠᠵᠢᠯᠯᠠᠵᠤ ᠪᠠᠢ᠌ᠭᠰᠠᠨ ᠵᠢᠷᠤᠭ ᠰᠡᠭᠦᠳᠡᠷ ᠁ ⑷ ᠢᠮᠢᠨ ᠰᠤᠮᠤᠨ ᠤ ᠨᠠᠭᠠᠳᠤᠮ ᠤᠨ ᠬᠤᠷᠠᠯ ᠳᠡᠭᠡᠷᠡᠭᠢ ᠳᠡᠭᠦᠨ ᠤ ᠬᠠᠮᠳᠤ ᠠᠵᠢᠯᠯᠠᠵᠤ ᠪᠠᠢ᠌ᠭᠰᠠᠨ ᠨᠥᠭᠦᠤᠨ ᠲᠡᠶ ᠪᠠᠨ ᠵᠤᠭᠰᠤᠵᠤ ᠪᠠᠢ᠌ᠭ᠎ᠠ ᠥᠵᠡᠭ᠍ᠳᠡᠯ᠃ ⑸ ᠳᠡᠭᠦᠨ ᠤ ᠳᠤᠬᠠᠢ ᠶᠢᠨ ᠦᠶ᠎ᠡ ᠶᠢᠨ ᠪᠢᠴᠢᠭ᠌ ᠮᠠᠲ᠋ᠸᠷᠢᠶᠠᠯ ᠪᠠ ᠵᠢᠷᠤᠭ ᠰᠡᠭᠦᠳᠡᠷ᠂ ᠳᠡᠦᠭᠡᠨ ᠮᠠᠲ᠋ᠸᠷᠢᠶᠠᠯ ᠢ ᠭᠡᠷᠡᠭᠯᠡᠨ᠎ᠡ᠃ ⑹ ᠣᠯᠤᠰ ᠳᠦᠷᠤ ᠶᠢᠨ ᠵᠥᠪᠯᠡᠯᠭᠡᠨ ᠤ ᠬᠠᠮᠳᠤ ᠶᠢᠨ ᠰᠡᠭᠦᠳᠡᠷ᠃

ᠳᠠᠢ᠌ᠯᠪᠣᠷᠢ ᠥᠭᠡᠰ᠄ ᠣᠯᠠᠨ ᠳᠠᠭᠠᠨ ᠭᠦᠷᠢᠶᠡᠯᠯᠡᠳᠡᠢ ᠶᠠᠪᠣᠭᠰᠠᠨ ᠫᠠᠯᠵᠢᠳ ᠨᠠᠰᠤᠳᠠᠨ ᠪᠣᠯ ᠦᠪᠡᠷ ᠤᠨ ᠨᠢᠭᠡ ᠨᠠᠰᠤᠨ ᠤ ᠠᠮᠢᠳᠤᠷᠠᠯ ᠳᠠᠮᠠᠴᠠᠯ ᠶᠢᠡᠨ ᠡᠭᠡ ᠨᠤᠳᠤᠭ ᠠᠷᠠᠤᠨ ᠲᠦᠮᠡᠨ ᠤ ᠪᠠᠨ ᠳᠡᠭ᠍ᠵᠢᠷᠡᠯ ᠭᠦᠭ᠍ᠵᠢᠯ ᠲᠡᠶ ᠨᠢᠭᠳᠠ ᠬᠤᠯᠪᠣᠵᠤ ᠶᠠᠪᠣᠭᠰᠠᠨ ᠭᠦᠮᠤᠨ ᠶᠤᠮ᠃

ᠳᠠᠷᠠ ᠠᠵᠢᠯ ᠳᠤ ᠣᠷᠤᠭᠰᠠᠨ ᠦᠶ᠎ᠡ ᠡᠴᠠ ᠪᠠᠨ ᠡᠭᠢᠯᠡᠨ᠂ ᠡᠭᠡ ᠣᠯᠤᠰ ᠨᠤᠳᠤᠭ ᠤᠨ ᠶᠢᠡᠨ ᠠᠷᠠᠤᠨ ᠲᠦᠮᠡᠨ ᠤ ᠰᠠᠷᠠᠭᠤᠯ ᠢᠷᠡᠭᠡᠳᠦᠢ ᠶᠢᠨ ᠲᠦᠯᠦᠭᠡ ᠡᠪ ᠬᠠᠮᠳᠤ ᠨᠠᠮ ᠤᠨ ᠣᠳᠤᠷᠢᠳᠤᠯᠭ᠎ᠠ ᠶᠢᠨ ᠳᠤᠤᠷ᠎ᠠ ᠦᠷᠯᠦᠭᠡ ᠦᠳᠡᠰᠢ ᠦᠭᠡᠶ ᠳᠠᠮᠡᠴᠡᠨ ᠡᠷᠭᠢᠯᠡᠭ᠍ᠰᠡᠨ ᠣᠢ᠌ᠯᠠᠰ ᠲᠡᠭᠡᠨ ᠬᠤᠰᠢᠭᠤᠷᠠᠵᠤ ᠶᠠᠪᠣᠭᠰᠠᠨ ᠰᠠᠢ᠌ᠬᠠᠨ ᠳᠡᠦᠭᠡ ᠲᠡᠶ ᠪᠢᠯᠠ᠃

ᠫᠠᠯᠵᠢᠳ ᠳᠤᠷᠤᠨ᠎ᠠ ᠵᠥᠭ᠌ ᠡᠴᠠ ᠨᠠᠷᠠ ᠮᠠᠠᠳᠤᠵᠤ᠂ ᠰᠢᠨ᠎ᠠ ᠳᠤᠮᠳᠠᠳᠤ ᠣᠯᠤᠰ ᠡᠰᠨᠢᠨ ᠮᠠᠠᠳᠤᠭᠰᠠᠨ ᠦᠯᠵᠡᠢ ᠪᠠᠶᠠᠷᠳᠤ ᠣᠨ ᠵᠢᠯ ᠳᠤ ᠳᠠᠷᠠ ᠰᠡᠭᠡᠭᠡᠷᠡᠭ᠍ᠰᠡᠨ ᠵᠠᠯᠠᠭᠤᠴᠤᠳ ᠤᠨ ᠡᠩᠨᠡᠭᠡᠨ ᠤ ᠡᠮᠦᠨ᠎ᠡ ᠨᠢ ᠵᠤᠭᠰᠤᠵᠤ᠂ ᠱᠠᠯᠠᠮᠠᠭᠠᠢ᠌ᠯᠠᠨ ᠠᠵᠢᠯᠯᠠᠭᠠᠤᠨ ᠨᠤᠳᠤᠭ ᠤᠨ ᠭᠦᠮᠦᠰ ᠤᠨ ᠦᠷᠭᠡᠨ ᠮᠠᠭᠳᠠᠭᠠᠯ ᠢ ᠭᠦᠷᠳᠡᠵᠡᠢ᠃

ᠳᠠᠷᠠ 1948 ᠣᠨ ᠳᠤ ᠦᠪᠣᠷ ᠮᠤᠩᠭ᠋ᠤᠯ ᠤᠨ ᠠᠷᠠᠤᠨ ᠤᠨ ᠬᠤᠪᠢᠰᠬᠠᠯᠳᠤ ᠵᠠᠯᠠᠭᠤᠴᠤᠳ ᠤᠨ ᠡᠪᠯᠡᠯ ᠳᠤ ᠣᠷᠤᠵᠤ᠂ 1949 ᠤᠨ ᠳᠤ ᠰᠢᠨ᠎ᠠ ᠠᠷᠠᠳᠴᠢᠯᠠᠭᠰᠠᠨ ᠦᠵᠡᠯ ᠤᠨ ᠵᠠᠯᠠᠭᠤᠴᠤᠳ ᠤᠨ ᠡᠪᠯᠡᠯ ᠤᠨ ᠭᠡᠰᠢᠭᠦᠨ ᠪᠣᠯᠵᠤ᠂ 1949 ᠣᠨ ᠳᠤ ᠰᠢᠯᠢᠳᠡᠭ᠌ ᠡᠪᠯᠡᠯ ᠤᠨ ᠭᠡᠰᠢᠭᠦᠨ ᠶᠢᠡᠷ ᠰᠤᠩᠭ᠋ᠤᠳᠠᠪᠠ᠃

ᠫᠠᠯᠵᠢᠳ ᠭᠤᠸᠠᠢ 1953 ᠣᠨ ᠳᠤ ᠳᠤᠮᠳᠠᠳᠤ ᠣᠯᠤᠰ ᠤᠨ ᠡᠪ ᠬᠠᠮᠳᠤ ᠨᠠᠮ ᠳᠤ ᠥᠩᠭᠡ ᠭᠡᠷᠡᠯᠳᠡᠢ ᠪᠠᠷ ᠡᠯᠰᠡᠭ᠍ᠳᠡᠵᠡᠢ᠃ 1963 ᠣᠨ ᠡᠴᠠ 1975 ᠣᠨ ᠪᠣᠯᠳᠠᠯ᠎ᠠ ᠳᠠᠷᠠ ᠧᠡᠩᠭᠢ ᠬᠤᠰᠢᠭᠤᠨ ᠤ ᠢᠮᠢᠨ ᠰᠤᠮᠤ ᠶᠢᠨ ᠨᠠᠮ ᠤᠨ ᠬᠤᠷᠢᠶᠠᠨ ᠤ ᠱᠦᠵᠢ ᠪᠠᠷ ᠠᠵᠢᠯᠯᠠᠪᠠ᠃

ᠥᠭᠡᠷᠡᠴᠢᠯᠡᠯᠳᠡ ᠨᠡᠭᠡᠭᠡᠯᠳᠡ ᠶᠢᠨ ᠰᠢᠨ᠎ᠠ ᠡᠷᠡᠨ ᠲᠡᠶ ᠵᠤᠯᠭᠤᠨ ᠥᠭᠡᠳᠡᠯᠡᠯᠳᠡ ᠳᠠᠪᠰᠢᠯᠳᠠ ᠶᠢᠨ ᠰᠠᠢ᠌ᠨ ᠰᠠᠢ᠌ᠬᠠᠨ ᠴᠠᠭ ᠲᠤ ᠴᠤ ᠳᠠᠷᠠ ᠪᠦᠭᠦ ᠬᠤᠰᠢᠭᠤᠨ ᠤ ᠣᠯᠤᠰ ᠳᠦᠷᠤ᠂ ᠠᠵᠤ ᠠᠬᠤᠢ᠂ ᠰᠤᠶᠤᠯ ᠰᠤᠷᠭᠠᠨ ᠭᠦᠮᠦᠵᠢᠯ ᠤᠨ ᠣᠢ᠌ᠯᠠᠰ ᠲᠤ ᠦᠪᠡᠷ ᠤᠨ ᠬᠤᠪᠢ ᠨᠠᠮᠠᠷᠢ ᠪᠠᠨ ᠬᠠᠷᠠᠮ ᠦᠭᠡᠶ ᠥᠵᠡᠭᠦᠯᠦᠭ᠍ᠰᠡᠨ ᠪᠠᠢ᠌ᠨ᠎ᠠ᠃

ᠳᠠᠷᠠ 1980 ᠣᠨ ᠡᠴᠠ 1984 ᠣᠨ ᠪᠣᠯᠳᠠᠯ᠎ᠠ ᠧᠡᠩᠭᠢ ᠬᠤᠰᠢᠭᠤᠨ ᠤ ᠠᠷᠠᠤᠨ ᠤᠨ ᠵᠠᠰᠠᠭ ᠤᠨ ᠣᠷᠳᠤᠨ ᠤ ᠳᠠᠳ᠋ ᠬᠤᠰᠢᠭᠤᠨ ᠳᠠᠷᠤᠭ᠎ᠠ ᠪᠠᠷ ᠰᠤᠩᠭ᠋ᠤᠭᠳᠠᠨ ᠠᠵᠢᠯᠯᠠᠵᠤ᠂ 1984 ᠣᠨ ᠳᠤ ᠧᠡᠩᠭᠢ ᠬᠤᠰᠢᠭᠤᠨ ᠤ ᠣᠯᠤᠰ ᠳᠦᠷᠤ ᠶᠢᠨ ᠵᠥᠪᠯᠡᠯᠭᠡᠨ ᠤ ᠳᠠᠳ᠋ ᠳᠡᠷᠢᠭᠦᠯᠡᠭ᠍ᠴᠢ ᠪᠠᠷ ᠠᠵᠢᠯᠯᠠᠵᠠᠢ᠃ 1984 ᠣᠨ ᠡᠴᠠ 1992 ᠣᠨ ᠪᠣᠯᠳᠠᠯ᠎ᠠ ᠧᠡᠩᠭᠢ ᠬᠤᠰᠢᠭᠤᠨ ᠤ ᠠᠷᠠᠤᠨ ᠤᠨ ᠲᠦᠯᠦᠭᠡᠯᠡᠭ᠍ᠴᠢᠳ ᠤᠨ ᠶᠡᠭᠡ ᠬᠤᠷᠠᠯ ᠤᠨ ᠪᠠᠢ᠌ᠩᠭ᠋ᠤ ᠶᠢᠨ ᠬᠤᠷᠢᠶᠠᠨ ᠤ ᠳᠠᠳ᠋ ᠡᠷᠭᠢᠯᠡᠭ᠍ᠴᠢ ᠪᠠᠷ ᠠᠵᠢᠯᠯᠠᠵᠤ ᠪᠠᠢ᠌ᠭᠠᠤᠨ ᠠᠵᠢᠯ ᠡᠴᠠ ᠪᠠᠨ ᠠᠮᠠᠷᠠᠵᠠᠢ᠃


