☆ ᠭᠡᠷᠡᠯ
ᠬᠤᠷᠴᠢᠨ
ᠬᠠᠪᠣᠳᠤ ᠬᠠᠰᠠᠷ ᠤᠨ 14 ᠳ᠋ᠤᠭᠡᠷ ᠦᠶ᠎ᠡ ᠵᠢᠨ ᠭᠦᠢᠮᠥ᠋ᠩᠭᠡ ᠳᠠᠰᠠᠬᠠᠷᠡ ( 奎蒙克塔斯哈喇) ᠮᠢᠩ ᠣᠯᠤᠰ ᠤᠨ ᠳᠤᠮᠳᠠᠴᠢ ᠪᠠᠷ ᠣᠷᠢᠶᠠᠩᠬᠠᠢ ᠶᠢᠨ ᠭᠦᠴᠤᠨ ᠡᠴᠡ ᠵᠠᠢ᠌ᠯᠠᠬᠤ ᠪᠠᠷ ᠭᠦᠯᠤᠨ ᠪᠣᠢ᠌ᠷ ᠡᠴᠡ ᠨᠤᠨ ᠮᠦᠷᠡᠨ ᠤ ᠣᠷᠤᠰᠬᠠᠯ ᠳᠠᠭᠠᠤ ᠪᠠᠭᠤᠪᠠ᠃
1616 ᠣᠨ ᠳᠤ᠂ ᠬᠤᠷᠴᠢᠨ ᠤ ᠠᠬᠠᠯᠠᠭᠴᠢ ᠭᠦᠢᠮᠥ᠋ᠩᠭᠡ ᠳᠠᠰᠠᠬᠠᠷᠡ ᠵᠢᠨ ᠳᠦᠷᠪᠠᠳᠦᠭᠡᠷ ᠦᠶ᠎ᠡ ᠣᠪᠠᠰᠢ (奥巴先 ) ᠨᠤᠷᠬᠠᠴᠢ ᠳᠤ ᠣᠷᠤᠵᠤ ᠥᠭ᠍ᠪᠡ ᠃
ᠮᠠᠠᠵᠤ ᠬᠤᠷᠴᠢᠨ ᠤ ᠭᠦᠴᠤᠨ ᠢ ᠰᠠᠯᠭᠠᠵᠤ᠂ ᠬᠤᠷᠴᠢᠨ ᠢ ᠵᠡᠭᠦᠨ ᠭᠠᠷᠤᠨ ᠡᠮᠦᠨᠡᠳᠤ᠂ ᠳᠤᠮᠳᠠᠳᠤ᠂ ᠬᠣᠢ᠌ᠳᠤ ᠭᠢᠭᠡᠤᠨ ᠪᠠᠷᠠᠭᠤᠨ ᠭᠠᠷᠤᠨ ᠡᠮᠦᠨᠡᠳᠤ᠂ ᠳᠤᠮᠳᠠᠳᠤ᠂ ᠬᠣᠢ᠌ᠳᠤ ᠵᠢᠷᠭᠤᠭᠠᠨ ᠬᠤᠰᠢᠭᠤ ᠬᠤᠪᠢᠶᠠᠵᠤ᠂ ᠣᠳᠤᠮ ᠨᠢᠭᠡᠳᠡᠢ ᠭᠤᠷᠯᠤᠰ ᠤᠨ ᠡᠮᠦᠨᠡᠳᠤ᠂ ᠬᠣᠢ᠌ᠳᠤ ᠬᠤᠰᠢᠭᠤ᠂ ᠳᠦᠷᠪᠡᠳ ᠂ ᠵᠠᠯᠠᠢ᠌ᠳ ᠲᠡᠶ ᠬᠠᠮᠳᠤ ᠳᠤᠨᠢ ᠨᠤᠨ ᠠᠷᠪᠠᠨ ᠬᠤᠰᠢᠭᠤ ᠭᠡᠵᠤ᠂ ᠬᠤᠶᠠᠷ ᠵᠢᠷᠢᠮ ᠭᠤᠤᠯ ᠤᠨ ᠳᠤᠮᠳᠠ ( ᠣᠳᠤᠬᠠᠨ ᠤ ᠬᠤᠷᠴᠢᠨ ᠪᠠᠷᠠᠭᠤᠨ ᠭᠠᠷᠤᠨ ᠡᠮᠦᠨᠡᠳᠤ ᠬᠤᠰᠢᠭᠤᠨ ᠤ ᠳᠦᠯᠡᠭᠡ ᠮᠤᠳᠤ (吐列毛都 ) ) ᠳᠤ ᠴᠢᠭᠤᠯᠭᠠᠨ ᠨᠡᠢ᠌ᠯᠡᠭᠦᠯᠵᠤ᠂ ᠵᠢᠷᠢᠮ ᠠᠢ᠌ᠮᠠᠭ ᠭᠡᠪᠡ᠃ ᠣᠳᠤ ᠵᠢᠷᠢᠮ ᠠᠢ᠌ᠮᠠᠭ ᠢ ᠳᠥ᠋ᠡᠭᠯᠢᠶᠤᠤ ᠬᠤᠳᠠ᠂ ᠣᠤᠯ ᠤᠨ ᠳᠥ᠋ᠡᠭᠯᠢᠶᠤᠤ ᠬᠤᠳᠠ ᠵᠢ ᠬᠤᠷᠴᠢᠨ ᠳᠤᠭᠤᠷᠢᠭ ( 科尔沁区 ) ᠭᠡᠮᠡᠨ ᠬᠠᠯᠠᠪᠠ᠃
ᠠᠷᠪᠠᠨ ᠣᠪᠣᠭ᠎ᠠ ᠪᠣᠰᠬᠠᠨ ᠠᠷᠪᠠᠨ ᠬᠤᠰᠢᠭᠤ ᠶᠢ ᠳᠦᠯᠦᠭᠡᠯᠡᠵᠤ᠂ ᠸᠠᠩ ᠭᠦᠩ ᠴᠢᠭᠤᠯᠭᠠᠨ ᠨᠡᠢ᠌ᠯᠡᠭᠦ ᠶᠢᠨ ᠬᠠᠮᠳᠤ᠂ ᠠᠷᠪᠠᠨ ᠬᠤᠰᠢᠭᠤᠨ ᠤ ᠰᠦᠮ᠎ᠡ ᠳᠤ ᠮᠥᠷᠭᠦᠯ ᠭᠢᠳᠡᠭ᠌᠃ ᠳᠤᠰ ᠰᠦᠮ᠎ᠡ ᠨᠢ ᠣᠳᠤ ᠶᠢᠨ ᠬᠤᠷᠴᠢᠨ ᠪᠠᠷᠠᠭᠤᠨ ᠭᠠᠷᠤᠨ ᠡᠮᠦᠨᠡᠳᠤ ᠬᠤᠰᠢᠭᠤ ᠶᠢᠨ ᠶᠡᠭᠡ ᠰᠦᠮ᠎ᠡ ( 大庙) ᠃
