☆ ᠷᠤᠯᠮᠠᠵᠠᠪ
ᠨᠠᠢ᠌ᠵᠠ ᠮᠢᠨᠢ ᠨᠠᠭᠠᠰᠢ ᠬᠠᠷᠠᠭᠠᠴᠢ
ᠬᠠᠵᠠᠭᠠᠢ ᠭᠢᠰᠭᠢᠭ᠍ᠰᠡᠨ ᠴᠤ
ᠠᠶᠠᠯᠠᠯ ᠶᠢᠡᠨ ᠦᠯᠦ ᠵᠤᠭᠰᠤᠬᠤ ᠶᠢᠨ ᠣᠴᠢᠷ
ᠬᠠᠯᠠᠵᠤ ᠭᠦᠷᠦᠨ᠎ᠡ ᠭᠡᠳᠡᠭ᠌ ᠨᠢ
ᠬᠠᠯᠠᠭᠤᠨ ᠭᠦᠢᠳᠡᠨ ᠤ ᠶᠤᠰᠤ ᠶᠢᠨ ᠣᠴᠢᠷ
ᠬᠠᠯᠠᠭᠤᠨ ᠵᠢᠷᠦᠭᠡ ᠪᠠᠷ ᠴᠢᠰᠤ ᠯᠤᠭᠰᠢᠨ᠎ᠠ
ᠬᠠᠷᠠᠭ᠎ᠠ ᠠᠯᠠᠭ ᠴᠤ ᠴᠢᠮ᠎ᠠ ᠶᠢ ᠳᠠᠨᠢᠨ᠎ᠠ
ᠬᠠᠴᠢᠨ ᠶᠡᠭᠡ ᠭᠠᠭᠴᠠᠭᠠᠷᠳᠠᠬᠤ ᠶᠢᠨ ᠴᠠᠭ ᠳᠤ
ᠬᠠᠷᠢᠨ ᠨᠠᠮ᠎ᠠ ᠡᠴᠡ ᠵᠢᠭᠤᠳᠠᠨ᠎ᠠ ᠦᠦ ᠳ᠋ᠠ
ᠶᠠᠭᠤ ᠪᠠᠷ ᠴᠤ ᠪᠠᠶᠠᠨ ᠭᠡᠯᠡ ᠪᠢ
ᠰᠡᠳᠭᠢᠯ ᠳᠤᠮᠳᠠᠭᠤᠷ ᠦᠯᠦ ᠪᠣᠯᠤᠨ᠎ᠠ
ᠶᠤᠰᠤ ᠶᠢ ᠳᠠᠪᠴᠢᠵᠤ ᠴᠢᠳᠠᠨ᠎ᠠ ᠪᠢ
ᠵᠢᠷᠤᠮ ᠡᠴᠡ ᠦᠯᠦ ᠳᠠᠷᠰᠯᠠᠶᠤ ᠪᠢ
ᠨᠠᠮ᠎ᠠ ᠶᠢ ᠳᠠ ᠣᠢ᠌ᠯᠠᠭᠠᠬᠤ ᠥᠭᠡᠢ
ᠭᠡᠨ ᠨᠠᠮ᠎ᠠ ᠶᠢ ᠮᠡᠳᠡᠭᠦ ᠶᠤᠮ ᠪᠣᠢ
ᠨᠠᠳᠠ ᠡᠴᠡ ᠴᠢ ᠵᠢᠭᠤᠳᠠᠭᠠᠤᠨ
ᠭᠡᠨ ᠶᠢᠡᠷ ᠪᠢ ᠢᠯᠡᠭᠦᠳᠡᠭᠦ ᠶᠤᠮ ᠪᠣᠢ
ᠴᠢ ᠬᠠᠮᠢᠭ᠎ᠠ ᠶᠠᠪᠣᠨ᠎ᠠ ᠪᠣᠢ
ᠰᠡᠳᠭᠢᠯ ᠮᠢᠨᠢ ᠭᠦᠷᠦᠭᠡᠳ ᠯᠠ ᠪᠠᠢ᠌ᠨ᠎ᠠ
ᠪᠢ ᠡ᠊ᠨᠳᠡ ᠪᠠᠨ ᠯᠠ ᠪᠠᠢ᠌ᠨ᠎ᠠ ᠳ᠋ᠠ
ᠴᠢ ᠨᠠᠭᠠᠰᠢ ᠡᠷᠭᠢᠭᠡᠴᠢ ᠳ᠋ᠠ ︕
ᠵᠤᠬᠢᠶᠠᠭᠴᠢ ᠶᠢᠨ ᠬᠠᠶᠢᠭ ᠄ ᠬᠦᠬᠡᠬᠤᠲᠠ ᠶᠢᠨ ᠳᠸᠯᠸᠢᠰ ᠬᠤᠷᠢᠶᠠᠨ ᠤ ᠮᠤᠩᠭ᠋ᠤᠯ ᠨᠠᠢ᠌ᠷᠠᠭᠤᠯᠬᠤ ᠭᠡᠯᠳᠡᠰ
ᠵᠤᠬᠢᠶᠠᠭᠴᠢ᠄ ᠷᠤᠯᠮᠠᠵᠠᠪ
ᠢᠷᠡᠯᠲᠡ᠄ ᠷᠤᠯᠮᠠᠵᠠᠪ ᠢᠮᠸᠯ ᠶᠢᠡᠷ ᠢᠷᠡᠭᠦᠯᠪᠡ
ᠬᠠᠷᠢᠶ᠎ᠠ᠄
ᠰᠢᠯᠦᠭᠳᠠᠷᠤᠮ᠄ 2646
ᠴᠠᠭ᠄ 2010 ᠤᠨ ᠤ 04 ᠰᠠᠷ᠎ᠠ ᠶᠢᠨ 12
ᠨᠠᠢ᠌ᠷᠠᠭᠤᠯᠤᠭᠴᠢ᠄ ᠪᠦᠬᠡᠡᠷᠳᠡᠨᠢ