ᠳᠠᠪᠣᠳᠤᠭᠠᠷ ᠭᠡᠰᠡᠭ᠌᠂ ᠵᠠᠩ ᠳᠠᠳᠬᠠᠯ ᠱᠠᠰᠢᠨ ᠰᠤᠷᠳᠠᠬᠤᠨ


(3DS ᠹᠢᠯᠢᠮ ᠤᠨ ᠡᠭᠢᠯᠡᠯᠳᠡ ᠶᠢᠨ ᠭᠦᠳᠡᠯᠭᠡᠡᠳᠤ ᠵᠢᠷᠤᠭ)

ᠵᠢᠷᠤᠭ ᠥᠵᠡᠭ᠍ᠳᠡᠯ 18᠂ ⑴ ᠥᠭᠡᠯᠡᠳ ᠤᠨ ᠬᠤᠷᠢᠮ ᠳᠦᠷᠤ ᠶᠢᠨ ᠳᠡᠦᠭᠡᠳᠤ ᠪᠢᠴᠢᠭ᠌ ᠮᠠᠲ᠋ᠸᠷᠢᠶᠠᠯ᠂ ⑵ ᠬᠤᠴᠢᠬᠠᠨ ᠳᠤ ᠪᠣᠯᠤᠭᠰᠠᠨ ᠥᠭᠡᠯᠡᠳ ᠬᠤᠷᠢᠮ᠂ ⑶ ᠪᠠᠶᠠᠬᠤᠰᠢᠭᠤ ᠳ᠋ᠠᠭᠢ 《ᠠᠮᠠᠷᠠᠭ ᠤᠨ ᠨᠠᠢ᠌ᠷ》᠂ ⑷ ᠬᠤᠷᠢᠮ ᠤᠨ ᠮᠤᠷᠢᠳᠤ ᠡᠩᠨᠡᠭᠡ᠂ ⑸ᠬᠤᠷᠢᠮ ᠤᠨ ᠨᠠᠢ᠌ᠷ ᠳᠠᠢ᠌ᠯᠠᠭ᠎ᠠ ᠶᠢᠨ ᠳᠠᠯᠠᠪᠣᠷ᠃

ᠹᠢᠯᠢᠮ ᠤᠨ ᠳᠠᠢ᠌ᠯᠪᠣᠷᠢ ᠥᠭᠡᠰ᠄ ᠳᠡᠦᠭᠡᠨ ᠪᠢᠴᠢᠭ᠌ ᠮᠠᠲ᠋ᠸᠷᠢᠶ‍ᠯ ᠢ ᠦᠨᠳᠦᠰᠦᠯᠠᠪᠠᠯ ᠢᠮᠢᠨ ᠤ ᠥᠭᠡᠯᠡᠳᠴᠥᠳ ᠤᠨ ᠬᠤᠷᠢᠮ ᠨᠠᠢ᠌ᠷ ᠨᠢ ᠮᠤᠩᠭ᠋ᠤᠯ ᠪᠣᠰᠤᠳ ᠳᠦᠷᠤᠯ ᠠᠢ᠌ᠮᠠᠭ ᠤᠨ ᠬᠤᠷᠢᠮ ᠨᠠᠢ᠌ᠷ ᠡᠴᠠ ᠣᠠᠳᠤᠤ ᠪᠠᠢ᠌ᠵᠤ ᠳᠠᠷᠠ ᠨᠢ ᠦᠪᠡᠷᠮᠢᠴᠠ ᠣᠠᠴᠠᠯᠢᠭ ᠲᠡᠶ ᠪᠦᠭᠡᠳ ᠮᠤᠩᠭ᠋ᠤᠯ ᠤᠨ ᠦᠪ ᠰᠤᠶᠤᠯ ᠤᠨ ᠳᠡᠦᠭᠡᠳᠤ ᠣᠯᠠᠮᠵᠢᠯᠠᠯ ᠢ ᠬᠠᠳᠠᠭᠠᠯᠠᠭᠰᠠᠭᠠᠷ ᠢᠷᠠᠵᠠᠢ᠃

ᠭᠦᠪᠠᠭᠦᠨ ᠤ ᠳᠠᠯ᠎ᠠ ᠨᠢ ᠡᠯᠢᠭᠡ ᠪᠦᠳᠤᠨ᠂ ᠣᠷᠠᠯᠢᠭ ᠰᠠᠢ᠌ᠬᠠᠨ ᠣᠷᠠᠨ ᠥᠭᠡ ᠠᠪᠢᠶᠠᠰ ᠪᠢᠯᠢᠭ᠌ ᠲᠡᠶ ᠭᠦᠮᠤᠨ ᠶᠢᠡᠷ ᠵᠠᠭᠤᠴᠢ ᠪᠣᠯᠭᠠᠨ᠂ ᠳᠠᠷᠠ ᠨᠢ ᠢᠳᠠᠷ ᠵᠠᠯᠠᠭᠤ ᠨᠠᠰᠤᠨ ᠤ ᠬᠤᠶᠠᠷ ᠭᠦᠮᠤᠨ ᠢ ᠳᠠᠭᠠᠭᠤᠯᠤᠨ᠂ ᠠᠷᠢᠭᠤᠨ ᠬᠠᠳᠠᠭ᠂ ᠰᠠᠷᠬᠤᠳ ᠤᠨ ᠳᠡᠭᠡᠵᠢ ᠰᠠᠭᠠᠯᠢᠨ ᠠᠷᠢᠭᠢ ᠵᠡᠷᠭᠡ ᠶᠢᠨ ᠪᠠᠯᠡᠭ᠌ ᠰᠠᠯᠳᠠ ᠠᠪᠴᠤ᠂ ᠦᠯᠵᠡᠢ ᠢᠷᠦᠭᠡᠯ ᠲᠡᠶ ᠡᠳᠦᠷ ᠤᠨ ᠰᠠᠢ᠌ᠨ ᠢ ᠰᠤᠩᠭ᠋ᠤᠨ᠂ ᠳᠦᠷᠤ ᠵᠢᠷᠤᠮ ᠤᠨ ᠶᠤᠰᠤᠭᠠᠷ ᠭᠡᠦᠭᠡᠨ ᠤ ᠳᠠᠯ᠎ᠠ ᠳᠤ ᠢᠷᠠᠵᠤ ᠣᠷᠤᠭ ᠭᠤᠶᠤᠴᠢᠯᠠᠨ᠎ᠠ᠃

ᠣᠷᠤᠭ ᠭᠤᠶᠤᠴᠢᠯᠠᠨ ᠵᠦᠪᠰᠢᠶᠠᠷᠠᠯ ᠣᠯᠪᠠᠯ᠂ ᠭᠦᠷᠭᠡᠨ ᠶᠢᠡᠨ ᠭᠡᠦᠭᠡᠨ ᠤ ᠠᠪᠣ ᠡᠵᠢ᠂ ᠠᠬᠠᠰ ᠵᠠᠬᠠᠰ ᠳᠤᠨᠢ ᠳᠠᠨᠢᠯᠴᠠᠭᠤᠯᠤᠨ᠂ ᠬᠤᠷᠢᠮᠯᠠᠬᠤ ᠡᠳᠦᠷ ᠰᠤᠩᠭ᠋ᠤᠨ᠎ᠠ᠂ ᠡᠭᠦᠨ ᠢ ᠭᠡᠦᠭᠡᠨ ᠤ ᠳᠠᠯ᠎ᠠ ᠡᠵᠡᠨ ᠪᠣᠯᠵᠤ᠂ ᠥᠭᠡᠯᠡᠳ ᠶᠢᠡᠷ 《ᠡᠳᠦᠷ ᠦᠭ‍ᠭᠦᠨ᠎ᠡ》 ᠭᠡᠵᠤ ᠭᠡᠯᠡᠨ᠎ᠡ᠃

ᠵᠤᠷᠰᠢᠯ ᠶᠤᠰᠤᠭᠠᠷ ᠶᠡᠭᠡ ᠬᠤᠷᠢᠮ ᠡᠴᠠ ᠡᠮᠦᠨ᠎ᠡ 《ᠰᠢ᠌ᠤᠠᠪᠣᠷᠢ ᠬᠤᠷᠢᠮ》᠂ 《ᠬᠠᠳᠠᠭ ᠮᠠᠯ ᠤᠨ ᠬᠤᠷᠢᠮ》᠂ 《ᠭᠡᠦᠭᠡᠨ ᠴᠠᠢ᠌ᠯᠠᠭᠤᠯᠬᠤ》 ᠭᠡᠭᠦ ᠮᠠᠳᠤ ᠶᠢᠨ ᠨᠠᠢ᠌ᠷ ᠨᠠᠭᠠᠳᠤᠮ ᠭᠢᠭᠦ ᠪᠣᠯᠤᠨ᠎ᠠ᠃ ᠡᠳᠡᠭᠡᠷ ᠨᠢ ᠴᠠᠭ ᠡᠷᠡᠨ ᠤ ᠬᠤᠪᠢᠷᠠᠯᠳᠠ ᠡᠴᠠ ᠪᠣᠯᠵᠤ᠂ ᠣᠳᠤ ᠳᠡᠭᠡᠷ᠎ᠡ ᠪᠠᠨ ᠵᠠᠷᠢᠮ ᠳᠠᠭᠠᠨ ᠳᠦᠭᠦᠮᠴᠢᠯᠡᠭ᠍ᠰᠡᠨ ᠪᠠᠢ᠌ᠨ᠎ᠠ᠃

《ᠰᠢ᠌ᠤᠠᠪᠣᠷᠢ ᠬᠤᠷᠢᠮ》 ᠨᠢ ᠳᠠᠷᠤᠢ ᠪᠠᠷᠢ ᠪᠠᠭᠤᠯᠭᠠᠬᠤ ᠶᠤᠰᠤᠯᠠᠯ ᠪᠣᠯᠤᠨ᠎ᠠ᠂ ᠭᠦᠷᠭᠡᠨ ᠤ ᠳᠠᠯ᠎ᠠ ᠶᠢᠨ ᠵᠠᠭᠤᠴᠢ᠂ ᠭᠦᠷᠭᠡᠨ ᠲᠡᠶ ᠪᠠᠨ ᠥᠭᠡᠷ᠎ᠡ ᠪᠣᠰᠤᠳ ᠭᠡᠳᠤᠨ ᠡᠷᠡᠭ᠍ᠳᠡᠢ ᠡᠮᠡᠭ᠍ᠳᠡᠢ ᠭᠦᠮᠤᠨ ᠪᠠᠷ ᠪᠠᠷᠢ ᠳᠤᠰᠬᠤ ᠭᠦᠮᠦᠰ ᠪᠣᠯᠵᠤ᠂ ᠡᠭᠦᠨ ᠢ ᠥᠭᠡᠯᠡᠳ ᠪᠠᠷ ᠠᠪᠬᠤᠯᠵᠢᠨ ᠭᠡᠨ᠎ᠡ᠃ ᠠᠪᠬᠤᠯᠵᠢᠨ ᠤ ᠭᠦᠮᠤᠨ ᠤ ᠳᠤᠭ᠎ᠠ ᠨᠢ ᠰᠤᠠᠳᠤᠭᠠᠢ ᠪᠠᠢ᠌ᠳᠠᠭ ᠨᠢ ᠪᠣᠴᠠᠵᠤ ᠢᠷᠡᠭᠦ ᠳᠡᠭᠡᠨ ᠰᠢᠨ᠎ᠠ ᠪᠠᠷᠢ ᠲᠡᠶ ᠪᠠᠨ ᠬᠤᠤᠰ ᠬᠤᠶᠠᠷ ᠪᠣᠯᠬᠤ ᠪᠠᠯᠡᠭ᠌ ᠳᠠᠮᠪᠠᠷᠠᠯ ᠢ ᠢᠷᠦᠭᠡᠭ᠍ᠰᠡᠨ ᠳᠤ ᠪᠣᠢ᠃