ᠵᠢᠷᠢᠮ ᠠᠢ᠌ᠮᠠᠭ ᠤᠨ ᠠᠷᠪᠠᠨ ᠬᠤᠰᠢᠭᠤ ᠪᠣᠯᠤᠨ ᠣᠯᠠᠭᠠᠠᠬᠠᠳᠠ ᠶᠢᠨ ᠠᠷᠤ ᠬᠤᠷᠴᠢᠨ ᠬᠤᠰᠢᠭᠤᠨ ᠤ ᠪᠣᠤ ( ᠪᠣᠷᠵᠢᠭᠢᠤᠨ ) ᠣᠪᠣᠭᠳᠤ ᠣᠭᠰᠠᠭ᠎ᠠ ᠨᠢᠭᠡ ᠳᠤᠯᠠ ᠬᠠᠷᠢᠯᠴᠠᠨ ᠣᠷᠤᠭᠯᠠᠳᠠᠭ ᠦᠭᠡᠶ ᠭᠡᠳᠡᠭ᠌᠃
ᠬᠤᠷᠴᠢᠨ ᠵᠡᠭᠦᠨ ᠭᠠᠷᠤᠨ ᠳᠤᠮᠳᠠᠳᠤ ᠬᠤᠰᠢᠭᠤ ᠶᠢ ᠪᠠᠰᠠ ᠳᠠᠷᠬᠠᠨ ᠬᠤᠰᠢᠭᠤ ᠭᠡᠳᠡᠭ᠌᠃ ᠬᠠᠪᠣᠳᠤ ᠬᠠᠰᠠᠷ ᠤᠨ 18 ᠳ᠋ᠤᠭᠠᠷ ᠦᠶ᠎ᠡ ᠵᠠᠢ᠌ᠰᠠᠩ (寨桑 ) ᠳᠦᠷᠪᠡᠨ ᠭᠦᠤ ᠂ ᠨᠢᠭᠡ ᠦᠬᠢᠨ ᠲᠡᠶ᠃ ᠳᠦᠷᠪᠡᠨ ᠭᠦᠤ ᠨᠢ ᠳᠤᠯᠤᠭᠠᠨ ᠰᠠᠯᠠᠭ᠎ᠠ ᠪᠣᠯᠵᠤ ᠣᠯᠠᠷᠢᠨ᠂ ᠳᠠᠷᠬᠠᠨ ᠬᠤᠰᠢᠭᠤ ᠶᠢᠨ ᠳᠤᠯᠤᠭᠠᠨ ᠸᠠᠩ ᠭᠦᠩ᠂ ᠪᠠᠢ᠌ᠯ᠎ᠠ ᠪᠠᠢ᠌ᠰᠠ ᠶᠢᠨ ᠢᠷᠠᠯᠳᠠ ᠪᠣᠯᠵᠠᠢ᠃ ᠳᠤᠰ ᠳᠤᠯᠤᠭ᠎ᠠ ᠨᠢ ᠄
⑴ ᠶᠡᠬᠡ ᠭᠦᠤ ᠣᠭᠰᠠᠨ ( 乌克善) ᠄ ᠴᠢᠩ ᠤᠨ ᠡᠭᠢᠨ ᠬᠤᠱᠤᠢ ᠵᠤᠷᠢᠭᠳᠤ ᠴᠢᠨ ᠸᠠᠩ ᠭᠡᠷᠭᠡᠮ ᠡᠷᠬᠦᠮᠵᠢᠯᠡᠭ᠍ᠳᠡᠵᠤ ᠂ ᠦᠶ᠎ᠡ ᠣᠯᠠᠷᠢᠨ ᠵᠠᠯᠭᠠᠮᠵᠢᠯᠠᠭᠤᠯᠪᠠ ᠃ ᠣᠭᠰᠠᠨ ᠤ 16 ᠳ᠋ᠤᠭᠠᠷ ᠦᠶ᠎ᠡ ᠭᠡᠰᠢᠶᠡᠯᠳᠦ ᠮᠡᠷᠭᠡᠨ ᠵᠤᠷᠢᠭᠳᠤ ᠴᠢᠨ ᠸᠠᠩ ᠤᠨ ᠭᠡᠷᠭᠡᠮ ᠢ ᠵᠠᠯᠭᠠᠮᠵᠢᠯᠠᠪᠠ᠃ ᠸᠠᠩ ᠤᠨ ᠣᠷᠳᠤᠨ ᠨᠢ ᠣᠳᠤ ᠶᠢᠨ ᠺᠠᠢ᠌ᠯᠤ ᠰᠢᠶᠠᠨ ᠤ ᠵᠢᠷᠭᠠᠯᠠᠩ᠃ ᠳᠠᠷᠬᠠᠨ ᠬᠤᠰᠢᠭᠤ ᠶᠢᠨ ᠪᠠᠷᠠᠭᠤᠨ ᠡᠮᠤᠨ᠎ᠡ ᠪᠠᠢ᠌ᠬᠤ ᠳᠤᠯᠠ ᠪᠠᠰᠠ 西昭(卓)王 ( ᠪᠠᠷᠠᠭᠤᠨ ᠵᠣ᠊ ᠸᠠᠩ ) ᠭᠡᠳᠡᠭ᠌ ᠃ ᠭᠡᠰᠢᠶᠡᠯᠳᠦ ᠮᠡᠷᠭᠡᠨ 1950 ᠣᠨ ᠳᠤ ᠪᠠᠭᠡᠵᠢᠩ ᠳᠤ ᠮᠠᠰᠢᠨ ᠳᠡᠷᠭᠡᠨ ᠤ ᠳᠤᠨᠤᠭ ᠤᠨ ᠣᠢ᠌ᠯᠠᠤᠠᠪᠣᠷᠢ ᠪᠠᠢ᠌ᠭᠤᠯᠵᠤ᠂ ᠳᠠᠷᠠᠭ᠎ᠠ ᠵᠢᠯ ᠳ᠋ᠤᠨᠢ ᠠᠷᠠᠤᠨ ᠤᠨ ᠰᠢᠭᠦᠭᠦ ᠬᠤᠷᠢᠶᠠᠨ ᠳᠤ ᠪᠠᠷᠢᠪᠴᠢᠯᠠᠭᠳᠠᠵᠤ᠂ 1954 ᠣᠨ ᠳᠤ ᠴᠠᠭᠠᠵᠠᠯᠠᠭᠳᠠᠪᠠ᠃ ᠳᠤᠰ ᠵᠢᠯ 44 ᠨᠠᠰᠤᠳᠠᠢ ᠃
