ᠨᠡᠪᠲᠡᠷᠡᠨ ᠤᠷᠤᠬᠤ
ᠲᠦᠰᠢᠶᠠᠳᠤ ᠬᠤᠷᠢᠮ ᠤᠨ ᠭᠡᠯᠡᠮᠦᠷ


ᠨᠢᠭᠡᠳᠦᠭᠡᠷ ᠨᠤᠭᠤᠯᠤᠭ᠎ᠠ [ᠨᠤᠶᠠᠨ ᠣᠷᠤᠭ ᠳᠤᠰᠬᠤ]


ᠡᠷᠭᠢᠮ ᠣᠯᠠᠨ ᠵᠤᠴᠢᠳ ᠠᠪᠣᠭᠠᠢ ᠨᠡᠷ᠂ ᠠᠪᠠᠬᠠᠢ ᠨᠡᠷ᠄

ᠨᠤᠶᠠᠨ ᠣᠷᠤᠭ ᠨᠢ ᠳᠡᠭᠡᠭ᠍ᠰᠢ ᠪᠠᠨ ᠰᠠᠭᠤ᠂

ᠨᠠᠭᠠᠴᠤ ᠠᠪᠣ ᠨᠢ ᠳᠤᠳᠤᠭᠰᠢ ᠪᠠᠨ ᠰᠠᠭᠤ

ᠭᠦᠷᠭᠡᠵᠤ ᠢᠷᠡᠭ᠍ᠰᠡᠨ ᠭᠡᠢ᠌ᠴᠢᠨ ᠤᠳ

ᠬᠠᠠᠵᠤᠨ ᠳᠡᠭᠡᠷ᠎ᠡ ᠨᠢ ᠯᠠᠪᠳᠠᠭᠤᠬᠠᠨ ᠰᠠᠭᠤ

ᠬᠤᠯᠠ ᠡᠴᠡ ᠢᠷᠡᠭ᠍ᠰᠡᠨ ᠣᠷᠤᠭ ᠤᠳ

ᠬᠣᠢ᠌ᠮᠤᠷ ᠳᠠᠯ᠎ᠠ ᠳᠤᠨᠢ ᠬᠠᠯᠠᠭᠤᠬᠠᠨ ᠰᠠᠭᠤ

ᠠᠯᠤᠰ ᠡᠴᠡ ᠢᠷᠡᠭ᠍ᠰᠡᠨ ᠨᠢ ᠣᠷᠢᠳᠠᠪᠠᠷ ᠰᠠᠭᠤ

ᠠᠪᠠᠭ᠎ᠠ ᠠᠪᠣ ᠨᠢ ᠳᠡᠭ᠍ᠰᠢᠭᠡᠨ ᠰᠠᠭᠤ

ᠳᠠᠭᠠᠷᠠᠭᠠᠤᠨ ᠢᠷᠡᠭ᠍ᠰᠡᠨ ᠨᠢ ᠳᠡᠭᠡᠭ᠍ᠰᠢ ᠪᠠᠨ ᠰᠠᠭᠤ

ᠳᠠᠷᠤᠭᠠᠯᠠᠵᠤ ᠢᠷᠡᠭ᠍ᠰᠡᠨ ᠨᠢ ᠳᠤᠳᠤᠭᠰᠢ ᠪᠠᠨ ᠰᠠᠭᠤ

ᠠᠪᠣ ᠠᠭᠤᠯᠠ ᠶᠢᠨ ᠬᠣᠢ᠌ᠮᠤᠷ ᠲᠤ ᠥᠰᠦᠭ᠍ᠰᠡᠨ

ᠠᠩᠭ᠋᠎ᠠ ᠬᠡᠦᠭᠡᠨ ᠶᠢᠡᠨ ᠭᠦᠷᠭᠡᠵᠤ ᠢᠷᠠᠵᠠᠢ

ᠡᠵᠢ ᠮᠤᠳᠤ ᠶᠢᠨ ᠶᠢᠡᠨ ᠡᠪᠦᠷ ᠲᠤ ᠪᠣᠢ᠌ᠵᠢᠭᠰᠠᠨ

ᠡᠷᠭᠡ ᠦᠭᠢᠨ ᠶᠢᠡᠨ ᠮᠤᠷᠳᠠᠭᠤᠯᠵᠤ ᠢᠷᠠᠵᠠᠢ

ᠦᠬᠢᠨ ᠶᠢᠡᠨ ᠭᠦᠷᠭᠡᠵᠤ ᠢᠷᠡᠭ᠍ᠰᠡᠨ ᠴᠢᠨᠢ

ᠥᠯᠢᠦᠡᠭᠡᠰᠢ ᠦᠭᠡᠶ ᠭᠦᠡᠳᠦᠳᠡᠢ ᠰᠢᠤ