ᠰᠢᠨ᠎ᠠ ᠭᠦᠷᠭᠡᠨ ᠶᠤᠰᠤᠯᠠᠯ ᠤᠨ ᠪᠠᠯᠡᠭ᠌᠂ ᠪᠠᠷᠢ ᠶᠢᠨ ᠣᠨᠤᠬᠤ ᠡᠮᠡᠭᠡᠯ ᠬᠠᠵᠠᠭᠠᠷ ᠲᠡᠶ ᠮᠤᠷᠢ ᠪᠣᠯᠤᠨ ᠮᠤᠬᠤᠯᠠᠭ ᠳᠡᠷᠭᠡ ᠭᠦᠳᠦᠯᠤᠨ ᠠᠮᠢᠳᠤᠷᠠᠯ ᠤᠨ ᠬᠠᠨᠢ᠂ ᠨᠠᠰᠤᠨ ᠤ ᠠᠮᠠᠷᠠᠭ ᠶᠢᠡᠨ ᠳᠤᠰᠬᠤ ᠪᠠᠷ ᠣᠴᠢᠨ᠎ᠠ᠃

ᠠᠪᠬᠤᠯᠵᠢᠨ ᠨᠡᠷ ᠬᠤᠳᠠ ᠶᠢᠨ ᠳᠠᠯ᠎ᠠ ᠳᠤ ᠭᠦᠷᠴᠤ ᠥᠭᠡᠯᠡᠳ ᠶᠤᠰᠤ ᠪᠠᠷ ᠮᠠᠠᠳᠤᠴᠢᠯᠠᠨ ᠵᠤᠯᠭᠠᠵᠤ᠂ ᠬᠠᠮᠢᠶ᠎ᠠ ᠪᠦᠭᠦᠢ ᠬᠤᠷᠢᠮ ᠳᠦᠷᠤ ᠵᠤᠷᠰᠢᠯ ᠨᠠᠢ᠌ᠷ ᠳᠠᠢ᠌ᠯᠠᠯᠭ᠎ᠠ ᠪᠣᠯᠵᠤ᠂ ᠤᠷᠢᠳ ᠤᠨ ᠢᠷᠦᠭᠡᠯ ᠶᠢᠡᠷ ᠣᠴᠠᠷᠠᠭᠰᠠᠨ ᠬᠤᠳᠠ ᠣᠷᠤᠭ ᠳᠠᠨ ᠳᠤ ᠪᠠᠨ᠂ ᠣᠴᠢᠷ ᠲᠡᠶ ᠠᠷᠢᠭᠢ ᠪᠠᠨ ᠡᠷᠭᠦᠨ ᠭᠦᠭᠡᠷᠦᠯᠳᠦᠶ᠎ᠡ᠂ ᠬᠤᠷᠢᠮ ᠳᠦᠷᠤ ᠳᠤ ᠢᠷᠡᠭ᠍ᠰᠡᠨ ᠬᠤᠳᠠ ᠣᠷᠤᠭ ᠳᠠᠨ ᠳᠤ ᠪᠠᠨ ᠬᠤᠠᠳᠠᠭᠠᠨ ᠳᠡᠭᠡᠵᠢ ᠪᠠᠨ ᠪᠠᠷᠢᠨ ᠨᠠᠢ᠌ᠷᠯᠠᠯᠳᠤᠶ᠎ᠠ᠁ ᠭᠡᠮᠡᠨ ᠢᠷᠦᠭᠡᠯ ᠳᠠᠯᠪᠢᠵᠤ ᠨᠠᠢ᠌ᠷ ᠦᠷᠭᠦᠯᠵᠢᠯᠡᠭ᠍ᠰᠡᠭᠡᠷ ᠦᠨᠳᠦᠷᠵᠢᠨ᠎ᠠ᠃

ᠵᠢᠷᠤᠭ ᠥᠵᠡᠭ᠍ᠳᠡᠯ 19᠂ ⑴ ᠪᠣᠶᠠᠨ ᠴᠤᠭᠯᠠᠭᠤᠯᠬᠤ ᠰᠦᠮ᠎ᠡ ᠶᠢᠨ ᠨᠢᠭᠡ ᠢᠵᠢ ᠥᠵᠡᠭ᠍ᠳᠡᠯ᠃ ⑵ ᠳᠡᠦᠭᠡ ᠶᠢᠨ ᠵᠢᠷᠤᠭ ᠰᠡᠭᠦᠳᠡᠷ᠂ ᠪᠢᠴᠢᠭ᠌ ᠮᠠᠲ᠋ᠸᠷᠢᠶᠠᠯ᠃ ⑶ ᠵᠠᠷᠢᠮ ᠰᠦᠮ᠎ᠡ ᠴᠤᠭᠯᠠᠭᠠᠨ ᠤ ᠭᠡᠰᠡᠭ᠌ ᠢ ᠨᠡᠭᠦᠯᠭᠡᠨ ᠭᠡᠷᠡᠭᠯᠡᠵᠤ ᠪᠣᠯᠤᠨ᠎ᠠ᠃

ᠹᠢᠯᠢᠮ ᠤᠨ ᠳᠠᠢ᠌ᠯᠪᠣᠷᠢ ᠥᠭᠡᠰ᠄ ᠢᠮᠢᠨ ᠨᠤᠳᠤᠭ ᠤᠨ ᠥᠭᠡᠯᠡᠳᠴᠥᠳ ᠰᠢᠷ᠎ᠠ ᠶᠢᠨ ᠱᠠᠰᠢᠨ ᠢ ᠳᠡᠯᠭᠡᠷᠡᠭᠦᠯᠤᠨ ᠰᠢᠳᠦᠭᠡᠳ ᠭᠡᠳᠤᠨ ᠵᠠᠭᠤᠨ ᠵᠢᠯ ᠤᠨ ᠳᠡᠦᠭᠡ ᠲᠡᠶ ᠪᠣᠯᠵᠢ᠃

ᠮᠠᠠᠵᠤ ᠴᠢᠩ ᠤᠨ ᠳᠡᠭ᠍ᠷᠢ ᠲᠡᠳᠬᠦᠭ᠍ᠴᠢ ᠶᠢᠨ ᠳᠠᠪᠢᠳᠤᠭᠠᠷ ᠣᠨ᠂ ᠳᠠᠷᠤᠢ 1785 ᠣᠨ ᠳᠤ 《ᠪᠣᠶᠠᠨ ᠵᠤᠵᠠᠭᠠᠳᠬᠠᠬᠤ ᠰᠦᠮ᠎ᠡ》 ᠶ᠋ᠢ ᠪᠠᠢ᠌ᠭᠤᠯᠤᠭᠰᠠᠨ ᠡᠴᠠ ᠳᠠᠪᠤᠨ ᠣᠳᠠᠭ᠎ᠠ ᠰᠢᠯᠵᠢᠭᠦᠯᠤᠨ ᠨᠡᠭᠦᠯᠭᠡᠪᠡ᠃ ᠥᠭᠡᠯᠡᠳ ᠭᠦᠮᠤᠨ ᠤ ᠠᠮᠢᠳᠤᠷᠠᠯ ᠤᠨ ᠠᠮᠤᠷ ᠲᠦᠪᠰᠢᠨ ᠡᠯᠳᠡᠪ ᠵᠣᠢ᠌ᠯ ᠤᠨ ᠴᠢᠳᠭᠦᠷ ᠡᠪᠡᠳᠴᠢᠨ ᠳᠠᠬᠤᠯ ᠦᠭᠡᠶ ᠪᠠᠢ᠌ᠬᠤ ᠶᠢ ᠴᠦᠮ ᠪᠣᠷᠬᠠᠨ ᠰᠠᠭᠢᠭᠤᠯᠰᠤᠨ ᠳᠤ ᠳᠠᠭᠠᠳᠬᠠᠭᠳᠠᠭ ᠭᠡᠳᠡᠭ᠌ ᠳᠤᠯᠠ ᠱᠠᠰᠢᠨ ᠰᠤᠷᠳᠠᠬᠤᠨ ᠤ ᠵᠠᠷᠢᠮ ᠶᠤᠰᠤ ᠨᠢ ᠳᠦᠷᠤ ᠶᠢ ᠵᠠᠰᠠᠬᠤ ᠪᠣᠯᠤᠨ ᠨᠡᠢ᠌ᠭᠡᠮ ᠤᠨ ᠠᠮᠢᠳᠤᠷᠠᠯ ᠳᠤᠮᠳᠠ ᠨᠥᠯᠦᠭᠡ ᠪᠠᠷ ᠭᠦᠨ ᠵᠤᠵᠠᠭᠠᠨ ᠪᠠᠢ᠌ᠯ᠎ᠠ᠃

ᠵᠢᠷᠤᠭ ᠥᠵᠡᠭ᠍ᠳᠡᠯ 20᠂ ⑴ ᠪᠦᠭᠡ ᠰᠠᠮᠠᠨ ᠤ ᠥᠵᠡᠭ᠍ᠳᠡᠯ᠃ ⑵ ᠨᠢᠭᠡᠨ ᠨᠠᠰᠤᠳᠠᠨ ᠤ《ᠪᠣᠬ᠎ᠠ ᠶᠢᠨ ᠬᠠᠷ᠎ᠠ ᠣᠰᠤᠨ》 ᠊ᠤ ᠳᠤᠮᠤᠭ ᠶᠠᠷᠢᠶ᠎ᠠ ⑶ ᠬᠠᠠᠳᠤᠮ᠎ᠠ ᠰᠠᠮᠠᠨ ᠤ ᠪᠣᠳᠠᠳᠤ ᠰᠢᠩᠭᠡᠭᠡᠯᠳᠡ᠃

ᠳᠠᠢ᠌ᠯᠪᠣᠷᠢ ᠥᠭᠡᠰ᠄ ᠭᠦᠯᠤᠨ ᠪᠣᠢ᠌ᠷ ᠲᠤ ᠥᠭᠡᠯᠡᠳᠴᠥᠳ ᠢᠮᠢᠨ ᠭᠤᠤᠯ ᠤᠨ ᠳᠠᠠᠵᠢᠨ᠎ᠠ ᠨᠡᠭᠦᠵᠤ ᠢᠷᠡᠭᠡᠳ ᠯᠠᠮᠠ ᠶᠢᠨ ᠱᠠᠰᠢᠨ ᠢ ᠰᠢᠳᠤᠵᠤ ᠪᠠᠢ᠌ᠭᠰᠠᠨ ᠡᠴᠠ ᠭᠠᠳᠠᠨ᠎ᠠ ᠪᠠᠰᠠ᠂ ᠡᠪᠦᠭᠡ ᠳᠡᠭᠡᠳᠦᠰ ᠤᠨ ᠣᠯᠠᠮᠵᠢᠯᠠᠯ ᠪᠠᠷ ᠪᠦᠭᠡ ᠶᠢᠨ ᠰᠥᠰᠦᠭ᠍ᠳᠡᠨ ᠪᠠᠢ᠌ᠵᠤ ᠪᠦᠭᠡ ᠮᠦᠷᠭᠦᠯ ᠢ ᠰᠢᠳᠦᠭ᠍ᠰᠡᠭᠡᠷ ᠪᠢᠯᠠ᠃

ᠠᠬᠤᠢ ᠰᠤᠷᠪᠣᠯᠵᠢᠯᠭ᠎ᠠ᠄ ᠨᠢᠭᠡ ᠨᠠᠰᠤᠳᠠᠨ ᠤ ᠳᠤᠮᠤᠭ ᠶᠠᠷᠢᠶ᠎ᠠ

ᠬᠠᠠᠳᠤᠮ᠎ᠠ ᠪᠦᠭᠡ (ᠢᠳᠤᠭᠠᠨ ᠰᠠᠮᠠᠨ) ᠶ᠋ᠢᠨ ᠪᠣᠳᠠᠳᠠᠢ ᠰᠢᠩᠭᠡᠭᠡᠯᠳᠡ᠃

ᠵᠢᠷᠤᠭ ᠥᠵᠡᠭ᠍ᠳᠡᠯ 21᠂ ⑴ ᠬᠤᠰᠢᠭᠤ ᠣᠪᠣᠭ᠎ᠠ ᠪᠠ ᠥᠭᠡᠷ᠎ᠡ ᠪᠣᠰᠤᠳ ᠣᠪᠣᠭᠠᠨ ᠤ ᠥᠵᠡᠭ᠍ᠳᠡᠯ᠃ ⑵ ᠬᠤᠰᠢᠭᠤ ᠣᠪᠣᠭ᠎ᠠ ᠶᠢ ᠳᠠᠭᠢᠵᠤ ᠪᠠᠢ᠌ᠭᠰᠠᠨ ᠳᠡᠦᠭᠡ ᠶᠢᠨ ᠵᠢᠷᠤᠭ ᠰᠡᠭᠦᠳᠡᠷ ᠪᠣᠯᠤᠨ ᠪᠢᠴᠢᠭ᠌ ᠮᠠᠲ᠋ᠸᠷᠢᠶᠠᠯ᠃