⑵ ᠣᠤᠯᠠ ᠭᠦᠩ ( 奥拉公) ᠄ ᠣᠭᠰᠠᠨ ᠤ ᠬᠤᠶᠠᠳᠤᠭᠠᠷ ᠭᠦᠤ ᠳᠤᠨᠠᠬᠠ ( 图纳赫 ) ᠣᠯᠤᠰ ᠤᠨ ᠲᠦᠰᠢᠶ᠎ᠠ ᠭᠦᠩ ᠭᠡᠷᠭᠡᠮ ᠡᠷᠬᠦᠮᠵᠢᠯᠡᠭ᠍ᠳᠡᠵᠤ ᠂ 11 ᠳ᠋ᠤᠭᠡᠷ ᠦᠶ᠎ᠡ ᠳᠤᠷᠵᠢ ᠭᠦᠷᠳᠡᠯ᠎ᠡ ᠵᠠᠯᠭᠠᠮᠵᠢᠯᠠᠪᠠ᠃ ᠭᠦᠩ ᠤᠨ ᠣᠷᠳᠤᠨ ᠨᠢ ᠣᠳᠤ ᠶᠢᠨ ᠵᠠᠷᠤᠳ ᠬᠤᠰᠢᠭᠤᠨ ᠤ ᠣᠯᠠᠭᠠᠨ ᠬᠠᠳᠠ ᠰᠤᠮᠤ ᠶᠢᠨ ᠰᠠᠢ᠌ᠪᠤᠷ ( 色布尔 ) ᠃ ᠪᠠᠭᠡᠵᠢᠡᠭ᠌ ᠳ᠋ᠠᠭᠢ ᠭᠦᠩ ᠤᠨ ᠣᠷᠳᠤᠨ ᠨᠢ ᠵᠡᠬᠦᠨ ᠬᠤᠳᠡ ᠳᠤᠭᠤᠷᠢᠭ ᠤᠨ ᠳᠠᠮᠤᠷ ᠠᠷᠰᠯᠡᠨ ᠭᠤᠳᠤᠮᠵᠢ ( 东城区铁狮子胡同 ) ᠃
ᠣᠯᠤᠰ ᠪᠠᠢ᠌ᠭᠤᠯᠤᠭᠳᠠᠭᠰᠠᠨ ᠤ ᠳᠠᠷᠠᠭ᠎ᠠ ᠳᠤᠷᠵᠢ ᠪᠠᠶᠠᠠᠨᠠᠭᠤᠷ ᠠᠢ᠌ᠮᠠᠭ ᠤᠨ ᠣᠯᠤᠰ ᠲᠦᠷᠦ ᠶᠢᠨ ᠵᠥᠪᠯᠡᠯᠭᠡᠨ ᠤ ᠭᠡᠰᠢᠭᠦᠨ ᠶᠢᠡᠷ ᠠᠵᠢᠯᠯᠠᠵᠤ ᠪᠠᠢ᠌ᠪᠠ᠃
⑶ ᠴᠠᠭᠠᠨ ᠪᠠᠢ᠌ᠯ᠎ᠠ᠄ ᠴᠠᠭᠠᠨ ᠪᠣᠯ ᠵᠠᠢ᠌ᠰᠠᠩ ᠤᠨ ᠬᠤᠶᠠᠳᠤᠭᠠᠷ ᠭᠦᠤ᠃ ᠴᠠᠭᠠᠨ ᠡᠴᠡ ᠬᠣᠢ᠌ᠰᠢ 13 ᠳ᠋ᠤᠭᠠᠷ ᠦᠶ᠎ᠡ ᠵᠢᠭ᠍ᠳᠡᠡᠭᠨᠦᠷᠪᠦᠷᠢᠡᠴᠢᠡᠵᠡᠮᠰᠤ ( 1907 ᠣᠨ ᠳᠤ ᠵᠠᠯᠭᠠᠮᠵᠢᠯᠠᠪᠠ ) ᠭᠦᠷᠳᠡᠯ᠎ᠡ ᠵᠠᠯᠭᠠᠮᠵᠢᠯᠠᠪᠠ᠃ ᠪᠠᠢ᠌ᠯ᠎ᠠ ᠶᠢᠨ ᠣᠷᠳᠤᠨ ᠨᠢ ᠣᠳᠤ ᠶᠢᠨ ᠬᠤᠷᠴᠢᠨ ᠵᠡᠭᠦᠨ ᠭᠠᠷᠤᠨ ᠬᠣᠢ᠌ᠳᠤ ᠬᠤᠰᠢᠭᠤᠨ ᠤ ᠣᠯᠠᠭᠠᠨ ᠣᠳᠤ ᠰᠤᠮᠤ ᠶᠢᠨ ᠣᠢᠯᠵᠡᠢ᠌ᠳᠠᠯᠠ᠂ ᠣᠤᠯ ᠳᠠᠭᠠᠨ ᠪᠠᠢ᠌ᠯ᠎ᠠ ᠶᠢᠨ ᠳᠠᠯ᠎ᠠ᠃