ᠪᠠᠷᠢ ᠪᠠᠨ ᠳᠤᠰᠴᠤ ᠠᠪᠣᠭᠰᠠᠨ ᠴᠢᠨᠢ

ᠪᠠᠶᠠᠷᠯᠠᠭᠠᠤᠨ ᠪᠠᠷᠠᠬᠤ ᠦᠭᠡᠶ ᠴᠢᠷᠠᠢ ᠲᠡᠶ ᠰᠢᠤ

ᠳᠠᠩᠭᠢᠰ ᠨᠠᠭᠤᠷ ᠤᠨ ᠣᠰᠤᠨ ᠠᠳᠠᠯᠢᠬᠠᠨ

ᠳᠤᠭᠢᠯᠢᠭ ᠳᠦᠷᠦᠭ᠍ᠰᠡᠨ ᠬᠡᠦᠭᠡᠨ ᠦᠷ᠎ᠡ ᠪᠠᠨ

ᠲᠦᠰᠢ ᠳᠠᠮᠤᠷ ᠰᠢᠭ᠌ ᠬᠠᠳᠠᠨ ᠵᠠᠯᠠᠭᠤ ᠳᠤ

ᠲᠦᠰᠢᠶᠠᠳᠤ ᠶᠢᠨ ᠨᠤᠳᠤᠭ ᠲᠤ ᠮᠤᠷᠳᠠᠭᠤᠯᠵᠤ ᠢᠷᠠᠵᠠᠢ

ᠵᠠᠬ᠎ᠠ ᠨᠤᠳᠤᠭ ᠤᠨ ᠶᠢᠡᠨ ᠦᠷᠦᠴᠠᠨ ᠳᠡᠭᠡᠷ᠎ᠡ

ᠵᠢᠷᠤᠭ ᠰᠢᠭ᠌ ᠳᠦᠷᠦᠭ᠍ᠰᠡᠨ ᠬᠡᠦᠭᠡᠨ ᠦᠷ᠎ᠡ ᠪᠠᠨ

ᠭᠦᠡᠳᠦᠯ ᠨᠤᠳᠤᠭ ᠤᠨ ᠪᠠᠭᠤᠴᠠᠨ ᠳᠡᠭᠡᠷᠡᠭᠢ

ᠭᠦᠳᠡᠷ ᠴᠢᠭᠢᠷᠠᠭ ᠵᠠᠯᠠᠭᠤ ᠳᠤ ᠭᠦᠷᠭᠡᠵᠤ ᠢᠷᠠᠵᠠᠢ

ᠬᠤᠯᠠ ᠶᠢᠨ ᠵᠠᠮ ᠢ ᠭᠦᠭᠡᠭᠡᠵᠤ ᠢᠷᠡᠭ᠍ᠰᠡᠨ ᠳ᠋ᠠ

ᠬᠤᠭᠤᠯᠠᠢ ᠨᠤᠷᠭᠠᠬᠤ ᠴᠠᠢ ᠶᠢᠨ ᠰᠢᠷᠡᠭᠡ ᠵᠠᠰᠠᠵᠠᠢ

ᠡᠳᠦᠷ ᠤᠨ ᠵᠠᠮ ᠢ ᠡᠪᠭᠡᠭᠡᠳ ᠢᠷᠡᠭ᠍ᠰᠡᠨ ᠪᠠᠢ᠌ᠨ᠎ᠠ

ᠥᠷᠯᠦᠭᠡ ᠶᠢᠨ ᠰᠠᠢ᠌ᠬᠠᠨ ᠴᠠᠢ ᠶᠢᠨ ᠰᠢᠷᠡᠭᠡ ᠵᠠᠰᠠᠵᠠᠢ

ᠦᠷᠦᠮ᠎ᠡ ᠳᠤᠰᠤ ᠬᠤᠷᠤᠳ ᠪᠦᠭᠦᠨ ᠢ ᠳᠠᠯᠪᠢᠭᠠᠤᠨ

ᠦᠨᠳᠦᠷ ᠭᠦᠡᠳᠦᠳᠡᠢ ᠨᠤᠶᠠᠨ ᠣᠷᠤᠭ ᠢ ᠳᠠᠢ᠌ᠯᠠᠨ᠎ᠠ

ᠪᠣᠤᠪᠣ ᠪᠣᠭᠤᠷᠰᠤᠭ ᠰᠢᠭᠢᠷ ᠳᠡᠷᠢᠭᠦᠳᠡᠨ ᠢ ᠥᠷᠦᠭᠡᠳ

