ᠨᠡᠪᠲᠡᠷᠡᠨ ᠤᠷᠤᠬᠤ
ᠴᠠᠢ᠌ᠳᠠᠮ ᠤᠨ ᠳᠠᠯ᠎ᠠ

ᠵᠢᠩ ᠤᠨ ᠨᠠᠷᠠᠨ ᠳᠤ ᠵᠢᠪᠠᠷ ᠭᠦᠷᠭᠡᠵᠤ

ᠵᠢᠯᠵᠢᠨ ᠴᠠᠰᠤ ᠲᠡᠶ ᠥᠡᠵᠢᠳᠡᠭ᠌

ᠵᠢᠰᠦᠷᠭᠡᠭ᠌ ᠮᠥᠩᠭᠡ ᠬᠠᠢ᠌ᠷᠬᠠᠤᠨ ᠤᠨ ᠬᠤᠷᠮᠤᠢ

ᠴᠠᠢ᠌ᠳᠠᠮ ᠤᠨ ᠳᠠᠯ᠎ᠠ

ᠰᠤᠨᠤᠷᠯᠢᠭ ᠰᠤᠶᠤᠯᠵᠢᠭᠤᠨ ᠣᠯᠤᠰ ᠤᠨ

ᠰᠤᠳᠤᠯᠵᠤ ᠪᠠᠷᠠᠭᠠᠳᠤᠢ ᠣᠨᠢᠰᠤᠭ᠎ᠠ ᠬᠠᠳᠠᠭᠠᠯᠠᠭᠠᠰᠤᠳᠠᠢ

ᠰᠤᠨᠢᠨ ᠡᠷᠳᠡᠨᠢᠰ ᠤᠨ ᠠᠭᠤᠷᠬᠠᠢ ᠪᠣᠯᠠᠭᠳᠠᠭᠰᠠᠨ

ᠴᠠᠢ᠌ᠳᠠᠮ ᠤᠨ ᠳᠠᠯ᠎ᠠ

ᠳᠤᠰᠤᠨ ᠬᠠᠷ᠎ᠠ ᠵᠠᠮ ᠳᠡᠭ᠍ᠰᠢᠷᠡᠵᠤ ᠴᠢᠳᠠᠯ ᠦᠭᠡᠶ ᠮᠤᠷᠤᠢ᠌ᠳᠠᠭ

ᠳᠤᠮᠤᠭᠳᠤ ᠭᠡᠰᠡᠷ ᠤᠨ ᠴᠤᠯᠪᠣᠭᠤᠷ ᠰᠢᠭᠢᠦᠡᠭᠡᠭ᠍ᠰᠡᠨ

ᠳᠡᠦᠭᠡᠨ ᠥᠯᠢᠭᠡᠷᠳᠤ ᠰᠡᠭᠡᠷ ᠤᠨ ᠮᠤᠰᠭᠢᠭᠤ ᠲᠡᠶ

ᠴᠠᠢ᠌ᠳᠠᠮ ᠤᠨ ᠳᠠᠯ᠎ᠠ

ᠰᠡᠷᠪᠠᠯᠵᠡᠭᠦ ᠰᠠᠯᠭᠢᠨ ᠤ ᠠᠶᠠᠰ ᠣᠠᠳᠤᠷᠠᠭᠤᠯᠵᠤ

ᠰᠠᠤᠠᠭᠢᠯ ᠭᠦᠭ᠍ᠵᠢᠭᠡᠭᠦ ᠨᠤᠲ᠋ ᠴᠢᠪᠬᠠᠳᠠᠭᠠᠤᠨ

ᠰᠠᠢ᠌ᠬᠠᠨ ᠢᠷᠡᠭᠡᠳᠦᠢ ᠶᠢᠨ ᠵᠢᠷᠭᠠᠯ ᠬᠤᠷᠣᠢ᠌ᠯᠠᠭᠰᠠᠨ

ᠴᠠᠢ᠌ᠳᠠᠮ ᠤᠨ ᠳᠠᠯ᠎ᠠ