⑷ ᠭᠦᠦᠱᠡᠨ ᠪᠠᠢ᠌ᠰᠠ᠄ ᠵᠠᠢ᠌ᠰᠠᠩ ᠤᠨ ᠬᠤᠶᠠᠳᠤᠭᠠᠷ ᠭᠦᠤ ᠴᠠᠭᠠᠨ ᠤ ᠳᠦᠷᠪᠠᠳᠦᠭᠡᠷ ᠦᠶ᠎ᠡ ᠴᠤᠷᠵᠢ ᠶᠢᠨ ᠣᠮᠪᠣᠯᠤ ᠯᠠᠱᠠᠨ ( 拉什) 1727 ᠣᠨ ᠳᠤ ᠭᠦᠦᠱᠡᠨ ᠪᠠᠢ᠌ᠰᠠ ᠭᠡᠷᠭᠡᠮ ᠡᠷᠬᠦᠮᠵᠢᠯᠡᠭ᠍ᠳᠡᠵᠤ ᠂ 9 ᠳ᠋ᠤᠭᠡᠷ ᠦᠶ᠎ᠡ ᠶᠠᠩᠰᠠᠩᠪᠠᠷᠰ (杨桑巴拉 ) ᠭᠦᠷᠳᠡᠯ᠎ᠡ ᠦᠶ᠎ᠡ ᠣᠯᠠᠷᠢᠨ ᠵᠠᠯᠭᠠᠮᠵᠢᠯᠠᠪᠠ᠃ ᠪᠠᠢ᠌ᠰᠠ ᠶᠢᠨ ᠣᠷᠳᠤᠨ ᠨᠢ ᠣᠳᠤ ᠶᠢᠨ ᠬᠤᠷᠴᠢᠨ ᠵᠡᠭᠦᠨ ᠭᠠᠷᠤᠨ ᠬᠣᠢ᠌ᠳᠤ ᠬᠤᠰᠢᠭᠤᠨ ᠤ ᠮᠤᠳᠤᠳᠤ ᠰᠤᠮᠤ᠂ ᠣᠤᠯ ᠳᠠᠭᠠᠨ ᠪᠠᠢ᠌ᠰᠠ ᠶᠢᠨ ᠬᠤᠷᠤᠭ᠎ᠠ ᠭᠡᠳᠡᠭ᠌᠃
⑸ ᠦᠨᠳᠦᠷ ᠴᠢᠨ ᠸᠠᠩ ᠄ ᠵᠠᠢ᠌ᠰᠠᠩ ᠤᠨ ᠭᠤᠷᠪᠠᠳᠤᠭᠠᠷ ᠭᠦᠤ ᠰᠤᠨᠠᠮ ( 索纳穆) ᠤᠨ 11 ᠳ᠋ᠤᠭᠡᠷ ᠦᠶ᠎ᠡ ᠵᠢᠭᠮᠡᠦᠡᠯᠡᠡᠭ᠍ᠪᠦ ᠦᠨᠳᠦᠷ ᠴᠢᠨ ᠸᠠᠩ ᠭᠡᠷᠭᠡᠮ ᠡᠷᠬᠦᠮᠵᠢᠯᠡᠭ᠍ᠳᠡᠪᠡ ᠃ ᠵᠢᠭᠮᠡᠦᠡᠯᠡᠡᠭ᠍ᠪᠦ ᠶᠢᠨ ᠣᠮᠪᠣᠯᠤ ᠶᠠᠩᠰᠠᠠᠽᠠᠪ ᠤᠨ ᠸᠠᠩ ᠣᠷᠳᠤᠨ ᠨᠢ ᠣᠳᠤ ᠶᠢᠨ ᠳᠠᠷᠬᠠᠨ ᠬᠤᠰᠢᠭᠤ ᠶᠢᠨ ᠪᠠᠶᠠᠠᠳᠠᠯ᠎ᠠ ᠪᠠᠯᠭᠠᠰᠤ ᠃ ᠶᠠᠩᠰᠠᠠᠽᠠᠪ1932 ᠣᠨ ᠳᠤ ᠶᠠᠫᠣᠨ ᠤ ᠭᠦᠴᠤᠨ ᠳᠤᠤᠷᠠᠭᠢ ᠬᠤᠷᠴᠢᠨ ᠵᠡᠭᠦᠨ ᠭᠠᠷᠤᠨ ᠳᠤᠮᠳᠠᠳᠤ ᠬᠤᠰᠢᠭᠤᠨ ᠤ ᠨᠢᠭᠡᠳᠦᠭᠡᠷ ᠬᠤᠰᠢᠭᠤᠨ ᠳᠠᠷᠤᠭ᠎ᠠ ᠰᠠᠭᠤᠵᠤ ᠂ 1941 ᠣᠨ ᠳᠤ 62 ᠨᠠᠰᠤᠳᠠᠢ ᠴᠠᠡᠭᠴᠦ᠋ᠨ ᠳᠤ ᠡᠪᠠᠦᠡᠴᠢᠨ ᠶᠢᠡᠷ ᠨᠠᠰᠤ ᠪᠠᠷᠠᠪᠠ᠃
⑹ ᠳᠠᠷᠬᠠᠨ ᠴᠢᠨ ᠸᠠᠩ ᠄ ᠵᠠᠢ᠌ᠰᠠᠩ ᠤᠨ ᠳᠦᠷᠪᠠᠳᠦᠭᠡᠷ ᠭᠦᠤ ᠮᠠᠠᠵᠤᠤᠰᠢᠷᠢ ᠴᠢᠩ ᠣᠯᠤᠰ ᠤᠨ ᠡᠭᠢᠨ ᠳᠤ ᠳᠠᠢ᠌ᠨ ᠤ ᠭᠠᠪᠢᠶ᠎ᠠ ᠦᠯᠡᠮᠵᠢ ᠶᠡᠭᠡ ᠡᠴᠡ ᠴᠢᠩ ᠡᠴᠡ ᠴᠢᠨ ᠸᠠᠩ ᠭᠡᠷᠭᠡᠮ ᠡᠷᠬᠦᠮᠵᠢᠯᠡᠭᠳᠡᠵᠤ ᠂ ᠳᠠᠷᠬᠠᠨ ᠴᠤᠯᠠ ᠬᠠᠢ᠌ᠷᠠᠯᠠᠨ᠂ ᠬᠤᠰᠢᠭᠤᠨ ᠵᠠᠰᠠᠭ ᠪᠣᠯᠭᠠᠪᠠ᠃ 11 ᠳ᠋ᠤᠭᠡᠷ ᠦᠶ᠎ᠡ ᠨᠠᠮᠵᠢᠯᠰᠠᠷᠠᠩ ᠭᠦᠷᠳᠡᠯ᠎ᠡ ᠣᠯᠠᠷᠢᠨ᠂ ᠸᠠᠩ ᠤᠨ ᠣᠷᠳᠤᠨ ᠨᠢ ᠣᠳᠤ ᠶᠢᠨ ᠬᠤᠸᠠᠳᠤᠭᠤᠯ ᠤᠨ ᠣᠢ᠌ᠷᠠᠯᠴᠠᠭ᠎ᠠ ᠦᠯᠵᠡᠢ᠌ᠳᠤ ᠰᠤᠮᠤᠨ ᠤ ᠬᠤᠤᠯᠤᠤ (好老艾力 ) ᠃