ᠦᠨᠳᠦᠷ ᠭᠦᠡᠳᠦᠳᠡᠢ ᠨᠤᠶᠠᠨ ᠣᠷᠤᠭ ᠢ ᠳᠠᠢ᠌ᠯᠠᠨ᠎ᠠ

ᠵᠠᠮ ᠤᠨ ᠬᠤᠯᠠ ᠶᠢ᠌ ᠭᠦᠭᠡᠭᠡᠵᠤ ᠢᠷᠡᠭ᠍ᠰᠡᠨ ᠣᠷᠤᠭ ᠲᠤ

ᠵᠠᠬ᠎ᠠ ᠨᠤᠳᠤᠭ ᠤᠨ ᠰᠦᠳᠠᠢ ᠴᠠᠢ ᠶᠢ ᠪᠡᠯᠡᠳᠭᠡᠵᠡᠢ

ᠣᠯᠠᠭᠠᠭᠴᠢ ᠦᠨᠢᠶᠠᠨ ᠤ ᠰᠦ᠋ ᠶᠢ ᠰᠢᠪᠳᠤᠷᠤᠨ ᠭᠢᠭ᠍ᠰᠡᠨ

ᠦᠯᠵᠡᠢ ᠮᠦᠷᠳᠠᠢ ᠮᠤᠩᠭ᠋ᠤᠯ ᠭᠠᠵᠠᠷ ᠤᠨ ᠴᠠᠢ

ᠭᠦᠷᠡᠭ᠍ᠴᠢ ᠦᠨᠢᠶᠠᠨ ᠤ ᠭᠦᠭᠦ ᠶᠢ ᠢᠪᠢᠯᠦᠭᠦᠯᠤᠨ ᠰᠠᠭᠠᠭᠠᠭᠰᠠᠨ

ᠭᠦᠭ᠍ᠵᠢᠯᠳᠤ ᠨᠤᠳᠤᠭ ᠤᠨ ᠭᠦᠭᠡ ᠴᠠᠢ ᠶᠢ ᠪᠡᠯᠡᠳᠭᠡᠵᠡᠢ

ᠬᠤᠯᠠ ᠶᠢᠨ ᠭᠠᠵᠠᠷ ᠶᠦᠨᠨᠠᠨ ᠣᠷᠤᠨ ᠡᠴᠡ ᠣᠷᠤᠭᠤᠯᠵᠤ

ᠬᠤᠨᠤᠭ ᠤᠨ ᠭᠡᠢ᠌ᠴᠢᠨ ᠨᠤᠶᠠᠨ ᠣᠷᠤᠭ ᠢ ᠳᠠᠢ᠌ᠯᠠᠬᠤ ᠭᠡᠳ

ᠬᠤᠳᠠᠯᠠ ᠳᠤ ᠳᠦᠭᠡᠭᠡᠭ᠍ᠰᠡᠨ ᠬᠤᠩ ᠴᠠ ᠴᠠᠢ ᠶᠢ ᠪᠡᠯᠡᠳᠭᠡᠵᠡᠢ

ᠳᠡᠭᠡᠳᠡᠢ ᠨᠠᠰᠤᠳᠠᠢ ᠭᠦᠷᠭᠡᠵᠤ ᠢᠷᠡᠭ᠍ᠰᠡᠨ ᠨᠢ ᠣᠤᠭᠤᠭ ᠭᠡᠳ

ᠳᠤᠳᠤᠷ ᠭᠠᠵᠠᠷ ᠤᠨ ᠳ᠋ᠢᠶᠠᠨ ᠬᠤᠩ ᠴᠠ ᠶᠢ ᠪᠡᠯᠡᠳᠭᠡᠵᠡᠢ

ᠴᠠᠰᠤᠨ ᠴᠠᠭᠠᠨ ᠰᠡᠳᠭᠢᠯ ᠶᠢᠡᠷ ᠣᠭᠳᠤᠵᠤ ᠪᠠᠢ᠌ᠨ᠎ᠠ ᠭᠡᠮᠡᠨ

ᠴᠠᠭᠠᠨ ᠢᠳᠡᠭᠡᠨ ᠡᠭᠡᠵᠡᠭᠡᠢ ᠬᠤᠷᠤᠳ ᠢ ᠪᠡᠯᠡᠳᠭᠡᠵᠡᠢ

ᠴᠠᠭᠯᠠᠰᠢ ᠦᠭᠡᠶ ᠭᠦᠡᠳᠤ ᠰᠡᠳᠭᠢᠯ ᠢ ᠢᠯᠡᠷᠡᠭᠦᠯᠤᠨ