ᠳᠠᠢ᠌ᠯᠪᠣᠷᠢ ᠥᠭᠡᠰ᠄ ᠥᠭᠡᠯᠡᠳᠴᠥᠳ ᠢᠮᠢᠨ ᠨᠤᠳᠤᠭ ᠲᠤ ᠨᠡᠭᠦᠵᠤ ᠢᠷᠡᠭᠡᠳ᠂ ᠮᠤᠩᠭ᠋ᠤᠯ ᠤᠨ ᠣᠳᠤᠮᠰᠢᠯᠳᠤ ᠵᠠᠩᠰᠢᠯ ᠶᠢᠡᠷ ᠣᠯᠠᠨ ᠣᠪᠣᠭ᠎ᠠ ᠪᠣᠰᠬᠠᠨ ᠳᠠᠭᠢᠵᠤ ᠪᠠᠢ᠌ᠯ᠎ᠠ᠃ ᠡᠭᠦᠨ ᠳᠤ ᠬᠤᠰᠢᠭᠤ ᠣᠪᠣᠭ᠎ᠠ᠂ ᠰᠤᠮᠤᠨ ᠤ ᠣᠪᠣᠭ᠎ᠠ᠂ ᠬᠤᠰᠤᠳᠤ ᠶᠢᠨ ᠣᠪᠣᠭ᠎ᠠ᠂ ᠬᠠᠯᠠᠨ ᠤ ᠣᠪᠣᠭ᠎ᠠ᠂ ᠵᠠᠭᠠᠭ ᠤᠨ ᠣᠪᠣᠭ᠎ᠠ ᠭᠡᠵᠤ ᠪᠠᠢ᠌ᠳᠠᠭ᠃ ᠬᠤᠰᠢᠭᠤ ᠣᠪᠣᠭ᠎ᠠ ᠪᠣᠯ ᠥᠭᠡᠯᠡᠳ ᠤᠨ ᠭᠦᠪᠠᠭᠡᠳᠤ ᠰᠢᠷ᠎ᠠ ᠬᠤᠰᠢᠭᠤ ᠳᠠᠶᠠᠭᠠᠷ ᠶᠢᠡᠨ ᠳᠠᠭᠢᠳᠠᠭ ᠡᠴᠠ ᠬᠤᠰᠢᠭᠤ ᠣᠪᠣᠭ᠎ᠠ ᠭᠡᠵᠤ ᠨᠡᠷᠡᠢ᠌ᠳᠦᠭ᠍ᠰᠡᠨ ᠪᠢᠯᠠ᠃ ᠡᠨᠡᠭᠦ ᠣᠪᠣᠭ᠎ᠠ ᠨᠢ 1739 ᠣᠨ ᠳᠤ ᠪᠠᠶᠠᠨ ᠬᠤᠰᠢᠭᠤ ᠣᠪᠣᠭᠠᠨ ᠤ ᠰᠠᠭᠤᠷᠢᠨ ᠡᠴᠠ ᠨᠡᠭᠦᠯᠭᠡᠨ ᠠᠪᠴᠢᠷᠠᠭᠰᠠᠨ ᠣᠳᠤ ᠶᠢᠨ 《ᠡᠷᠳᠡᠨᠢ ᠪᠠᠳᠠᠷᠠᠬᠤ ᠣᠪᠣᠭ᠎ᠠ》 ᠪᠣᠯᠤᠨ᠎ᠠ᠃

ᠵᠢᠷᠤᠭ ᠥᠵᠡᠭ᠍ᠳᠡᠯ 22᠂ ⑴ 《ᠡᠷᠳᠡᠨᠢ ᠪᠠᠳᠠᠷᠠᠬᠤ ᠣᠪᠣᠭ᠎ᠠ》 ᠶ᠋ᠢ 1986 ᠣᠨ ᠳᠤ ᠰᠡᠷᠭᠦᠭᠡᠨ ᠳᠡᠭᠢᠭ᠍ᠰᠡᠨ ᠥᠵᠡᠭ᠍ᠳᠡᠯ᠃ ⑵ 《ᠡᠷᠳᠡᠨᠢ ᠪᠠᠳᠠᠷᠠᠬᠤ ᠣᠪᠣᠭ᠎ᠠ》 ᠪᠠᠨ ᠵᠠᠰᠠᠨ ᠰᠢᠨᠡᠳᠭᠡᠭᠦ ᠪᠠᠷ ᠫᠠᠯᠵᠢᠳ᠂ ᠨᠠᠠᠰᠠᠯᠮ᠎ᠠ᠂ ᠣᠷᠳᠤᠨᠠᠰᠤᠨ ᠁ ᠨᠡᠷ ᠤᠨ ᠭᠠᠵᠠᠷ ᠰᠢᠠᠵᠢᠵᠤ ᠪᠠᠢ᠌ᠬᠤ ᠥᠵᠡᠭ᠍ᠳᠡᠯ᠃

ᠳᠠᠢ᠌ᠯᠪᠣᠷᠢ ᠥᠭᠡᠰ᠄ ᠭᠦᠪᠠᠭᠡᠳᠤ ᠰᠢᠷ᠎ᠠ ᠬᠤᠰᠢᠭᠤ 1945 ᠣᠨ ᠳᠤ ᠳᠤᠰ ᠣᠪᠣᠭ᠎ᠠ ᠪᠠᠨ ᠳᠠᠭᠢᠭᠰᠠᠨ ᠡᠴᠠ 41 ᠵᠢᠯ ᠤᠨ ᠳᠠᠷᠠᠭ᠎ᠠ᠂ ᠥᠭᠡᠷ᠎ᠡ ᠪᠠᠷ ᠭᠡᠯᠡᠪᠠᠯ 1986 ᠣᠨ ᠳᠤ᠂ ᠢᠮᠢᠨ ᠰᠤᠮᠤᠨ ᠤ ᠨᠠᠮ ᠤᠨ ᠬᠤᠷᠢᠶᠠᠨ ᠤ ᠱᠦᠵᠢ ᠪᠠᠢ᠌ᠭᠰᠠᠨ ᠭᠤᠠᠴᠤᠭ ᠭᠤᠸᠠᠢ ᠡᠷᠭᠢᠯᠡᠨ ᠭᠠᠷᠳᠠᠵᠤ ᠳᠠᠭᠢᠨ ᠰᠡᠷᠭᠦᠭᠡᠨ ᠰᠢᠨᠡᠳᠭᠡᠵᠤ ᠳᠠᠭᠢᠵᠤ ᠡᠭᠢᠯᠡᠭ᠍ᠰᠡᠨ ᠪᠢᠯᠠ᠃

ᠣᠪᠣᠭᠠᠨ ᠳᠡᠭᠡᠷ᠎ᠡ ᠡᠴᠠ ᠥᠭᠡᠯᠡᠳ ᠤᠨ ᠪᠦᠭᠦ ᠨᠤᠳᠤᠭ ᠳᠤᠳᠤᠷᠠᠨ ᠬᠠᠷᠠᠭᠳᠠᠬᠤ ᠨᠢ ᠮᠠᠨ ᠤ ᠨᠤᠳᠤᠭ ᠣᠰᠤ ᠪᠠᠨ ᠭᠡᠮᠵᠢᠶᠡᠯᠡᠰᠢ ᠦᠭᠡᠶ ᠬᠠᠢ᠌ᠷᠠᠯᠠᠨ ᠰᠢᠳᠦᠳᠡᠭ᠌ ᠥᠭᠡᠯᠡᠳ ᠤᠨ ᠳᠡᠭᠡᠳᠦᠰ᠂ ᠣᠪᠣᠭᠠᠨ ᠭᠠᠵᠠᠷ ᠤᠨ ᠪᠠᠢ᠌ᠴᠠ ᠪᠠᠨ ᠣᠠᠴᠠᠭᠠᠢ ᠰᠠᠢ᠌ᠬᠠᠨ ᠰᠤᠩᠭ᠋ᠤᠭᠰᠠᠨ ᠪᠠᠢ᠌ᠵᠠᠢ ᠭᠡᠰᠡᠨ ᠪᠣᠳᠤᠯ ᠦᠪᠡᠷ ᠤᠨ ᠡᠷᠭᠡ ᠦᠭᠡᠶ ᠰᠠᠨᠠᠭᠳᠠᠭᠤᠯᠤᠨ᠎ᠠ᠃

《ᠡᠷᠳᠡᠨᠢ ᠪᠠᠳᠠᠷᠠᠬᠤ ᠣᠪᠣᠭ᠎ᠠ》 ᠪᠣᠯ ᠭᠦᠯᠤᠨ ᠪᠣᠢ᠌ᠷ ᠤᠨ ᠥᠭᠡᠯᠡᠳᠴᠥᠳ ᠤᠨ ᠳᠡᠦᠭᠡᠨ ᠰᠤᠶᠤᠯ ᠤᠨ ᠨᠠᠠᠳᠢᠨ ᠦᠪ ᠭᠦᠷᠦᠩᠭᠡ᠂ ᠵᠠᠭᠤᠨ ᠵᠠᠭᠤᠨ ᠵᠢᠯ ᠶᠢᠡᠷ ᠣᠷᠤᠰᠢᠨ ᠰᠠᠭᠤᠭᠰᠠᠨ ᠭᠠᠵᠠᠷ ᠰᠢᠷᠤᠢ ᠶᠢᠨ ᠭᠢᠨᠢ ᠪᠠᠯᠭᠡ ᠳᠠᠮᠪᠠᠷᠠᠯ ᠤᠨ ᠰᠦᠯᠳᠡ ᠳᠡᠮᠳᠡᠭ᠌ ᠪᠣᠯᠤᠨ᠎ᠠ᠃


ᠵᠢᠷᠭᠤᠳᠤᠭᠠᠷ ᠭᠡᠰᠡᠭ᠌᠂ ᠠᠵᠢᠯ ᠵᠢᠭ᠍ᠳᠡᠷᠡᠭ᠍ᠰᠡᠨ ᠥᠭᠡᠯᠡᠳ ᠨᠡᠢ᠌ᠭᠡᠮᠯᠢᠭ᠌


(3DS ᠹᠢᠯᠢᠮ ᠤᠨ ᠡᠭᠢᠯᠡᠯᠳᠡ ᠶᠢᠨ ᠭᠦᠳᠡᠯᠭᠡᠡᠳᠤ ᠵᠢᠷᠤᠭ)

ᠵᠢᠷᠤᠭ ᠥᠵᠡᠭ᠍ᠳᠡᠯ 23᠂ ⑴ 3ds ᠫᠢᠯᠢᠮ ᠤᠨ ᠡᠭᠢᠯᠯᠡᠳᠡ ᠶᠢᠨ ᠭᠦᠳᠡᠯᠭᠡᠡᠳᠤ ᠵᠢᠷᠤᠭ᠂ ⑵ ᠥᠭᠡᠯᠡᠳ ᠮᠤᠩᠭ᠋ᠤᠯ ᠤᠨ ᠰᠤᠶᠤᠯ ᠳᠡᠦᠭᠡ ᠨᠡᠢ᠌ᠭᠡᠮᠯᠢᠭ᠌ ᠤᠨ ᠦᠨᠡᠮᠯᠠᠯ ⑶ ᠠᠬᠤᠢ ᠰᠤᠷᠪᠣᠯᠵᠢᠯᠭ᠎ᠠ᠂ ⑷ ᠥᠭᠡᠯᠡᠳ ᠨᠡᠢ᠌ᠭᠡᠮᠯᠢᠭ᠌ ᠤᠨ ᠭᠡᠰᠢᠭᠦᠤᠨ ᠤᠨ ᠬᠤᠷᠠᠯ᠂ 2004 ᠣᠨ ᠤ ᠨᠡᠢ᠌ᠭᠡᠮᠯᠢᠭ᠌ ᠤᠨ ᠬᠤᠷᠠᠯ ᠳᠡᠭᠡᠷ᠎ᠡ ᠫᠠᠯᠵᠢᠳ ᠨᠠᠰᠤᠳᠠᠨ ᠤ ᠰᠦᠮ᠎ᠡ ᠭᠡᠢ᠌ᠤᠨ᠂ ᠥᠭᠡᠯᠡᠳ ᠬᠤᠪᠴᠠᠰᠤᠨ ᠤ ᠳᠤᠬᠠᠢ ᠶᠠᠷᠢᠶ᠎ᠠ ᠭᠢᠵᠤ ᠪᠠᠢ᠌ᠭ᠎ᠠ ᠥᠵᠡᠭ᠍ᠳᠡᠯ᠃ ⑸ 《ᠭᠦᠯᠤᠨ ᠪᠣᠢ᠌ᠷ ᠤᠨ ᠥᠭᠡᠯᠡᠳ ᠤᠨ ᠰᠤᠶᠤᠯ ᠳᠡᠦᠭᠡ ᠶᠢᠨ ᠮᠠᠲ᠋ᠸᠷᠢᠶᠠᠯ》 ᠭᠡᠭᠦ ᠨᠤᠮ ᠤᠨ ᠥᠵᠡᠭ᠍ᠳᠡᠯ᠃ 《ᠪᠦᠭᠦ ᠣᠯᠤᠰ ᠤᠨ ᠤᠢ᠌ᠷᠠᠤᠨ ᠮᠤᠩᠭ᠋ᠤᠯ ᠤᠨ ᠳᠡᠦᠭᠡ ᠰᠤᠶᠤᠯ ᠤᠨ ᠰᠤᠳᠤᠯᠭᠠᠨ ᠤ ᠬᠤᠷᠠᠯ》 ᠊ᠤᠨ ᠭᠡᠷᠡᠯ ᠵᠢᠷᠤᠭ᠂ ⑹ ᠳᠦᠷᠪᠠᠳᠦᠭᠡᠷ ᠬᠤᠭᠤᠴᠠᠭᠠᠨ ᠤ ᠪᠦᠭᠦ ᠣᠯᠤᠰ ᠤᠨ ᠤᠢ᠌ᠷᠠᠤᠨ ᠮᠤᠩᠭ᠋ᠤᠯ ᠤᠨ ᠳᠡᠦᠭᠡ ᠰᠤᠶᠤᠯ ᠤᠨ ᠰᠤᠳᠤᠯᠭᠠᠨ ᠤ ᠬᠤᠷᠠᠯ ᠤᠨ ᠭᠡᠷᠡᠯ ᠵᠢᠷᠤᠭ (ᠭᠤᠠᠴᠤᠭ ᠳᠠᠷᠤᠭ᠎ᠠ ᠶᠢᠨ ᠵᠢᠷᠤᠭ ᠰᠡᠭᠦᠳᠡᠷ) ⑺ ᠣᠨᠢᠶᠠ ᠪᠠᠭᠰᠢ ᠶᠢᠨ ᠮᠠᠯᠴᠢᠨ ᠵᠠᠯᠠᠭᠤᠴᠤᠳ ᠲᠤ ᠪᠦᠵᠢᠭ᠌ ᠵᠢᠭᠠᠵᠤ ᠪᠠᠢ᠌ᠬᠤ (ᠪᠦᠵᠢᠭ᠌ ᠤᠨ ᠪᠣᠳᠠᠳᠤ ᠰᠢᠩᠭᠡᠭᠡᠯᠳᠡ) ⑻2005 ᠣᠨ ᠤ ᠢᠮᠢᠨ ᠰᠤᠮᠤᠨ ᠤ ᠴᠠᠭᠠᠨ ᠰᠠᠷ᠎ᠠ ᠶᠢᠨ ᠥᠳᠡᠰᠢᠯᠡᠭᠡ ᠳᠡᠭᠡᠷᠡᠭᠢ ᠥᠭᠡᠯᠡᠳ ᠤᠨ ᠨᠠᠢ᠌ᠳᠠ ᠶᠢᠨ ᠪᠦᠵᠢᠭ᠌ ᠰᠠᠪᠠᠷᠳᠠᠩ ᠪᠣᠯᠤᠨ ᠰᠤᠬᠠᠢ ᠮᠤᠳᠤᠨ ᠬᠠᠢ᠌ᠷ᠎ᠠ ᠭᠡᠳᠡᠭ᠌ ᠦᠨᠳᠦᠰᠦᠳᠠᠨ ᠤ ᠪᠦᠵᠢᠭ᠌ ᠤᠨ ᠪᠣᠳᠠᠳᠤ ᠰᠢᠩᠭᠡᠭᠡᠯᠳᠡ᠃