ᠳᠤᠩᠭ᠋ᠠᠯᠠᠭ ᠰᠠᠷᠠ ᠨᠢ ᠵᠢᠰᠤ ᠪᠠᠨ ᠳᠤᠯᠢᠳᠠᠨ ᠥᠡᠵᠢᠳᠡᠭ᠌

ᠳᠤᠯᠭ᠎ᠠ ᠭᠤᠷᠪᠠᠨ ᠨᠠᠭᠤᠷ ᠤᠨ ᠶᠢᠡᠨ ᠭᠦᠪᠠᠭᠡ ᠪᠠᠷ

ᠳᠠᠷᠬᠠᠨ ᠪᠠᠯᠴᠢᠭᠦ ᠳᠠᠪᠤᠨ ᠬᠤᠰᠢᠭᠤ ᠮᠠᠯ ᠶᠢᠡᠨ

ᠳᠤᠷᠭᠠᠨ ᠡᠪᠦᠷ ᠲᠡᠭᠡᠨ ᠥᠮᠴᠢᠷᠭᠡᠨ ᠡᠷᠭᠡᠯᠡᠭᠦᠯᠳᠡᠭ᠌

ᠴᠠᠢ᠌ᠳᠠᠮ ᠤᠨ ᠳᠠᠯ᠎ᠠ

ᠰᠤᠨᠢᠭᠤᠴᠢ ᠭᠦᠮᠦᠰ ᠤᠨ ᠦᠯᠦᠨ ᠬᠠᠷᠠᠴᠠᠨ ᠳᠤ

ᠰᠡᠪᠭᠢᠭᠦ ᠵᠠᠪ ᠦᠭᠡᠶ ᠡᠪᠦᠷ ᠶᠢᠡᠨ ᠠᠭᠤᠳᠠᠯᠠᠭᠤᠯᠵᠤ

ᠰᠥᠷᠦᠭ᠌ ᠭᠦᠷᠦᠭᠡᠰᠤ ᠪᠠᠨ ᠭᠤᠮᠤᠳᠠᠯ ᠲᠡᠶ ᠨᠡᠭᠦᠯᠭᠡᠭᠡᠤᠨ

ᠰᠥᠷᠡᠭᠡᠢ ᠡᠵᠡᠭᠦᠢᠷᠡᠭ᠍ᠰᠡᠨ

ᠴᠠᠢ᠌ᠳᠠᠮ ᠤᠨ ᠳᠠᠯ᠎ᠠ

ᠵᠦᠰᠠᠷ ᠪᠣᠷᠤᠭᠠᠨ ᠳᠤ ᠳᠠᠨᠠᠢ᠌ᠳᠠᠯ᠎ᠠ ᠳᠠᠪᠳᠠᠪᠠᠴᠤ

ᠵᠤᠨ ᠤ ᠰᠠᠭᠠᠯᠢ ᠶᠢᠨ ᠠᠭᠠᠭ ᠳᠤᠳᠠᠵᠤ ᠴᠠᠩᠭ᠋ᠠᠭᠠᠤᠨ

ᠵᠣᠢ᠌ᠯ ᠶᠢᠠᠷ ᠰᠢᠨᠡᠴᠢᠯᠡᠭ᠍ᠰᠡᠨ ᠰᠢᠨ᠎ᠠ ᠡᠷᠡᠨ ᠳᠤ

ᠵᠤᠯᠠᠮᠠᠯ ᠢᠰᠡᠭᠡᠢ ᠭᠡᠷ ᠶᠢᠡᠨ ᠥᠭᠡᠢ᠌ᠯᠡᠭᠡᠤᠨ ᠭᠤᠨᠢᠷᠬᠠᠭᠰᠠᠨ

ᠴᠠᠢ᠌ᠳᠠᠮ ᠤᠨ ᠳᠠᠯ᠎ᠠ

ᠠᠷᠢᠭᠤᠨ ᠰᠦᠰᠦᠳᠤ ᠠᠷᠠᠤᠨ ᠤᠨ ᠣᠬᠠᠭᠠᠨ ᠶᠢᠡᠷ