ᠴᠠᠭᠠᠨ᠎ᠠ ᠡᠴᠡ ᠣᠷᠤᠭᠤᠯᠤᠭᠰᠠᠨ ᠭᠦᠸᠸᠼᠢ ᠳᠠᠡᠭ᠍ᠴᠤ ᠶᠢ ᠪᠡᠯᠡᠳᠭᠡᠵᠡᠢ

ᠠᠶᠠᠭ᠎ᠠ ᠲᠡᠶ ᠴᠠᠢ ᠨᠢ ᠳᠤᠠᠳᠠᠷᠠᠭᠰᠠᠨ ᠪᠣᠯᠪᠠᠯ

ᠠᠶᠠᠳᠠᠢ ᠥᠢᠯᠡᠴᠢᠯᠡᠭ᠍ᠴᠢ ᠳᠠᠭᠢᠨ ᠳᠦᠭᠦᠷᠭᠡᠵᠤ ᠥᠭ᠌

ᠳᠠᠪᠠᠭ ᠲᠡᠶ ᠦᠷᠦᠮ᠎ᠡ ᠨᠢ ᠳᠤᠳᠠᠭᠤ ᠪᠣᠯᠤᠭᠰᠠᠨ ᠪᠣᠯ

ᠳᠦᠷᠭᠡᠨ ᠳᠦᠷᠭᠡᠨ ᠰᠠᠪᠠᠯᠠᠵᠤ ᠠᠪᠴᠢᠷᠠᠵᠤ ᠥᠭ᠌

ᠳᠤᠳᠤᠷ ᠭᠠᠳᠠᠭᠤᠷ ᠨᠢ ᠢᠯᠡᠭᠦᠤ ᠢᠯᠡᠭᠦᠤ ᠭᠦᠳᠡᠯ

ᠨᠤᠶᠠᠨ ᠣᠷᠤᠭ ᠶᠢᠡᠨ ᠭᠦᠡᠳᠦᠯᠡᠨ ᠭᠦᠡᠳᠦᠯᠡᠨ ᠳᠠᠢ᠌ᠯᠠᠶ᠎ᠠ


ᠬᠤᠷᠢᠮ ᠤᠨ ᠶᠤᠰᠤᠯᠠᠯ


ᠠᠪᠣ ᠶᠢᠨ ᠣᠷᠤᠭ ᠨᠢ ᠠᠪᠠᠭ᠎ᠠ ᠭᠦ ᠭᠦ ᠨᠡᠷ ᠡ

ᠡᠵᠢ ᠶᠢᠨ ᠣᠢ᠌ᠷ᠎ᠠ ᠨᠢ ᠨᠠᠭᠠᠴᠤ ᠠᠨᠢᠶ᠎ᠠ ᠨᠡᠷ ᠡ

ᠠᠪᠣᠭᠠᠢ ᠨᠡᠷ᠂ ᠠᠪᠠᠭᠠᠢ ᠨᠡᠷ ᠡ᠂ ᠠᠪᠠᠬᠠᠢ ᠨᠡᠷ ᠡ

ᠦᠨᠦᠳᠤᠷ ᠪᠣᠯ ᠠᠷᠭ᠎ᠠ ᠶᠢᠨ ᠣᠯᠠᠷᠢᠯ ᠤᠨ ---- ᠊ᠤ ᠡᠳᠦᠷ

ᠪᠢᠯᠢᠭ᠌ ᠤᠨ ᠣᠯᠠᠷᠢᠯ ᠤᠨ ----- ᠊ᠤ ᠡᠳᠦᠷ

ᠪᠠᠯᠵᠢᠨᠢᠮ᠎ᠠ ᠪᠠᠯᠪᠠ ᠵᠤᠭᠢᠴᠠᠨ᠂ ᠦᠯᠵᠠᠢ᠌ᠵᠢᠷᠭᠠᠯ ᠦᠯᠦᠪ ᠨᠠᠢ᠌ᠴᠠᠵᠤ

ᠪᠠᠷᠠᠭᠤᠨ ᠰᠦᠮ᠎ᠡ ᠳᠤ ᠡᠳᠦᠷ ᠥᠵᠡᠭᠦᠯᠵᠤ

ᠵᠡᠭᠦᠨ ᠭᠡᠢ᠌ᠤᠨ ᠲᠤ ᠵᠠᠶᠠᠭ᠎ᠠ ᠪᠣᠳᠤᠭᠤᠯᠵᠤ

ᠳᠡᠭ᠍ᠷᠢ ᠡᠴᠡ ᠵᠠᠶᠠᠭᠠᠳᠠᠢ ᠭᠠᠵᠠᠷ ᠡᠴᠡ ᠬᠤᠯᠪᠣᠭᠠᠳᠠᠢ