ᠳᠠᠢ᠌ᠯᠪᠣᠷᠢ ᠥᠭᠡᠰ᠄ ᠨᠠᠮ ᠤᠨ ᠦᠨᠳᠦᠰᠦᠳᠠᠨ ᠤ ᠳᠦᠷᠤ ᠶᠢᠨ ᠪᠣᠳᠤᠯᠭ᠎ᠠ ᠶᠢᠨ ᠳᠤᠶᠠᠭᠠᠯᠠᠯ ᠳᠤᠤᠷ᠎ᠠ 1986 ᠣᠨ ᠳᠤ ᠭᠦᠯᠤᠨ ᠪᠣᠢ᠌ᠷ ᠤᠨ ᠧᠡᠩᠭᠢ ᠬᠤᠰᠢᠭᠤᠨ ᠤ ᠥᠭᠡᠯᠡᠳ ᠮᠤᠩᠭ᠋ᠤᠯ ᠤᠨ ᠰᠤᠶᠤᠯ ᠳᠡᠦᠭᠡ ᠰᠤᠳᠤᠯᠬᠤ ᠨᠡᠢ᠌ᠭᠡᠮᠯᠢᠭ᠌ ᠪᠠᠢ᠌ᠭᠤᠯᠤᠭᠳᠠᠵᠠᠢ᠃ (ᠭᠤᠩᠭ᠋ᠤᠷᠵᠠᠪ ᠤᠨ ᠠᠬᠤᠢ ᠰᠤᠷᠪᠣᠯᠵᠢᠯᠭ᠎ᠠ᠄ ᠭᠦᠯᠤᠨ ᠪᠣᠢ᠌ᠷ ᠤᠨ ᠧᠡᠩᠭᠢ ᠬᠤᠰᠢᠭᠤᠨ ᠤ ᠥᠭᠡᠯᠡᠳ ᠮᠤᠩᠭ᠋ᠤᠯ ᠤᠨ ᠰᠤᠶᠤᠯ ᠳᠡᠦᠭᠡ ᠰᠤᠳᠤᠯᠬᠤ ᠨᠡᠢ᠌ᠭᠡᠮᠯᠢᠭ᠌ ᠪᠠᠢ᠌ᠭᠤᠯᠤᠭᠳᠠᠬᠤ ᠦᠶ᠎ᠡ ᠶᠢᠨ ᠳᠤᠬᠠᠢ ᠶᠢᠨ ᠪᠠᠢ᠌ᠳᠠᠯ)᠃

ᠥᠭᠡᠯᠡᠳ ᠮᠤᠩᠭ᠋ᠤᠯ ᠤᠨ ᠰᠤᠶᠤᠯ ᠳᠡᠦᠭᠡ ᠶᠢ ᠰᠤᠳᠤᠯᠬᠤ ᠨᠡᠢ᠌ᠭᠡᠮᠯᠢᠭ᠌ ᠪᠠᠢ᠌ᠭᠤᠯᠤᠭᠳᠠᠭᠰᠠᠨ ᠤ ᠳᠠᠷᠠᠭ᠎ᠠ ᠭᠦᠯᠤᠨ ᠪᠣᠢ᠌ᠷ ᠲᠤ ᠰᠠᠭᠤᠭ᠎ᠠ ᠥᠭᠡᠯᠡᠳ ᠶᠠᠰᠤᠳᠠᠨ ᠤ ᠦᠨᠳᠦᠰᠦᠨ ᠪᠠᠢ᠌ᠳᠠᠯ ᠢ ᠣᠢ᠌ᠯᠠᠭᠠᠨ᠂ ᠱᠠᠰᠢᠨ ᠰᠢᠳᠦᠯᠭᠡ᠂ ᠣᠪᠣᠭ ᠬᠠᠯᠠᠨ ᠤ ᠢᠷᠠᠯᠳᠠ᠂ ᠰᠦᠮ᠎ᠡ ᠭᠡᠢ᠌ᠤᠨ ᠤᠨ ᠡᠭᠦᠰᠦᠯ ᠵᠡᠷᠭᠡ ᠳᠡᠦᠭᠡᠨ ᠵᠣᠢ᠌ᠯᠠᠰ ᠢ ᠱᠥᠭᠦᠨ ᠰᠢᠯᠢᠵᠤ᠂ ᠰᠤᠳᠤᠯᠤᠨ ᠡᠮᠭᠢᠳᠭᠡᠵᠤ᠂ ᠭᠦᠯᠤᠨ ᠪᠣᠢ᠌ᠷ ᠤᠨ ᠥᠭᠡᠯᠡᠳ ᠮᠤᠩᠭ᠋ᠤᠯ ᠤᠨ ᠰᠤᠶᠤᠯ ᠳᠡᠦᠭᠡ ᠶᠢ ᠰᠤᠳᠤᠯᠬᠤ ᠳᠤ ᠠᠩᠬᠠᠨ ᠰᠠᠭᠤᠷᠢ ᠳᠠᠯᠪᠢᠵᠤ ᠪᠠᠶᠠᠷᠯᠠᠭᠤᠰᠢᠳᠠᠢ ᠠᠮᠵᠢᠯᠳᠠ ᠣᠯᠤᠭᠰᠠᠨ ᠪᠠᠢ᠌ᠨ᠎ᠠ᠃

ᠮᠠᠰᠢ ᠪᠠᠶᠠᠷᠯᠠᠭᠤᠰᠢᠳᠠᠢ ᠨᠢ ᠧᠡᠩᠭᠢ ᠬᠤᠰᠢᠭᠤ ᠪᠠᠢ᠌ᠭᠤᠯᠤᠭᠳᠠᠭᠰᠠᠨ 50 ᠵᠢᠯ ᠤᠨ ᠣᠢ ᠳᠤ ᠵᠤᠷᠢᠭᠤᠯᠤᠨ 《ᠭᠦᠯᠤᠨ ᠪᠣᠢ᠌ᠷ ᠤᠨ ᠥᠭᠡᠯᠡᠳ ᠤᠨ ᠰᠤᠶᠤᠯ ᠳᠡᠦᠭᠡ ᠶᠢᠨ ᠮᠠᠲ᠋ᠸᠷᠢᠶᠠᠯ》 ᠭᠡᠭᠦ ᠨᠤᠮ ᠨᠠᠢ᠌ᠷᠠᠭᠤᠯᠤᠨ ᠭᠡᠪᠯᠡᠭᠦᠯᠵᠤ ᠤᠩᠰᠢᠭ᠍ᠴᠢᠳ ᠣᠯᠠᠨ ᠲᠡᠶ ᠨᠢᠭᠤᠷ ᠵᠤᠯᠭᠠᠭᠰᠠᠨ ᠪᠠᠢ᠌ᠨ᠎ᠠ᠃

ᠣᠷᠴᠢᠮ ᠤᠨ ᠵᠢᠯ ᠳᠤ ᠥᠭᠡᠯᠡᠳ ᠤᠨ ᠰᠤᠶᠤᠯ ᠳᠡᠦᠭᠡ ᠰᠤᠳᠤᠯᠬᠤ ᠨᠡᠢ᠌ᠭᠡᠮᠯᠢᠭ᠌ 《ᠪᠦᠭᠦ ᠣᠯᠤᠰ ᠤᠨ ᠤᠢ᠌ᠷᠠᠤᠨ ᠮᠤᠩᠭ᠋ᠤᠯ ᠤᠨ ᠳᠡᠦᠭᠡ ᠰᠤᠶᠤᠯ ᠤᠨ ᠰᠤᠳᠤᠯᠭᠠᠨ ᠤ ᠬᠤᠷᠠᠯ》 ᠳ᠋ᠤ ᠢᠳᠠᠪᠭᠢᠳᠠᠢ ᠣᠷᠤᠯᠴᠠᠨ᠂ ᠭᠡᠳᠤᠨ ᠬᠤᠪᠢ ᠡᠷᠳᠡᠮ ᠰᠢᠡᠵᠢᠯᠡᠭᠡᠨ ᠤ ᠥᠭᠦᠯᠡᠯ ᠶᠢᠡᠨ ᠳᠡᠪᠰᠢᠭᠦᠯᠵᠤ ᠬᠤᠷᠠᠯ ᠳᠤ ᠣᠷᠤᠯᠴᠠᠭᠰᠠᠨ ᠡᠷᠳᠡᠮᠳᠡᠨ ᠰᠤᠳᠤᠯᠭᠠᠳᠠᠨ ᠤ ᠰᠠᠢ᠌ᠨ ᠦᠨᠡᠯᠠᠯᠳᠠ ᠶᠢ ᠣᠯᠵᠠᠢ᠃

2003 ᠣᠨ ᠳᠤ ᠳᠦᠷᠪᠠᠳᠦᠭᠡᠷ ᠬᠤᠭᠤᠴᠠᠭᠠᠨ ᠤ ᠪᠦᠭᠦ ᠣᠯᠤᠰ ᠤᠨ ᠤᠢ᠌ᠷᠠᠤᠨ ᠮᠤᠩᠭ᠋ᠤᠯ ᠤᠨ ᠳᠡᠦᠭᠡ ᠰᠤᠶᠤᠯ ᠤᠨ ᠰᠤᠳᠤᠯᠭᠠᠨ ᠤ ᠬᠤᠷᠠᠯ ᠬᠦᠬᠡ‍ᠨᠠᠭᠤᠷ ᠮᠤᠵᠢ ᠳᠤ ᠶᠠᠪᠣᠭᠳᠠᠪᠠ᠃ ᠥᠭᠡᠯᠡᠳ ᠢ ᠰᠤᠳᠤᠯᠬᠤ ᠨᠡᠢ᠌ᠭᠡᠮᠯᠢᠭ᠌ ᠤᠨ ᠳᠠᠷᠤᠭ᠎ᠠ ᠭᠤᠠᠴᠤᠭ ᠳᠠᠳ᠋ ᠳᠠᠷᠤᠭ᠎ᠠ ᠭᠠᠯᠳᠠᠨ ᠪᠣᠯᠤᠨ ᠭᠤᠩᠭ᠋ᠤᠷᠵᠠᠪ ᠬᠤᠷᠠᠯ ᠳᠤ ᠣᠷᠤᠯᠴᠠᠨ᠂ ᠭᠤᠠᠴᠤᠭ ᠨᠥᠭᠦᠷ ᠡᠨᠡ ᠣᠳᠠᠭᠠᠨ ᠤ ᠬᠤᠷᠠᠯᠳᠤᠭᠠᠨ ᠳᠤ ᠠᠷᠪᠠᠨ ᠭᠤᠷᠪᠠᠨ ᠰᠢᠨ᠎ᠠ ᠣᠳᠤᠷᠢᠳᠬᠤ ᠪᠦᠷᠢᠯᠳᠦᠭᠦᠨ ᠤ ᠨᠢᠭᠡ ᠪᠠᠷ ᠰᠤᠩᠭ᠋ᠤᠭᠳᠠᠪᠠ᠃ (ᠭᠤᠠᠴᠤᠭ ᠳᠠᠷᠤᠭ᠎ᠠ ᠶᠢᠨ ᠰᠤᠷᠪᠣᠯᠵᠢᠯᠭ᠎ᠠ)᠃