ᠶᠠᠫᠣᠨ ᠤ ᠭᠦᠴᠤᠨ ᠣᠷᠤᠵᠤ ᠢᠷᠡᠭᠦ ᠳᠤ ᠨᠠᠮᠵᠢᠯᠰᠠᠷᠠᠩ ᠪᠠᠭᠡᠵᠢᠩ ᠳᠤ ᠰᠢᠯᠵᠢᠨ ᠰᠠᠭᠤᠵᠤ᠂ 1948 ᠂ 1949 ᠣᠨ ᠶᠢᠠᠷ ᠳᠠᠢ᠌ᠸᠠᠨ ᠰᠢᠶᠠᠩᠭ᠋ᠠᠩ ᠳᠤ ᠰᠢᠯᠵᠢᠨ ᠂ 1951 ᠣᠨ ᠳᠤ ᠵᠢᠤ ᠯᠤᠢᠩ (九龙 ) ᠡᠮᠨᠡᠯᠭᠡ ᠶᠢᠨ ᠬᠤᠷᠢᠶᠠᠨ ᠳᠤ 71 ᠨᠠᠰᠤᠳᠠᠢ ᠡᠪᠠᠦᠡᠴᠢᠨ ᠶᠢᠡᠷ ᠨᠠᠰᠤ ᠪᠠᠷᠠᠪᠠ ᠃ ᠨᠠᠮᠵᠢᠯᠰᠠᠷᠠᠩ ᠤᠨ ᠨᠠᠢ᠍ᠮᠠᠳᠤᠭᠠᠷ ᠭᠦᠤ ᠪᠣᠤ ᠳᠢᠶᠧ ᠵᠸᠩ (包铁铮 ) 1986 ᠣᠨ ᠳᠤ ᠳᠥᠡᠭᠯᠢᠶᠤᠤ ᠬᠤᠳᠠ ᠪᠠᠷ ᠢᠷᠠᠵᠤ ᠥᠩᠭᠡᠷᠡᠪᠡ ᠃ ᠪᠣᠤ ᠳᠢᠶᠧ ᠵᠸᠩ ᠠᠮᠸᠷᠢᠺᠡ ᠳᠤ ᠰᠠᠭᠤᠵᠤ ᠂ ᠮᠠᠢ᠌ᠮᠠᠢ ᠭᠢᠵᠤ ᠪᠣᠢ᠃ ᠳᠡᠭᠦᠨ ᠤ ᠥᠵᠡᠭᠦ ᠪᠠᠷ ᠳᠠᠷᠬᠠᠨ ᠪᠣᠯ ᠬᠤᠪᠢᠯᠡᠢ ᠶᠢᠨ 30 ᠦᠶ᠎ᠡ᠂ ᠳᠠᠷᠠ ᠪᠣᠯ ᠳᠠᠷᠬᠠᠨ ᠤ 17 ᠳ᠋ᠤᠭᠠᠷ ᠦᠶ᠎ᠡ ᠃
⑺ ᠣᠯᠤᠰ ᠤᠨ ᠲᠦᠰᠢᠶ᠎ᠠ ᠭᠦᠩ᠄ ᠮᠠᠠᠵᠤᠤᠰᠢᠷᠢ ᠶᠢᠨ ᠣᠮᠪᠣᠯᠤ ᠣᠷᠭᠤᠮᠠᠯ ( 乌尔呼玛勒) ᠣᠯᠤᠰ ᠤᠨ ᠲᠦᠰᠢᠶ᠎ᠠ ᠭᠦᠩ ᠭᠡᠷᠭᠡᠮ ᠡᠷᠬᠦᠮᠵᠢᠯᠡᠭ᠍ᠳᠡᠵᠤ ᠂ ᠳᠤᠯᠤᠳᠤᠭᠠᠷ ᠦᠶ᠎ᠡ ᠨᠢᠮ᠎ᠠ ᠭᠦᠳᠡᠯᠡ ᠵᠠᠯᠭᠠᠮᠵᠢᠯᠠᠪᠠ ᠃ ᠨᠢᠮ᠎ᠠ ᠭᠦᠩ ᠪᠣᠶᠤ ᠠᠴᠸᠡᠭᠮᠠᠩᠬᠠᠨ (阿曾忙罕 ) ᠭᠦᠩ ᠭᠡᠳᠡᠭ᠌ ᠂ ᠭᠦᠩ ᠬᠤᠷᠤᠭ᠎ᠠ ᠨᠢ ᠣᠳᠤ ᠶᠢᠨ ᠳᠠᠷᠠᠬᠠᠨ ᠬᠤᠰᠢᠭᠤ ᠶᠢᠨ ᠬᠤᠸᠠᠬᠤᠰᠢᠭᠤ ᠰᠤᠮᠤ ᠶᠢᠨ ᠭᠦᠡᠭ ᠶᠸ ᠰᠡᠩ (公爷仓 ) ᠃