ᠬᠤᠶᠠᠷ ᠵᠠᠯᠠᠭᠤ ᠶᠢᠨ ᠬᠤᠷᠢᠮ ᠤᠨ ᠶᠤᠰᠤᠯᠠᠯ ᠤᠨ ᠡᠳᠦᠷ ᠪᠣᠯᠤᠨ᠎ᠠ

《ᠪᠦᠭᠦᠳᠡ ᠨᠠᠢ᠌ᠷᠠᠮᠳᠠᠬᠤ ᠳᠤᠮᠳᠠᠳᠤ ᠠᠷᠠᠤᠨ ᠣᠯᠤᠰ ᠤᠨ

ᠣᠷᠤᠭ ᠤᠨ ᠬᠠᠤᠯᠢ ᠶᠢᠨ ᠪᠠᠳᠤᠯᠠᠪᠣᠷᠢ》ᠲ᠋ᠤᠤᠷ᠎ᠠ

ᠣᠯᠠᠭᠠᠨ ᠭᠠᠳᠠᠷᠳᠠᠢ ᠣᠷᠤᠭᠯᠠᠭᠰᠠᠨ ᠦᠨᠡᠮᠯᠠᠯ ᠶᠢᠡᠨ ᠠᠪᠴᠤ

ᠰᠢᠨ᠎ᠠ ᠭᠡᠷ ᠪᠣᠯᠤᠭᠰᠠᠨ ------ ᠠᠪᠣᠭᠠᠢ ᠪᠠ

------ ᠠᠪᠠᠬᠠᠢ ᠶᠢᠨ ᠬᠤᠷᠢᠮ ᠤᠨ ᠶᠤᠰᠤᠯᠠᠯ ᠪᠣᠯᠤᠨ᠎ᠠ

ᠭᠦᠭᠡ ᠮᠥᠩᠭᠡ ᠳᠡᠭ᠍ᠷᠢ ᠭᠢᠭᠡᠳ ᠭᠦᠷᠦᠰᠦᠳᠤ ᠠᠯᠳᠠᠨ ᠳᠡᠯᠡᠭᠡᠢ

ᠭᠦᠤ ᠭᠡᠦᠭᠡᠨ ᠤ ᠬᠤᠯᠪᠣᠭ᠎ᠠ ᠲᠡᠶ

ᠭᠦᠤ ᠦᠰᠪᠠᠯ ᠪᠠᠷᠢ ᠠᠪᠣᠨ᠎ᠠ᠂ ᠠᠢ᠌ᠯ ᠭᠡᠷ ᠪᠣᠯᠤᠨ᠎ᠠ

ᠭᠡᠦᠭᠡᠨ ᠳᠤᠮᠤᠭᠠᠵᠢᠪᠠᠯ ᠦᠰᠦ ᠶᠢ ᠨᠢ ᠬᠠᠭᠠᠯᠤᠨ᠎ᠠ

ᠲᠦᠷᠦᠯ ᠲᠦᠷᠦᠯ ᠳᠡᠭᠡᠨ ᠠᠮᠢᠳᠤᠷᠠᠵᠤ ᠢᠷᠠᠵᠠᠢ

ᠲᠦᠰᠢᠶᠠᠳᠤ ᠬᠤᠰᠢᠭᠤ ᠨᠠᠷᠠᠳᠠᠢ

ᠣᠨ ᠣᠨ ᠳᠠᠭᠠᠨ ᠣᠠᠳᠤᠷᠠᠵᠤ ᠢᠷᠠᠵᠠᠢ

----- ᠰᠤᠮᠤ ᠨᠤᠳᠤᠭᠳᠠᠢ

ᠳᠠᠷᠠᠭ᠎ᠠ ᠳᠠᠷᠠᠭ᠎ᠠ ᠪᠠᠷ ᠨᠤᠳᠤᠭᠰᠢᠵᠤ ᠰᠠᠭᠤᠭᠰᠠᠨ

----- ᠰᠠᠢ᠌ᠬᠠᠨ ᠠᠢ᠌ᠯ ᠤᠨ

ᠬᠤᠯᠠ ᠣᠢ᠌ᠷ᠎ᠠ ᠳᠤ ᠪᠠᠨ ᠠᠯᠳᠠᠷᠳᠠᠢ ᠵᠠᠯᠠᠭᠤ

ᠬᠤᠳᠠᠯᠠ ᠣᠯᠠᠨ ᠳᠠᠭᠠᠨ ᠡᠨᠡᠷᠢᠯ ᠲᠡᠶ ᠵᠠᠯᠠᠭᠤ --- ᠭᠢᠭᠡᠳ