ᠰᠤᠶᠤᠯ ᠶᠢᠡᠷ ᠬᠤᠰᠢᠭᠤ ᠪᠠᠨ ᠮᠠᠠᠳᠤᠭᠤᠯᠬᠤ ᠣᠷᠢᠶᠠᠯᠠᠭ᠎ᠠ ᠶᠢᠨ ᠳᠤᠤᠷ᠎ᠠ ᠥᠭᠡᠯᠡᠳ ᠤᠨ ᠳᠡᠦᠭᠡ ᠰᠤᠶᠤᠯ ᠰᠤᠳᠤᠯᠬᠤ ᠨᠡᠢ᠌ᠭᠡᠮᠯᠢᠭ᠌ ᠤᠨ ᠭᠢᠨ ᠰᠢᠠᠵᠢᠶᠠᠩ ᠤᠨ ᠣᠷᠠᠨ ᠰᠠᠢ᠌ᠬᠠᠨ ᠤ ᠪᠦᠯᠭᠦᠮ ᠤᠨ ᠣᠯᠤᠰ ᠤᠨ ᠨᠢᠭᠡᠳᠦᠭᠡᠷ ᠳᠠᠰ ᠤᠨ ᠳᠤᠭᠯᠠᠭᠴᠢ ᠣᠨᠢᠶᠠ ᠨᠥᠭᠦᠷ ᠢ ᠭᠦᠯᠤᠨ ᠪᠣᠢ᠌ᠷ ᠤᠨ ᠧᠡᠩᠭᠢ ᠬᠤᠰᠢᠭᠤᠨ ᠤ ᠢᠮᠢᠨ ᠰᠤᠮᠤᠨ ᠳᠤ ᠣᠷᠢᠨ ᠠᠪᠴᠢᠷᠠᠵᠤ᠂ ᠡ᠊ᠨᠳᠡᠭᠢ ᠮᠠᠯᠴᠢᠨ ᠵᠠᠯᠠᠭᠤᠴᠤᠳ ᠲᠤ ᠥᠭᠡᠯᠡᠳ ᠤᠨ ᠨᠠᠢ᠌ᠳᠠ ᠶᠢᠨ ᠪᠦᠵᠢᠭ᠌ ᠰᠠᠪᠠᠷᠳᠠᠩ ᠪᠣᠯᠤᠨ ᠰᠤᠬᠠᠢ ᠮᠤᠳᠤᠨ ᠤ ᠬᠠᠢ᠌ᠷ᠎ᠠ ᠭᠡᠳᠡᠭ᠌ ᠦᠨᠳᠦᠰᠦᠳᠠᠨ ᠤ ᠪᠦᠵᠢᠭ᠌ ᠵᠢᠭᠠᠯᠠᠭᠠᠪᠠ᠃

ᠰᠡᠭᠦᠯᠡᠷ ᠨᠢ ᠡᠨᠡᠭᠦ ᠭᠣᠢ᠌ᠳᠠ ᠰᠠᠢ᠌ᠬᠠᠨ ᠪᠦᠵᠢᠭ᠌ ᠨᠢ ᠬᠠᠪᠣᠷ ᠤᠨ ᠥᠩᠭᠡ ᠪᠠᠷ ᠪᠢᠯᠬᠠᠭᠰᠠᠨ ᠥᠭᠡᠯᠡᠳ ᠨᠤᠳᠤᠭ ᠤᠨ ᠣᠷᠠᠯᠢᠭ ᠤᠨ ᠳᠠᠢ᠌ᠰᠠ ᠳᠡᠭᠡᠷ᠎ᠡ ᠬᠤᠷᠴᠠ ᠰᠤᠷᠭᠤᠭ ᠰᠢᠨ᠎ᠠ ᠦᠵᠡᠮᠵᠢ ᠶᠢ ᠨᠡᠮᠡᠭ᠍ᠳᠡᠭᠦᠯᠦᠭ᠍ᠰᠡᠨ ᠪᠠᠢ᠌ᠨ᠎ᠠ᠃ ᠡᠨᠡᠭᠦ ᠪᠦᠵᠢᠭ᠌ ᠨᠢ 2004 ᠣᠨ ᠳᠤ ᠪᠦᠭᠦ ᠬᠤᠳᠠ ᠶᠢᠨ ᠮᠤᠩᠭ᠋ᠤᠯ ᠪᠦᠵᠢᠭ᠌ ᠤᠨ ᠣᠷᠤᠯᠳᠤᠭᠠᠨ ᠳᠤ ᠰᠤᠩᠭ᠋ᠤᠭᠳᠠᠨ ᠣᠷᠤᠯᠴᠠᠵᠤ᠂ ᠭᠤᠷᠪᠠᠳᠤᠭᠠᠷ ᠳᠠᠰ ᠤᠨ ᠱᠠᠩᠨᠠᠯ ᠭᠦᠷᠳᠡᠪᠡ᠃

ᠥᠭᠡᠯᠡᠳ ᠮᠤᠩᠭ᠋ᠤᠯ ᠤᠨ ᠰᠤᠶᠤᠯ ᠳᠡᠦᠭᠡ ᠰᠤᠳᠤᠯᠬᠤ ᠨᠡᠢ᠌ᠭᠡᠮᠯᠢᠭ᠌ ᠪᠠᠢ᠌ᠭᠤᠯᠤᠭᠳᠠᠭᠰᠠᠨ 20 ᠵᠢᠯ ᠤᠨ ᠬᠠᠪᠣᠷ ᠨᠠᠮᠤᠷ ᠢ ᠥᠩᠭᠡᠷᠡᠭᠦᠯᠭᠦ ᠳᠡᠭᠡᠨ ᠡᠨᠡ ᠨᠤᠳᠤᠭ ᠤᠨ ᠶᠢᠡᠨ ᠡᠯᠢᠭᠡᠨ ᠳᠤ ᠡᠯ᠎ᠡ ᠦᠨᠳᠦᠰᠦᠳᠠᠨ ᠶᠠᠰᠤᠳᠠᠨ ᠲᠡᠶ ᠠᠳᠠᠯᠢᠬᠠᠨ ᠶᠢᠡᠷ ᠴᠠᠭ ᠡᠷᠡᠨ ᠤ ᠭᠦᠭ᠍ᠵᠢᠯᠳᠡ ᠲᠡᠶ ᠠᠯᠬᠤᠭ᠎ᠠ ᠪᠠᠨ ᠨᠢᠭᠡᠳᠭᠡᠵᠤ᠂ ᠦᠨᠳᠦᠰᠦᠳᠠ ᠤ ᠰᠤᠶᠤᠯ ᠳᠡᠦᠭᠡ᠂ ᠤᠳᠬ᠎ᠠ ᠰᠤᠶᠤᠯ ᠤᠨ ᠡᠷᠳᠡᠨᠢᠰ ᠤᠨ ᠰᠠᠩ ᠳᠤ ᠨᠠᠮᠠᠷᠢ ᠬᠠᠠᠳᠢᠪ ᠶᠢᠡᠨ ᠡᠷᠭᠦᠵᠤ ᠶᠠᠪᠣᠨ᠎ᠠ᠃


ᠳᠤᠯᠤᠳᠤᠭᠠᠷ ᠭᠡᠰᠡᠭ᠌᠂ ᠳᠡᠭᠦᠰᠭᠡᠯ


(ᠳᠤᠩᠭ᠋ᠠᠯᠠᠭ ᠢᠮᠢᠨ ᠊᠊᠊᠊᠊᠊᠊᠊᠊᠊᠊᠊᠊᠊᠊ ᠰᠡᠳᠭᠢᠯ ᠠᠷᠭᠠᠮᠵᠢᠭᠰᠠᠨ ᠨᠤᠳᠤᠭ)

ᠵᠢᠷᠤᠭ ᠥᠵᠡᠭ᠍ᠳᠡᠯ 24᠂ ⑴ ᠢᠮᠢᠨ ᠭᠤᠤᠯ ᠤᠨ ᠳᠦᠷᠪᠠᠨ ᠣᠯᠠᠷᠢᠯ ᠤᠨ ᠭᠤᠶᠠᠳᠠ ᠰᠠᠢ᠌ᠬᠠᠨ ᠥᠵᠡᠭ᠍ᠳᠡᠯ᠃ ⑵ ᠢᠮᠢᠨ ᠰᠤᠮᠤ ᠪᠠᠢ᠌ᠭᠤᠯᠤᠭᠳᠠᠬᠤ ᠦᠶ᠎ᠡ ᠶᠢᠨ ᠪᠢᠴᠢᠭ᠌ ᠮᠠᠲ᠋ᠸᠷᠢᠶᠠᠯ᠂ ᠰᠤᠮᠤᠨ ᠤ ᠪᠦᠭᠦ ᠥᠵᠡᠭ᠍ᠳᠡᠯ᠃ ⑶ ᠪᠦᠭᠦ ᠣᠯᠤᠰ ᠤᠨ ᠦᠨᠳᠦᠰᠦᠳᠠᠨ ᠤ ᠪᠦᠯᠭᠦᠮᠳᠡᠯ ᠳᠠᠪᠰᠢᠯᠳᠠ ᠶᠢᠨ ᠳᠡᠷᠢᠭᠦᠨ ᠤ ᠱᠠᠩᠨᠠᠯ᠃