ᠠᠳᠠᠭᠠᠳᠠᠨ ᠤ ᠰᠦᠨᠠᠰᠤ ᠶᠢ ᠭᠦᠷᠦᠰᠤᠨ ᠳᠡᠭᠡᠨ ᠪᠣᠯᠠᠭᠰᠠᠨ

ᠡᠵᠡᠨ ᠪᠣᠭᠤᠷᠤᠯᠴᠤᠳ ᠤᠨ ᠡᠵᠡᠯᠡᠵᠤ ᠨᠤᠳᠤᠭᠯᠠᠭᠰᠠᠨ

ᠴᠠᠢ᠌ᠳᠠᠮ ᠤᠨ ᠳᠠᠯ᠎ᠠ᠃

ᠠᠰᠢᠭ ᠡᠷᠢᠵᠤ ᠬᠤᠠᠵᠢᠶ᠎ᠠ ᠭᠤᠷᠢᠳᠠᠭᠠᠤᠨ

ᠠᠮᠳᠠᠳᠠᠨ ᠢ ᠭᠦᠯᠢᠶᠡᠵᠤ ᠠᠷᠠᠭ᠎ᠠ ᠬᠠᠪᠢᠷᠠᠭᠰᠠᠤᠨ ᠢ

ᠠᠶᠤᠩᠭ᠋᠎ᠠ ᠰᠢᠭ ᠨᠢᠷᠭᠡᠵᠤ ᠮᠡᠳᠡᠭᠦ

ᠴᠠᠢ᠌ᠳᠠᠮ ᠤᠨ ᠳᠠᠯ᠎ᠠ

ᠡᠷᠭᠢᠭᠦᠤ ᠦᠵᠡᠯᠳᠠᠤᠨ ᠤᠨ ᠳᠡᠨᠡᠭ᠌ ᠣᠬᠠᠭᠠᠨ ᠳᠤ ᠬᠠᠭᠤᠷᠳᠠᠭᠳᠠᠵᠤ

ᠡᠯᠦᠡᠴᠡ ᠶᠢᠨ ᠥᠪᠯᠡᠭ᠍ᠰᠡᠨ ᠪᠣᠰᠤᠭ᠎ᠠ ᠥᠰᠦᠭ᠌ ᠶᠢᠡᠨ ᠣᠮᠳᠠᠭᠠᠢ᠌ᠯᠠᠭᠠᠤᠨ

ᠡᠭᠡ ᠰᠤᠶᠤᠯ ᠤᠨ ᠡᠷᠴᠢ ᠴᠢᠩᠭ᠋ᠠᠯᠠᠬᠤ ᠶᠢ ᠭᠦᠰᠡᠭ᠍ᠰᠡᠨ

ᠴᠠᠢ᠌ᠳᠠᠮ ᠤᠨ ᠳᠠᠯ᠎ᠠ

ᠵᠤᠬᠢᠶᠠᠭᠴᠢ᠄ ᠨᠡᠷᠡᠡᠴᠡᠴᠡᠭ᠌
ᠢᠷᠡᠯᠲᠡ᠄ ᠨᠡᠷᠡᠡᠴᠡᠴᠡᠭ᠌
ᠬᠠᠷᠢᠶ᠎ᠠ᠄ ᠰᠢᠯᠦᠭ
ᠳᠠᠷᠤᠮ᠄ 3054
ᠴᠠᠭ᠄ 2006 ᠤᠨ ᠤ 09 ᠰᠠᠷ᠎ᠠ ᠶᠢᠨ 06
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