ᠵᠠᠢ᠌ᠰᠠᠩ ᠤᠨ ᠦᠬᠢᠨ ᠰᠢᠶᠤᠤ ᠵᠤᠸᠠᠩ ᠂ ᠨᠠᠷᠠ ᠪᠤᠮᠪᠠᠳᠡᠢ ( ᠮᠠᠠᠵᠤ ᠥᠭᠡ ᠂ 布木布泰 ᠂ 本布泰 ) ᠂ ᠨᠤᠷᠬᠠᠴᠢ ᠶᠢᠨ ᠨᠠᠢ᠍ᠮᠠᠳᠤᠭᠠᠷ ᠭᠦᠤ ᠬᠤᠸᠠᠩ ᠳᠠᠢ᠌ᠵᠢ ᠶᠢᠨ ᠬᠠᠳᠤᠨ ᠂ ᠡᠶᠡᠪᠠᠷ ᠵᠠᠰᠠᠭᠴᠢ (顺治 ) ᠬᠠᠭᠠᠨ ᠤ ᠳᠦᠷᠦᠭ᠍ᠰᠡᠨ ᠡᠵᠢ᠂ ᠡᠩᠭᠡ ᠠᠮᠤᠭᠤᠯᠠᠩ (康熙) ᠬᠠᠭᠠᠨ ᠤ ᠡᠮᠡᠭᠡ᠃
1931 ᠣᠨ ᠳᠤ᠂ ᠭᠠᠳᠠ ᠮᠠᠢ᠌ᠷᠠᠨ ᠤ ᠪᠣᠰᠤᠯᠭ᠎ᠠ ᠳᠠᠷᠤᠭᠳᠠᠵᠤ ᠪᠠᠶ᠎ᠠ ᠥᠷᠡᠭ᠍ᠳᠡᠡᠰᠡᠨ ᠤ ᠳᠠᠷᠠᠭ᠎ᠠ ᠂ ᠡᠭᠡᠨᠡᠷ ᠮᠢᠳᠠᠨ ᠨᠢ ᠴᠠᠡᠭᠴᠦ᠋ᠨ ᠳᠤ ᠰᠢᠯᠵᠢᠨ ᠠᠮᠢᠳᠤᠷᠠᠵᠤ ᠂ ᠴᠠᠡᠭᠴᠦ᠋ᠨ ᠬᠤᠳᠠ ᠶᠢᠨ ᠣᠯᠤᠰ ᠲᠦᠷᠦ ᠶᠢᠨ ᠵᠥᠪᠯᠡᠯᠭᠡᠨ ᠤ ᠭᠡᠰᠢᠭᠦᠨ ᠃
ᠬᠠᠪᠣᠳᠤ ᠬᠠᠰᠠᠷ ᠤᠨ 9 ᠳ᠋ᠤᠭᠡᠷ ᠦᠶ᠎ᠡ ᠥᠯᠦᠭ᠍ᠳᠡᠮᠦᠷ (乌鲁克铁木尔 ) ᠪᠣᠯ ᠬᠤᠱᠤᠳ ᠤᠨ ᠳᠡᠭᠡᠳᠦᠰ᠃
13 ᠳ᠋ᠤᠭᠠᠷ ᠦᠶ᠎ᠡ ᠠᠷᠠᠳᠤᠳᠢᠪᠣᠶᠠᠠᠳᠤ ( 阿尔脱歹宝音图 ) ᠪᠣᠯ ᠮᠤᠤᠮᠢᠩᠭ᠋ᠠᠨ ᠤ ᠳᠡᠭᠡᠳᠦᠰ᠃
14 ᠳ᠋ᠤᠭᠡᠷ ᠦᠶ᠎ᠡ ᠭᠦᠢᠮᠥ᠋ᠩᠭᠡ ᠳᠠᠰᠠᠬᠠᠷᠡ ᠪᠣᠯ ᠬᠤᠷᠴᠢᠨ ᠤ ᠳᠡᠭᠡᠳᠦᠰ ᠃ ᠭᠦᠢᠮᠥ᠋ᠩᠭᠡ ᠳᠠᠰᠠᠬᠠᠷᠡ ᠵᠢᠨ ᠬᠤᠶᠠᠳᠤᠭᠠᠷ ᠳᠡᠭᠦᠤ ᠪᠠᠭᠦᠨ (巴衮 ) ᠨᠤᠶᠠᠨ ᠪᠣᠯ ᠠᠷᠤ ᠬᠤᠷᠴᠢᠨ ᠂ ᠳᠦᠷᠪᠡᠨ ᠭᠦᠤ ᠶᠢᠨ ᠬᠤᠰᠢᠭᠤ (四子部 ) ᠶᠢᠨ ᠳᠡᠭᠡᠳᠦᠰ ᠂ ᠭᠤᠷᠪᠠᠳᠤᠭᠠᠷ ᠳᠡᠭᠦᠤ ᠪᠣᠢᠷᠠᠬᠠᠢ (布尔海 ) ᠣᠷᠠᠤᠨ ᠤᠨ ᠳᠡᠭᠡᠳᠦᠰ ᠃
15 ᠳ᠋ᠤᠭᠠᠷ ᠦᠶ᠎ᠡ ᠨᠤᠶᠠᠠᠳᠠᠯᠠ ( 噶勒济 诺颜) ᠬᠣᠢ᠌ᠳᠤ ᠬᠤᠰᠢᠭᠤᠨ ᠤ ᠳᠡᠭᠡᠳᠦᠰ ᠃
16 ᠳ᠋ᠤᠭᠠᠷ ᠦᠶ᠎ᠡ ᠳᠦᠯᠠᠯᠠ ᠨᠤᠶᠠᠨ ( 都喇勒诺颜) ᠨᠠᠮᠰᠠᠢ ᠶᠢᠨ ᠠᠬᠠᠮᠠᠤᠨ ᠭᠦᠤ ᠮᠠᠩᠭ᠋ᠤᠰ ᠳᠤᠮᠳᠠᠳᠤ ᠬᠤᠰᠢᠭᠤᠨ ᠤ ᠳᠡᠭᠡᠳᠦᠰ ᠂ ᠭᠤᠷᠪᠠᠳᠤᠭᠠᠷ ᠭᠦᠤ ᠣᠪᠠᠰᠢ ( 乌巴什) ᠭᠤᠷᠯᠤᠰ ᠤᠨ ᠡᠵᠡᠨ ᠂ ᠨᠠᠢ᠍ᠮᠠᠳᠤᠭᠠᠷ ᠭᠦᠤ ᠠᠢ᠌ᠨᠠᠭ (爱纳噶 ) ᠳᠦᠷᠪᠡᠤᠨ ᠤᠨ ᠳᠡᠭᠡᠳᠦᠰ ᠂ ᠶᠢᠰᠦᠳᠦᠭᠡᠷ ᠭᠦᠤ ᠠᠮᠢᠨ ᠵᠠᠯᠠᠢ᠌ᠳ ᠤᠨ ᠳᠡᠭᠡᠳᠦᠰ ᠃