ᠳᠠᠢ᠌ᠯᠪᠣᠷᠢ ᠥᠭᠡᠰ᠄ ᠣᠷᠤᠰᠬᠠᠯ ᠳᠤᠩᠭ᠋ᠠᠯᠠᠭ ᠭᠤᠤᠯ᠂ ᠪᠣᠳᠤᠯ ᠴᠢᠯᠭᠢᠠᠭᠤᠯᠤᠭᠰᠠᠨ ᠬᠠᠢ᠌ᠷ᠎ᠠ᠂ ᠨᠤᠳᠤᠭ ᠤᠨ ᠮᠢᠨᠢ ᠰᠠᠢ᠌ᠬᠠᠨ ᠡᠨᠡ ᠭᠤᠤᠯ ᠳᠠᠭᠤᠯᠠᠨ ᠪᠠᠢ᠌ᠵᠤ ᠣᠷᠤᠰᠬᠤ ᠳᠠᠭᠠᠨ ᠰᠠᠨᠠᠭ᠎ᠠ ᠰᠠᠢ᠌ᠬᠠᠨ ᠮᠠᠯᠴᠢᠨ ᠲᠦᠮᠡᠨ᠂ ᠳᠠᠷᠭᠤ ᠰᠠᠢ᠌ᠳᠠᠢ ᠮᠠᠯ ᠰᠦᠷᠦᠭ᠌ ᠳᠤᠨᠢ ᠷᠠᠰᠢᠶᠠᠨ ᠣᠮᠳᠠ ᠪᠣᠯᠵᠤ᠂ ᠡᠷᠭᠢ ᠳ᠋ᠤᠨᠢ ᠡᠭᠡᠨᠢᠭ᠍ᠰᠢᠭ᠍ᠰᠡᠨ ᠮᠠᠯᠴᠢᠳ ᠤᠨ ᠠᠮᠢᠳᠤᠷᠠᠯ ᠬᠠᠢ᠌ᠷ᠎ᠠ ᠶᠢ ᠪᠠᠭᠳᠠᠭᠠᠨ ᠥᠭᠡᠯᠡᠳ ᠮᠤᠩᠭ᠋ᠤᠯ ᠶᠠᠰᠤᠳᠠᠨ ᠤ ᠵᠢᠷᠭᠠᠯᠳᠠᠢ ᠠᠮᠢᠳᠤᠷᠠᠯ ᠢ ᠨᠢ ᠲᠠᠭᠠᠨ ᠪᠠᠶᠠᠰᠴᠤ᠂ ᠴᠠᠪᠠᠷ ᠴᠢᠷᠠᠢ᠂ ᠭᠤᠶᠤ ᠳᠦᠷᠭᠦ᠂ ᠡᠪᠳᠡᠢ ᠰᠠᠢ᠌ᠬᠠᠨ ᠬᠤᠪᠴᠠᠰᠤ ᠵᠠᠰᠠᠯ ᠳᠤᠨᠢ ᠪᠣᠯᠤᠷ ᠳᠤᠯᠢ ᠪᠣᠯᠵᠤ ᠮᠠᠯᠮᠠᠯᠵᠢᠨ᠎ᠠ᠃ ᠡᠨᠡ ᠪᠣᠯ ᠮᠠᠨ ᠤ ᠣᠤᠭᠤᠭᠰᠠᠨ ᠣᠰᠤ ᠣᠨᠠᠭᠰᠠᠨ ᠰᠢᠷᠤᠢ ᠬᠤᠯᠠ ᠤᠢ᠌ᠷ᠎ᠡ ᠳᠠᠭᠠᠨ ᠠᠯᠳᠠᠷᠰᠢᠭᠰᠠᠨ ᠢᠮᠢᠨ ᠭᠤᠤᠯ ᠶᠤᠮᠰᠠᠨ᠃ ᠪᠠᠶᠠᠨ ᠳᠠᠠᠰᠤᠭ ᠪᠠᠢ᠌ᠭᠠᠯᠢ ᠶᠢᠨ ᠡᠨᠡᠭᠦ ᠭᠤᠤᠯ ᠮᠠᠨᠢ ᠭᠤᠶᠤ ᠭᠠᠩᠭ᠋ᠠᠩ ᠦᠵᠡᠮᠵᠢ ᠪᠠᠷ ᠶᠢᠡᠨ ᠡᠨᠡ ᠨᠤᠳᠤᠭ ᠲᠠᠭᠠᠨ ᠠᠯᠳᠠᠷ ᠨᠠᠷ᠎ᠠ ᠲᠡᠶ ᠴᠤ ᠰᠠᠢ᠌ᠬᠠᠨ ᠭᠤᠤᠯ ᠤᠨ ᠠᠯᠳᠠᠷ ᠢ ᠡᠷᠭᠦᠨ ᠠᠵᠠ ᠵᠢᠷᠭᠠᠯ ᠢ ᠳᠠᠭᠤᠷᠢᠰᠤᠭᠤᠯᠵᠤ ᠶᠠᠪᠣᠭ᠎ᠠ ᠨᠢ ᠬᠠᠰᠢᠯᠠ ᠢᠮᠢᠨ ᠨᠤᠳᠤᠭ ᠤᠨ ᠣᠯᠤᠰ ᠳᠦᠷᠤ᠂ ᠠᠵᠤ ᠠᠬᠤᠢ᠂ ᠰᠤᠶᠤᠯ ᠤᠨ ᠴᠢᠬᠤᠯᠠ ᠰᠠᠭᠤᠷᠢᠨ ᠭᠠᠵᠠᠷ ᠪᠣᠯᠬᠤ ᠢᠮᠢᠨ ᠰᠤᠮᠤ ᠪᠣᠯᠬᠤ ᠶᠤᠮ᠃ ᠢᠮᠢᠨ ᠰᠤᠮᠤ 1948 ᠣᠨ ᠳᠤ ᠪᠠᠢ᠌ᠭᠤᠯᠤᠭᠳᠠᠵᠠᠢ᠂ ᠪᠦᠭᠦ ᠣᠷᠤᠨ ᠳᠤ ᠬᠠᠮᠤᠭ ᠳᠦᠷᠦᠭᠦᠨ ᠪᠠᠢ᠌ᠭᠤᠯᠤᠭᠳᠠᠭᠰᠠᠨ ᠰᠤᠮᠤ ᠪᠣᠯᠤᠨ᠎ᠠ᠃

ᠢᠮᠢᠨ ᠥᠭᠡᠯᠡᠳ ᠮᠤᠩᠭ᠋ᠤᠯ ᠦᠨᠳᠦᠰᠦᠳᠠᠨ ᠶᠢᠡᠷ ᠭᠤᠤᠯ ᠪᠣᠯᠭᠠᠵᠤ᠂ ᠧᠡᠩᠭᠢ᠂ ᠳᠠᠭᠤᠷ᠂ ᠭᠢᠳᠠᠤᠨ᠂ ᠮᠠᠠᠵᠤ᠂ ᠣᠷᠴᠤᠨ᠂ ᠰᠤᠯᠤᠩᠭ᠋ᠤᠰ ᠵᠡᠷᠭᠡ ᠳᠤᠯᠤᠭᠠᠨ ᠦᠨᠳᠦᠰᠦᠳᠠᠨ ᠶᠢᠡᠷ ᠪᠦᠷᠢᠯᠳᠦᠭ᠍ᠰᠡᠨ᠂ ᠪᠦᠭᠦ ᠣᠯᠤᠰ ᠤᠨ ᠦᠨᠳᠦᠰᠦᠳᠠᠨ ᠤ ᠪᠦᠯᠭᠦᠮᠳᠡᠯ ᠳᠠᠪᠰᠢᠯᠳᠠ ᠶᠢᠨ ᠳᠡᠷᠢᠭᠦᠨ ᠤ ᠰᠤᠮᠤ ᠪᠣᠯᠬᠤ ᠶᠤᠮ᠃

ᠭᠦᠯᠤᠨ ᠪᠣᠢ᠌ᠷ ᠬᠤᠳᠠ ᠶᠢᠨ ᠧᠡᠩᠭᠢ ᠬᠤᠰᠢᠭᠤᠨ ᠤ ᠢᠮᠢᠨ ᠰᠤᠮᠤ ᠪᠣᠯ ᠥᠭᠡᠯᠡᠳ ᠮᠤᠩᠭ᠋ᠤᠯ ᠶᠠᠰᠤᠳᠠᠨ ᠳᠦᠪᠯᠡᠷᠡᠭ᠍ᠰᠡᠨ ᠴᠤᠯ ᠮᠠᠵᠢᠬᠤ ᠰᠤᠮᠤ ᠪᠣᠯᠤᠨ᠎ᠠ᠃ ᠢᠮᠢᠨ ᠰᠤᠮᠤ ᠬᠤᠰᠢᠭᠤᠨ ᠤ ᠪᠠᠨ ᠡᠮᠦᠨ᠎ᠡ ᠭᠡᠰᠡᠭ᠌ ᠲᠤ᠂ ᠶᠡᠭᠡ ᠭᠢᠩᠭ᠋ᠠᠨ ᠳᠠᠪᠠᠭᠠᠨ ᠤ ᠠᠷᠤ᠂ ᠳᠡᠯᠡᠭᠡᠢ ᠳᠤ ᠠᠯᠳᠠᠷᠰᠢᠭᠰᠠᠨ ᠳᠦᠷᠪᠠᠨ ᠶᠡᠭᠡ ᠦᠩ ᠰᠢᠮᠡᠯᠢᠭ᠌ ᠪᠠᠯᠴᠢᠭᠡᠷ ᠳᠠᠯ᠎ᠠ ᠨᠤᠳᠤᠭ ᠤᠨ ᠨᠢᠭᠡ ᠪᠣᠯᠬᠤ ᠭᠦᠯᠤᠨ ᠪᠣᠢ᠌ᠷ ᠤᠨ ᠳᠠᠯ᠎ᠠ ᠨᠤᠳᠤᠭ ᠤᠨ ᠵᠡᠭᠦᠨ ᠡᠮᠦᠨ᠎ᠡ ᠳᠠᠯ᠎ᠠ ᠳᠤ ᠪᠠᠢ᠌ᠷᠢᠰᠢᠨ᠂ ᠬᠤᠯᠠ ᠤᠢ᠌ᠷ᠎ᠡ ᠳᠠᠭᠠᠨ ᠠᠯᠳᠠᠷᠳᠠᠢ ᠰᠠᠢ᠌ᠬᠠᠨ ᠨᠤᠳᠤᠭ ᠶᠤᠮ᠃ ᠡᠨᠡ ᠰᠠᠢ᠌ᠬᠠᠨ ᠨᠤᠳᠤᠭ ᠲᠤ ᠬᠤᠷᠸ᠎ᠠ ᠶᠢᠨ ᠠᠯᠢ ᠴᠤ ᠣᠯᠠᠷᠢᠯ ᠠᠯᠭᠠᠰᠠᠯ ᠦᠭᠡᠶ ᠰᠠᠭᠠᠳᠠᠨ᠎ᠠ᠃

ᠮᠦᠩᠭᠦᠨ ᠴᠠᠭᠠᠨ ᠡᠪᠦᠯ ᠤᠨ ᠣᠯᠠᠷᠢᠯ᠂

ᠠᠯᠠᠭ ᠵᠡᠷᠭᠡᠯᠭᠡᠨ ᠲᠡᠶ ᠬᠠᠪᠣᠷ᠂

ᠮᠥᠩᠭᠡ ᠨᠤᠭᠤᠭᠠᠨ ᠵᠤᠨ᠂

ᠠᠯᠳᠠᠨ ᠰᠢᠷᠭᠠᠯ ᠨᠠᠮᠤᠷ᠃

ᠡᠨᠡ ᠨᠤᠳᠤᠭ ᠲᠤ ᠠᠯᠢ ᠨᠢ ᠴᠤ ᠬᠤᠴᠤᠷᠤᠯ ᠦᠭᠡᠶ᠂ ᠬᠤᠷᠸ᠎ᠠ ᠶᠢᠨ ᠳᠦᠷᠪᠠᠨ ᠣᠯᠠᠷᠢᠯ ᠲᠡᠩᠴᠡᠬᠦᠭᠡᠨ ᠰᠤᠯᠢᠭᠳᠠᠳᠠᠭ᠃ ᠨᠠᠩ ᠣᠠᠴᠤᠭᠣᠢ᠌ᠯᠠᠨ ᠵᠤᠨ ᠤ ᠰᠠᠢ᠌ᠬᠠᠨ ᠣᠯᠠᠷᠢᠯ ᠳᠤ ᠮᠠᠯᠮᠠᠯᠵᠢᠨ ᠣᠷᠤᠰᠬᠤ ᠢᠮᠢᠨ ᠭᠤᠤᠯ ᠰᠠᠮᠪᠠᠢ ᠬᠠᠳᠠᠭ ᠰᠢᠭ ᠭᠡᠯᠭᠢᠯᠡᠨ ᠣᠷᠤᠰᠠᠬᠤ ᠪᠦᠭᠡᠳ ᠢᠮᠢᠨ ᠰᠤᠮᠤ ᠶᠢᠨ ᠵᠡᠭᠦᠨ ᠳᠠᠯ᠎ᠠ ᠪᠠᠷ ᠥᠩᠭᠡᠷᠡᠨ᠂ ᠣᠳᠤ ᠢᠷᠡᠭᠡᠳᠦᠢ ᠶᠢ ᠣᠶᠠᠩᠭ᠋ᠠᠯᠠᠬᠤ ᠮᠠᠳᠤ ᠴᠡᠭᠡᠯᠭᠡᠨ ᠳᠤᠩᠭ᠋ᠠᠯᠠᠭ ᠶᠢᠡᠷ ᠳᠠᠢ᠌ᠪᠣᠭᠤᠬᠠᠨ ᠮᠢᠷᠠᠯᠵᠢᠨ᠎ᠠ᠃