ᠲᠦᠰᠢᠶᠠᠳᠤ ᠸᠠᠩ ᠤᠨ ᠰᠠᠭᠤᠳᠠᠯ ᠲᠡᠶ

ᠳᠦᠪᠯᠡᠭᠦᠨ ᠰᠠᠢ᠌ᠬᠠᠨ ᠠᠪᠣ ᠲᠡᠶ

ᠰᠢᠶᠤᠤ ᠵᠤᠸᠠᠩ ᠳᠡᠢ᠌ᠭᠡᠤ ᠶᠢᠨ ᠳᠦᠷᠭᠦᠮ ᠲᠡᠶ

ᠰᠢᠳᠤᠷᠭᠤ ᠪᠠᠳᠤ ᠡᠯᠪᠠᠷᠢᠯ ᠲᠡᠶ ᠨᠤᠳᠤᠭ ᠤᠨ

ᠵᠢᠮᠢᠰ ᠤᠨ ᠣᠯᠠᠭᠠᠨ ᠬᠠᠴᠠᠷ ᠲᠡᠶ

ᠵᠢᠮᠢᠯᠵᠡᠭ᠍ᠰᠡᠨ ᠰᠠᠢ᠌ᠬᠠᠨ ᠢᠨᠢᠶᠠᠳᠤ ᠲᠡᠶ

ᠳᠤᠩᠭ᠋ᠠᠯᠠᠭ ᠨᠠᠭᠤᠷ ᠤᠨ ᠣᠰᠤᠨ ᠳᠤ ᠠᠳᠠᠯᠢᠬᠠᠨ

ᠳᠦᠯᠭᠡᠨ ᠳᠤᠭᠳᠠᠭᠤᠨ ᠵᠠᠩ ᠲᠡᠶ

ᠳᠠᠩᠭᠢᠰ ᠨᠠᠭᠤᠷ ᠤᠨ ᠯᠢᠩᠭᠸ᠎ᠠ ᠳᠤ ᠠᠳᠠᠯᠢᠬᠠᠨ

ᠳᠡᠭ᠍ᠰᠢᠭᠡᠨ ᠭᠤᠸᠠᠯᠢᠭ ᠴᠢᠷᠠᠢ ᠲᠡᠶ ---- ᠭᠡᠦᠭᠡᠨ ᠪᠣᠯᠤᠨ᠎ᠠ

ᠵᠠ᠂ ᠣᠭᠤᠴᠠ ᠨᠢᠷᠤᠭᠤ ᠭᠡᠳᠡᠭ᠌ ᠴᠢᠨᠢ

ᠣᠭᠯᠤᠷᠭ᠎ᠠ ᠪᠠᠷ ᠶᠢᠡᠨ ᠨᠠᠢ᠌ᠯᠠᠵᠠᠢ

---------- ᠭᠡᠳᠡᠭ᠌ ᠴᠢᠨᠢ

ᠣᠬᠠᠭᠠᠨ ᠶᠢᠡᠷ ᠶᠢᠡᠨ ᠨᠡᠢ᠌ᠯᠡᠭ᠍ᠰᠡᠨ ᠶᠤᠮ

ᠰᠡᠭᠦᠵᠢ ᠨᠢᠷᠤᠭᠤ ᠭᠡᠳᠡᠭ᠌ ᠴᠢᠨᠢ

ᠰᠡᠭᠡᠷ ᠶᠢᠡᠷ ᠶᠢᠡᠨ ᠨᠡᠢ᠌ᠯᠡᠭ᠍ᠰᠡᠨ ᠶᠤᠮ

---------- ᠭᠡᠳᠡᠭ᠌ ᠴᠢᠨᠢ

ᠰᠡᠳᠭᠢᠯ ᠶᠢᠡᠷ ᠶᠢᠡᠨ ᠨᠡᠢ᠌ᠯᠡᠭ᠍ᠰᠡᠨ ᠶᠤᠮ


ᠬᠤᠷᠢᠮ ᠤᠨ ᠶᠤᠰᠤᠯᠠᠯ ᠡᠭᠢᠯᠡᠨ ᠶᠠᠪᠣᠭᠳᠠᠨ᠎ᠠ᠃


1᠂ ᠳᠡᠭ᠍ᠷᠢ ᠳᠤ ᠮᠥᠷᠭᠦᠭᠦ [ᠴᠤᠭ ᠶᠤᠰᠤᠯᠠᠨ᠎ᠠ]