ᠬᠤᠩᠭ᠋ᠤᠷ (洪果尔 ) ᠬᠤᠷᠴᠢᠨ ᠵᠡᠭᠦᠨ ᠭᠠᠷᠤᠨ ᠡᠮᠦᠨᠡᠳᠤ ᠬᠤᠰᠢᠭᠤᠨ ᠤ ᠳᠡᠭᠡᠳᠦᠰ ᠃
ᠬᠤᠷᠴᠢᠨ ᠵᠡᠭᠦᠨ ᠭᠠᠷᠤᠨ ᠬᠣᠢ᠌ᠳᠤ ᠬᠤᠰᠢᠭᠤ ᠶᠢ ᠪᠠᠰᠠ ᠪᠦᠸᠧ ᠸᠠᠩ ᠤᠨ ᠬᠤᠰᠢᠭᠤ ᠭᠡᠳᠡᠭ᠌ ᠃ ᠰᠡᠩᠭᠡᠷᠢᠡᠴᠢᠨ ᠴᠢᠨ ᠸᠠᠩ ᠤᠨ ᠨᠤᠳᠤᠭ ᠪᠣᠯᠤᠨ᠎ᠠ᠃ ᠰᠡᠩᠭᠡᠷᠢᠡᠴᠢᠨ ᠴᠢᠨ ᠸᠠᠩ ( ᠰᠡᠩᠭᠡ ᠲᠦᠪᠡᠳ ᠥᠭᠡ᠂ ᠠᠷᠰᠯᠠᠨ ᠭᠡᠳᠡᠭ᠌ ᠣᠤᠠᠬ᠎ᠠ ᠲᠡᠶ᠃ ᠷᠢᠠᠴᠢᠨ ᠲᠦᠪᠡᠳ ᠥᠭᠡ᠂ ᠡᠷᠳᠡᠨᠢ ᠭᠡᠳᠡᠭ᠌ ᠣᠤᠠᠬ᠎ᠠ ᠲᠡᠶ᠃ ) ᠬᠠᠪᠣᠳᠤ ᠬᠠᠰᠠᠷ ᠤᠨ 26 ᠳ᠋ᠤᠭᠠᠷ ᠦᠶ᠎ᠡ ᠃
ᠰᠡᠩᠭᠡᠷᠢᠡᠴᠢᠨ ᠴᠡᠷᠢᠭ᠌ ᠳᠠᠢ᠌ᠴᠢᠯᠠᠨ ᠣᠮᠠᠷᠠᠰᠢ ᠳᠠᠢ᠌ᠯᠠᠭᠰᠠᠨ ᠯᠢ ᠺᠠᠢ ᠹᠠᠩ ᠤᠨ ᠲᠡᠶ ᠫᠢᠩ ᠵᠢᠶᠥ᠋ᠨ ᠴᠡᠷᠢᠭ᠌ ᠢ ᠱᠠᠠᠳᠦ᠋ᠩ ᠳᠤ ᠣᠰᠠᠤᠠᠬᠠᠵᠤ ᠂ ᠯᠢ ᠺᠠᠢ ᠹᠠᠩ ᠢ ᠠᠮᠢᠳᠤ ᠪᠠᠷ ᠪᠠᠷᠢᠪᠴᠢᠯᠠᠪᠠ᠃ ᠬᠤᠶᠠᠳᠤᠭᠠᠷ ᠣᠳᠠᠭᠠᠨ ᠤ ᠬᠠᠷ᠎ᠠ ᠳᠠᠮᠠᠭᠢᠨ ᠳᠠᠢ᠌ᠨ ᠳᠤ ᠠᠩᠭ᠍ᠯᠢ ᠹᠷᠠᠡᠼᠢ ᠶᠢᠨ ᠬᠤᠯᠪᠣᠭᠠᠳᠤ ᠴᠡᠷᠢᠭ᠌ ᠢ ᠪᠠᠭᠡᠵᠢᠩ ᠤᠨ ᠳᠦᠩ ᠵᠸᠤ ᠳᠤᠭᠤᠷᠢᠭ ( 北京通州区) ᠲᠤ ᠬᠤᠷᠢᠭᠯᠠᠨ ᠪᠠᠢ᠌ᠯᠳᠤᠭᠠᠤᠨ ᠶᠡᠭᠡ ᠢᠯᠠᠭᠳᠠᠨ ᠮᠤᠩᠭ᠋ᠤᠯ ᠴᠡᠷᠢᠭ᠌ ᠤᠨ ᠭᠤᠤᠯ ᠭᠦᠴᠤᠨ ᠣᠰᠠᠤᠠᠬᠠᠭᠳᠠᠪᠠ ᠃ ᠠᠩᠭ᠍ᠯᠢ ᠹᠷᠠᠠᠽᠢ ᠶᠢᠨ ᠬᠤᠯᠪᠣᠭᠠᠳᠤ ᠴᠡᠷᠢᠭ᠌ ᠪᠠᠭᠡᠵᠢᠩ ᠳᠤ ᠣᠷᠤᠵᠤ ᠂ ᠶᠤᠸᠠᠨ ᠮᠢᠩ ᠶᠤᠸᠠᠨ ᠢ ᠳᠡᠭᠡᠷᠡᠮᠳᠡᠨ ᠭᠠᠯᠳᠠᠪᠠ᠃