ᠭᠦᠯᠤᠨ ᠪᠣᠢ᠌ᠷ ᠬᠤᠳᠠ ᠶᠢᠨ ᠬᠠᠷᠢᠶ᠎ᠠ ᠬᠤᠩᠭ᠋ᠤᠯᠵᠢ ᠣᠢ ᠰᠢᠭᠤᠢ ᠶᠢᠨ ᠳᠤᠪᠴᠢᠶ᠎ᠠ᠂ ᠳᠠᠷᠤᠢ ᠢᠮᠢᠨ ᠰᠤᠮᠤᠨ ᠤ ᠨᠤᠳᠤᠭ ᠲᠤ ᠪᠠᠢ᠌ᠷᠢᠯᠠᠵᠤ ᠪᠠᠢ᠌ᠳᠠᠭ ᠳᠡᠯᠡᠭᠡᠢ ᠳᠤ ᠨᠠᠷ᠎ᠠ ᠠᠯᠳᠠᠷᠰᠢᠭᠰᠠᠨ 《ᠨᠤᠮᠢᠨ ᠨᠤᠭᠤᠭᠠᠨ ᠠᠷᠢᠭᠤᠨ ᠨᠤᠳᠤᠭ》 ᠭᠡᠳᠡᠭ᠌ ᠨᠢ ᠳᠠᠷᠤᠢ ᠢᠮᠢᠨ ᠰᠤᠮᠤᠨ ᠤ ᠳᠡᠯᠭᠡᠷ ᠰᠠᠢ᠌ᠬᠠᠨ ᠨᠤᠳᠤᠭ ᠢ ᠵᠢᠭᠠᠵᠤ ᠪᠣᠢ᠃ ᠡ᠊ᠨᠳᠡ ᠠᠭᠤᠯᠠ ᠳᠠᠪᠠᠭ᠎ᠠ ᠦᠷᠭᠦᠯᠵᠢᠯᠡᠨ᠂ ᠨᠠᠷᠠᠰᠤᠨ ᠰᠢᠭᠤᠢ ᠪᠦᠷᠭᠦᠨ᠂ ᠠᠭᠤᠳᠠᠮ ᠭᠦᠡᠳᠡᠢ ᠦᠷᠭᠡᠨ ᠪᠠᠯ ᠶᠢᠡᠷ ᠨᠢ ᠣᠯᠢᠶᠠᠰᠤ ᠬᠠᠢ᠌ᠯᠠᠰᠤ ᠪᠠᠭᠰᠢᠷᠠᠨ᠂ ᠬᠤᠷᠮᠤᠢ ᠵᠢᠯᠠᠭ᠎ᠠ ᠪᠠᠷ ᠨᠢ ᠦᠷᠢᠯ ᠮᠣᠢ᠌ᠯ ᠢᠭᠴᠤᠷᠠᠭᠰᠠᠨ᠂ ᠦᠩ ᠰᠢᠮᠯᠢᠭ᠌ ᠠᠭᠤᠳᠠᠮ ᠡᠨᠡ ᠰᠠᠢ᠌ᠬᠠᠨ ᠨᠤᠳᠤᠭ ᠲᠤ ᠥᠭᠡᠯᠡᠳᠴᠥᠳ ᠦᠶ᠎ᠡ ᠣᠯᠠᠷᠢᠨ ᠠᠵᠢᠯᠯᠠᠵᠤ ᠭᠦᠳᠡᠯᠮᠦᠷᠢᠯᠡᠨ ᠠᠵᠤ ᠳᠦᠷᠤᠵᠤ᠂ 《ᠨᠡᠭᠦᠳᠡᠯ ᠰᠤᠶᠤᠯ》 ᠊ᠤᠨ ᠪᠠᠶᠠᠨ ᠦᠪ ᠲᠤ ᠭᠦᠷᠦᠩᠭᠡ ᠨᠠᠮᠠᠷᠢᠯᠠᠨ ᠭᠦᠮᠤᠨ ᠪᠠᠢ᠌ᠭᠠᠯᠢ ᠶᠢᠨ ᠡᠶ᠎ᠡ ᠵᠤᠭᠢᠴᠠᠯᠳᠤᠯ ᠢ ᠡᠷᠭᠢᠮᠯᠡᠨ ᠦᠪᠡᠷᠮᠢᠴᠠ ᠣᠠᠴᠠᠯᠢᠭ ᠪᠦᠭᠦᠢ ᠠᠮᠢᠳᠤᠷᠠᠯ ᠣᠢ᠌ᠯᠠᠳᠪᠣᠷᠢᠯᠠᠯ ᠤᠨ ᠳᠤᠷᠰᠢᠯᠭ᠎ᠠ ᠶᠢ ᠡᠭᠦᠳᠤᠨ ᠪᠦᠳᠦᠭᠡᠵᠤ᠂ ᠦᠨᠳᠦᠰᠦᠳᠠᠨ ᠶᠠᠰᠤᠳᠠᠨ ᠤ ᠪᠠᠨ ᠨᠠᠷ᠎ᠠ ᠠᠯᠳᠠᠷ ᠶᠢᠡᠨ ᠳᠠᠭᠤᠷᠢᠰᠤᠭᠤᠯᠤᠨ 277 ᠵᠢᠯ ᠤᠨ ᠳᠡᠦᠭᠡ ᠲᠡᠶ ᠪᠣᠯᠵᠠᠢ᠃

ᠭᠦᠭᠡ ᠣᠭᠳᠠᠷᠠᠭᠤᠢ ᠴᠡᠩᠭᠡᠷᠯᠡᠨ᠂ ᠭᠦᠭᠡᠮᠳᠦᠭ᠌ ᠳᠠᠯ᠎ᠠ ᠨᠡᠯᠥᠢᠭ᠍ᠰᠡᠨ ᠢᠮᠢᠨ ᠨᠤᠳᠤᠭ᠂ ᠭᠡᠳᠥᠢᠪᠠᠷ ᠶᠡᠭᠡ ᠭᠢᠩᠭ᠋ᠠᠨ ᠳᠠᠪᠠᠭᠠᠨ ᠤ ᠠᠷᠤ ᠪᠠᠯ ᠳᠤ ᠪᠠᠢ᠌ᠷᠢᠰᠢᠵᠤ ᠪᠠᠢ᠌ᠭ᠎ᠠ ᠪᠣᠯᠪᠠᠴᠤ᠂ ᠪᠣᠢ᠌ᠳᠠ ᠪᠦᠭᠯᠡᠭᠦᠤ ᠪᠢᠰᠢ ᠬᠠᠷᠢᠨ ᠬᠠᠢ᠌ᠯᠠᠷ ᠡᠴᠠ ᠴᠠᠷᠳᠠᠮᠠᠯ ᠵᠠᠮ ᠰᠢᠭᠤᠳ ᠨᠠᠪᠳᠠᠷᠠᠵᠤ ᠣᠳᠤ ᠦᠶ᠎ᠡ ᠶᠢᠨ ᠴᠢᠮᠡᠭᠡ ᠬᠠᠷᠢᠯᠴᠠᠭ᠎ᠠ ᠨᠡᠪᠳᠡᠷᠡᠭ᠍ᠰᠡᠨ ᠪᠠᠢ᠌ᠳᠠᠭ᠃

ᠰᠤᠶᠤᠯᠳᠤ ᠨᠤᠳᠤᠭ ᠤᠨ ᠢᠮᠢᠠᠴᠤᠳ ᠵᠤᠴᠢᠠᠰᠠᠭ ᠬᠠᠯᠠᠭᠤᠨ ᠮᠦᠰᠢᠶᠠᠯ᠂ ᠬᠠᠨᠠᠭᠠᠷ ᠠᠭᠤᠳᠠᠮ ᠴᠡᠭᠡᠵᠢ᠂ ᠪᠣᠯᠪᠠᠰᠤᠨ ᠰᠠᠢ᠌ᠬᠠᠨ ᠵᠠᠩ ᠠᠷᠠᠠᠰᠢᠨ ᠶᠢᠡᠷ ᠶᠢᠡᠨ ᠳᠦᠷᠪᠠᠨ ᠵᠥᠭ᠌ ᠨᠢ᠋ᠮᠠᠨ ᠵᠤᠪᠭᠢᠰ ᠤᠨ ᠨᠠᠢ᠌ᠵᠠ ᠵᠤᠴᠢᠳ ᠶᠢᠡᠨ ᠪᠠᠶᠠᠷᠯᠠᠨ ᠣᠭᠳᠤᠨᠠᠮ᠃ ᠡᠨᠡ ᠨᠤᠳᠤᠭ ᠶᠢᠡᠷ ᠳᠤᠭᠤᠷᠢᠨ ᠦᠵᠡᠵᠤ ᠰᠤᠨᠢᠷᠬᠠᠭᠰᠠᠨ ᠴᠤ ᠳᠠᠷᠠ᠂ ᠪᠠᠯᠠ ᠣᠷᠤᠭᠤᠯᠤᠨ ᠳᠤᠷᠰᠢᠨ ᠠᠵᠢᠯᠯᠠᠭᠰᠠᠨ ᠴᠤ ᠳᠠᠷᠠ᠂ ᠢᠷᠡᠭ᠍ᠰᠡᠨ ᠵᠤᠴᠢᠨ ᠪᠦᠭᠦᠨ ᠢ ᠳᠠᠪᠠᠳᠠᠢ ᠮᠤᠷᠢᠯᠠᠭᠤᠯᠵᠤ᠂ ᠰᠠᠨᠠᠭᠰᠠᠨ ᠪᠣᠳᠤᠭᠰᠠᠨ ᠢ ᠨᠢ ᠰᠠᠭᠠᠤᠨ ᠦᠭᠡᠶ ᠪᠦᠳᠦᠭᠡᠵᠤ᠂ ᠡᠨᠡ ᠨᠤᠳᠤᠭ ᠶᠢᠡᠷ ᠢᠷᠡᠭ᠍ᠰᠡᠨ ᠪᠦᠭᠦᠨ 《ᠢᠮᠢᠨ ᠨᠤᠳᠤᠭ ᠨᠡᠭᠡᠷᠡᠨ ᠰᠠᠢ᠌ᠬᠠᠨ ᠨᠤᠳᠤᠭ᠂ ᠢᠮᠢᠨ ᠨᠤᠳᠤᠭ ᠤᠨ ᠭᠦᠮᠦᠰ ᠶᠤᠰᠤᠳᠠᠢ ᠵᠤᠴᠢᠠᠰᠠᠭ ᠰᠠᠢ᠌ᠬᠠᠨ》 ᠭᠡᠵᠤ ᠱᠠᠭᠰᠢᠬᠤ ᠶᠤᠮ᠃

ᠣᠷᠤᠰᠬᠠᠯ ᠳᠤᠩᠭ᠋ᠠᠯᠠᠭ ᠢᠮᠢᠨ ᠭᠤᠤᠯ ᠵᠢᠷᠤᠭ ᠰᠢᠭ ᠥᠵᠡᠭ᠍ᠳᠡᠨ᠂

ᠥᠩ ᠰᠢᠮᠡᠯᠢᠭ᠌ ᠳᠠᠩᠰᠤᠭ ᠳᠠᠯ᠎ᠠ ᠰᠡᠳᠭᠢᠯ ᠳᠤ ᠠᠷᠭᠠᠮᠵᠢᠭᠳᠠᠨ᠎ᠠ᠂

ᠥᠰᠭᠦ ᠡᠴᠠ ᠰᠤᠷᠤᠭᠰᠠᠨ ᠦᠨᠳᠦᠰᠦᠨ ᠭᠡᠯᠡ ᠮᠠᠷᠳᠠᠵᠤ ᠪᠣᠯᠤᠰᠢ ᠦᠭᠡᠶ ᠰᠤᠶᠤᠯ

ᠥᠭᠦᠳᠡᠯ᠎ᠡ ᠣᠷᠤᠰᠢᠬᠤ ᠳᠦᠷᠤᠯᠭᠢ ᠨᠤᠳᠤᠭ ᠰᠠᠯᠵᠤ ᠪᠣᠯᠤᠰᠢ ᠦᠭᠡᠶ ᠣᠷᠤᠨ᠃


(ᠵᠤᠭᠢᠶᠠᠯ ᠳᠡᠭᠦᠰᠴᠤ ᠭᠦᠰᠢᠭᠡ ᠬᠠᠭᠠᠭᠳᠠᠨ᠎ᠠ᠃ ᠳᠤᠰ ᠹᠢᠯᠢᠮ ᠨᠢ 2009 ᠣᠨ ᠳᠤ ᠪᠣᠯᠤᠭᠰᠠᠨ ᠪᠦᠭᠦ ᠣᠯᠤᠰ ᠤᠨ ᠤᠢ᠌ᠷᠠᠤᠨ ᠤᠨ ᠰᠤᠶᠤᠯ ᠳᠡᠦᠭᠡ ᠰᠤᠳᠤᠯᠬᠤ ᠳᠦᠷᠪᠠᠳᠦᠭᠡᠷ ᠣᠳᠠᠭᠠᠨ ᠤ ᠡᠷᠳᠡᠮ ᠰᠢᠯᠵᠢᠯᠭᠡᠨ ᠤ ᠬᠤᠷᠠᠯᠳᠤᠭᠠᠨ ᠳᠤ ᠣᠷᠤᠯᠴᠠᠭᠰᠠᠨ ᠭᠦᠮᠦᠰ ᠤᠨ ᠰᠠᠢ᠌ᠰᠢᠶᠠᠯ ᠮᠠᠭᠳᠠᠭᠠᠯ ᠢ ᠣᠯᠵᠤ ᠯᠠᠢ᠌ᠰᠸᠷ ᠳᠠᠪᠠᠭ ᠨᠢ ᠦᠷᠭᠡᠨ ᠶᠢᠡᠷ ᠳᠠᠷᠬᠠᠭᠠᠭᠳᠠᠪᠠ᠃)


ᠵᠤᠬᠢᠶᠠᠭᠴᠢ ᠶᠢᠨ ᠬᠠ‍‌ᠶᠢᠭ ᠄ ᠧᠡᠩᠭᠢ ᠶᠢᠨ ᠳᠸᠯᠸᠢᠰ ᠬᠤᠷᠢᠶ᠎ᠠ

ᠵᠤᠬᠢᠶᠠᠭᠴᠢ᠄ ᠥᠭᠡᠯᠡᠳ·ᠵᠠᠮᠰᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠤᠶᠤᠯ ᠣᠷᠠᠯᠢᠭ
ᠳᠠᠷᠤᠮ᠄ 7456
ᠴᠠᠭ᠄ 2012 ᠤᠨ ᠤ 01 ᠰᠠᠷ᠎ᠠ ᠶᠢᠨ 10
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