ᠳᠡᠭ᠍ᠷᠢ ᠳᠡᠭᠡᠨ ᠮᠥᠷᠭᠦᠵᠤ ᠬᠤᠷᠢᠮᠯᠠᠭᠰᠠᠨ ᠳᠤᠯᠠ

ᠳᠡᠭ᠍ᠰᠢᠭᠡᠨ ᠪᠣᠶᠠᠠᠳᠠᠢ ᠵᠢᠷᠭᠠᠵᠤ ᠶᠠᠪᠣ

ᠪᠣᠷᠬᠠᠨ ᠳᠠᠭᠠᠨ ᠶᠤᠰᠤᠯᠠᠵᠤ ᠬᠤᠷᠢᠮᠯᠠᠭᠰᠠᠨ ᠳᠤᠯᠠ

ᠪᠣᠭᠤᠷᠤᠯ ᠪᠣᠯᠳᠠᠯ᠎ᠠ ᠪᠠᠨ ᠵᠢᠷᠭᠠᠵᠤ ᠶᠠᠪᠣ

ᠡᠭᠦᠳᠡᠨ ᠵᠠᠪᠰᠠᠷ ᠴᠤᠩᠬᠤᠨ ᠳᠡᠭᠡᠷ᠎ᠡ ᠡᠴᠡ

ᠡᠪᠦᠭᠡᠨ ᠪᠣᠷᠬᠠᠨ ᠳᠠᠨ ᠢ ᠬᠠᠷᠠᠭᠰᠠᠨ ᠶᠤᠮ

ᠦᠳᠡᠯᠳᠠᠯ᠎ᠠ ᠪᠠᠨ ᠵᠢᠷᠭᠠᠵᠤ ᠶᠠᠪᠣᠬᠤ ᠶᠢᠨ

ᠦᠯᠡᠮᠵᠢ ᠶᠢᠨ ᠪᠣᠶᠠᠨ ᠢ ᠭᠦᠷᠳᠡᠭᠡᠭ᠍ᠰᠡᠨ ᠶᠤᠮ

《ᠬᠠᠷ》 ᠭᠡᠰᠡᠨ ᠬᠠᠨᠢᠶᠠᠳᠤ ᠳᠤᠰᠬᠤ ᠦᠭᠡᠶ

ᠬᠠᠨᠠᠳᠤ ᠭᠡᠷ ᠲᠡᠭᠡᠨ ᠵᠢᠷᠭ᠎ᠠ

《ᠲ᠋ᠤᠷ》 ᠭᠡᠰᠡᠨ ᠳᠤᠮᠤᠭᠤ ᠳᠤᠰᠬᠤ ᠦᠭᠡᠶ

ᠳᠤᠭᠤᠨᠤᠳᠤ ᠭᠡᠷ ᠲᠡᠭᠡᠨ ᠵᠢᠷᠭ᠎ᠠ

ᠠᠩᠭ᠋᠎ᠠ ᠬᠡᠦᠬᠡᠳ ᠠᠷᠪᠢᠨ᠂ ᠳᠠᠯᠠᠢ ᠠᠳᠠᠯᠢ ᠱᠤᠤᠭᠢᠵᠤ ᠶᠠᠪᠣ

ᠠᠷᠤ ᠰᠢᠯᠢ ᠪᠠᠷ ᠳᠦᠭᠦᠷᠡᠩ᠂ ᠠᠳᠤᠭᠤ ᠮᠠᠯ ᠲᠡᠶ ᠠᠮᠢᠳᠤᠷᠠ

ᠡᠮᠦᠨ᠎ᠡ ᠵᠤ᠋ ᠪᠠᠷ ᠪᠦᠷᠭᠦᠳᠡᠯ᠎ᠡ ᠥᠭᠡᠷ ᠬᠤᠨᠢ ᠲᠡᠶ ᠪᠠᠶᠠᠵᠢ

ᠡᠷᠳᠡᠮ ᠮᠡᠳᠡᠯᠭᠡ ᠡᠯᠪᠠᠭ᠌ ᠦᠳᠡᠯᠳᠠᠯ᠎ᠠ ᠴᠤᠭ ᠵᠢᠷᠭᠠᠭᠠᠷᠠᠢ 


2᠂ ᠳᠡᠭᠡᠳᠡᠢ ᠭᠦᠮᠤᠨ ᠳᠤ ᠮᠥᠷᠭᠦᠭᠦ


ᠠᠪᠣ ᠡᠵᠢ ᠳᠡᠭᠡᠨ ᠮᠥᠷᠭᠦᠭ᠍ᠰᠡᠨ ᠶᠤᠮ ᠴᠢᠨᠢ