1865 ᠣᠨ ᠳᠤ᠂ ᠰᠡᠩᠭᠡᠷᠢᠡᠴᠢᠨ ᠱᠠᠠᠳᠦ᠋ᠩ ᠳᠤ ᠨᠢᠶᠠᠠᠵᠢᠶᠦᠨ ᠴᠡᠷᠢᠭ᠌ ᠢ ᠳᠠᠷᠤᠩᠭ᠋ᠣᠢ᠌ᠯᠠᠬᠤ ᠪᠠᠢ᠌ᠯᠳᠤᠭᠠᠨ ᠳᠤ ᠨᠢᠶᠠᠠᠵᠢᠶᠤᠨ ᠴᠡᠷᠢᠭ᠌ ᠳᠦ ᠪᠦᠰᠡᠯᠡᠭ᠍ᠳᠡᠨ ᠪᠠᠷᠢᠪᠴᠢᠯᠠᠭᠳᠠᠵᠤ ᠠᠯᠠᠭᠳᠠᠪᠠ᠂ 55 ᠨᠠᠰᠤᠳᠠᠢ ᠃ ᠰᠡᠩᠭᠡᠷᠢᠡᠴᠢᠨ ᠠᠯᠠᠭᠳᠠᠠᠰᠠᠨ ᠴᠢᠮᠡᠭᠡ ᠪᠠᠭᠡᠵᠢᠩ ᠢ ᠰᠤᠴᠢᠭᠠᠵᠤ᠂ 3 ᠡᠳᠦᠷ ᠴᠤᠤ ᠬᠤᠷᠠᠭᠰᠠᠨ ᠦᠭᠡᠶ ᠪᠠᠷ ᠭᠠᠰᠢᠭᠤᠳᠠᠪᠠ᠃ ᠪᠠᠭᠡᠵᠢᠩ ᠳᠤ 显忠祠 ᠪᠠᠢ᠌ᠭᠤᠯᠵᠤ ᠥᠭ᠍ᠪᠡ᠃
ᠰᠡᠩᠭᠡᠷᠢᠡᠴᠢᠨ ᠤ ᠳᠠᠷᠠᠭ᠎ᠠ ᠴᠢᠩ ᠤᠨ ᠲᠦᠷᠦ ᠽᠸᠩ ᠭᠦᠸᠧ ᠹᠠᠨ ᠳᠤ ᠵᠠᠷᠯᠢᠭ ᠪᠠᠭᠤᠯᠭᠠᠨ ᠨᠢᠶᠠᠠᠵᠢᠶᠤᠨ ᠴᠡᠷᠢᠭ᠌ ᠢ ᠳᠠᠷᠤᠩᠭ᠋ᠣᠢ᠌ᠯᠠᠪᠠ᠃ ᠢᠩᠭᠢᠭᠡᠤᠨ ᠴᠡᠷᠢᠭ᠌ ᠤᠨ ᠡᠷᠭᠡ ᠽᠸᠩ ᠭᠦᠸᠧ ᠹᠠᠨ ᠂ ᠯᠢ ᠬᠤᠩ ᠵᠠᠩ ᠤᠨ ᠭᠠᠷ ᠲᠤ ᠰᠢᠯᠵᠢᠪᠠ᠃
ᠰᠡᠩᠭᠡᠷᠢᠡᠴᠢᠨ ᠤ ᠳᠦᠷᠪᠠᠳᠦᠭᠡᠷ ᠦᠶ᠎ᠡ ᠭᠡᠰᠢᠭ᠌ ᠭᠤᠮᠢᠠᠳᠠᠩ ᠤᠨ ᠳᠤᠮᠢᠯᠠᠯᠳᠠ ᠪᠠᠷ ᠬᠤᠷᠴᠢᠨ ᠵᠡᠭᠦᠨ ᠭᠠᠷᠤᠨ ᠬᠣᠢ᠌ᠳᠤ ᠬᠤᠰᠢᠭᠤᠨ ᠤ ᠵᠢᠷᠭᠠᠯᠠᠩ ᠳᠤ ᠬᠤᠰᠢᠭᠤᠨ ᠳᠠᠷᠤᠭ᠎ᠠ ᠪᠠᠷ ᠰᠠᠭᠤᠵᠤ ᠂ 1947 ᠣᠨ ᠳᠤ ᠦᠪᠣᠷ ᠮᠤᠩᠭ᠋ᠤᠯ ᠤᠨ ᠠᠷᠠᠤᠨ ᠤᠨ ᠦᠪᠡᠷ ᠢ ᠪᠠᠨ ᠬᠠᠮᠠᠭᠠᠯᠠᠬᠤ ᠴᠡᠷᠢᠭ᠌ ᠲᠤ ᠪᠠᠷᠢᠪᠴᠢᠯᠠᠭᠳᠠᠪᠠ᠃ ᠰᠡᠩᠭᠡᠷᠢᠡᠴᠢᠨ ᠭᠢᠭᠡᠤᠨ ᠬᠣᠢ᠌ᠴᠢᠰ ᠤᠨ ᠸᠠᠩ ᠤᠨ ᠣᠷᠳᠤᠨ ᠣᠳᠤ ᠶᠢᠨ ᠪᠠᠭᠡᠵᠢᠩ ᠤᠨ ᠵᠡᠬᠥᠨ ᠬᠤᠳᠡ ᠳᠤᠭᠤᠷᠢᠭ (北京市东城区 ) ᠲᠤ ᠪᠣᠢ ᠃
ᠵᠤᠬᠢᠶᠠᠭᠴᠢ ᠶᠢᠨ ᠬᠠᠶᠢᠭ ᠄ ᠳᠥ᠋ᠡᠭᠯᠢᠶᠤᠤ ᠬᠤᠳᠠ ᠵᠢᠨ ᠬᠤᠷᠴᠢᠨ ᠵᠡᠭᠦᠨ ᠭᠠᠷᠤᠨ ᠳᠤᠮᠳᠠᠳᠤ ᠬᠤᠰᠢᠭᠤ
ᠵᠤᠬᠢᠶᠠᠭᠴᠢ᠄ ᠭᠡᠷᠡᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠮᠤᠩᠭᠤᠯ ᠲᠡᠦᠬᠡᠳᠠᠷᠤᠮ᠄ 73132
ᠴᠠᠭ᠄ 2013 ᠤᠨ ᠤ 04 ᠰᠠᠷ᠎ᠠ ᠶᠢᠨ 19
ᠨᠠᠢ᠌ᠷᠠᠭᠤᠯᠤᠭᠴᠢ᠄ ᠪᠦᠬᠡᠡᠷᠳᠡᠨᠢ