ᠠᠰᠢᠳᠠ ᠶᠢᠨ ᠵᠢᠷᠭᠠᠯ ᠲᠡᠶ ᠶᠠᠪᠣᠬᠤ ᠶᠤᠮ

ᠠᠴᠢᠯᠠᠯ ᠵᠢᠷᠤᠮ ᠬᠤᠶᠠᠷ ᠢ ᠪᠣᠯ

ᠠᠯᠢ ᠶᠢ ᠴᠤ ᠣᠰᠤᠯᠳᠤᠯ ᠦᠭᠡᠶ ᠭᠦᠢᠴᠡᠭᠡᠭᠦ ᠶᠤᠮ

ᠡᠵᠢ ᠠᠪᠣ ᠳᠠᠭᠠᠨ ᠮᠥᠷᠭᠦᠭ᠍ᠰᠡᠨ ᠶᠤᠮ ᠴᠢᠨᠢ

ᠦᠨᠢ ᠡᠭᠦᠷᠢᠳᠡ ᠪᠠᠨ ᠵᠢᠷᠭᠠᠬᠤ ᠶᠤᠮ

ᠦᠨᠡᠨ ᠰᠡᠳᠭᠢᠯ ᠤᠨ ᠠᠴᠢᠯᠠᠯ ᠶᠢᠡᠨ

ᠥᠷᠯᠦᠭᠡ ᠣᠷᠤᠢ ᠦᠭᠡᠶ ᠭᠦᠷᠳᠡᠭᠡᠭᠦ ᠶᠤᠮ

ᠥᠳᠡᠯᠦᠭ᠍ᠰᠡᠨ ᠨᠠᠰᠤᠳᠠᠢ᠌ᠴᠤᠳ ᠶᠢᠡᠷ ᠭᠦᠡᠳᠦᠯᠡᠵᠤ ᠶᠠᠪᠣ

ᠦᠶ᠎ᠡ ᠶᠢᠨ ᠨᠠᠢ᠌ᠵᠠ ᠲᠡᠶ ᠪᠠᠨ ᠥᠶᠡᠷᠭᠡᠵᠤ ᠶᠠᠪᠣ

ᠠᠭᠰᠢᠷᠠᠭ᠎ᠠ ᠨᠠᠰᠤᠳᠠᠢ᠌ᠴᠤᠳ ᠶᠢᠡᠨ ᠰᠠᠨᠠᠵᠤ ᠶᠠᠪᠣ

ᠠᠩᠭ᠋᠎ᠠ ᠳᠡᠭᠦᠤ ᠨᠡᠷ ᠶᠢᠡᠨ ᠬᠠᠢ᠌ᠷᠠᠯᠠᠵᠤ ᠶᠠᠪᠣ

ᠡᠷᠦᠭᠡᠨ ᠳᠡᠭᠡᠷ᠎ᠡ ᠪᠠᠨ ᠡᠵᠢ ᠲᠡᠶ

ᠦᠯᠡᠮᠵᠢ ᠶᠢᠨ ᠰᠠᠢ᠌ᠬᠠᠨ ᠭᠡᠷ ᠲᠡᠶ ᠠᠮᠢᠳᠤᠷᠠᠬᠤ ᠶᠤᠮ

ᠬᠠᠠᠵᠤᠨ ᠳᠡᠭᠡᠷ᠎ᠡ ᠪᠠᠨ ᠥᠳᠡᠯᠦᠭ᠍ᠰᠡᠨ ᠲᠡᠶ

ᠬᠠᠯᠠᠭᠤᠨ ᠰᠠᠢ᠌ᠨ ᠰᠤᠷᠭᠠᠯ ᠲᠡᠶ ᠠᠮᠢᠳᠤᠷᠠᠬᠤ ᠶᠤᠮ

ᠳᠡᠭᠡᠳᠡᠢ ᠭᠦᠮᠤᠨ ᠤ ᠰᠤᠷᠭᠠᠯ ᠲᠡᠶ ᠳᠤᠯᠠ

ᠳᠠᠩᠳᠠ ᠪᠠᠶᠠᠨ ᠣᠠᠳᠤᠷᠤᠬᠤ ᠶᠤᠮ

ᠥᠳᠡᠯᠦᠭ᠍ᠰᠡᠨ ᠭᠦᠮᠤᠨ ᠤ ᠰᠤᠷᠭᠠᠯ ᠲᠡᠶ ᠳᠤᠯᠠ

ᠦᠨᠢᠳᠠ ᠳᠠᠷᠭᠤᠨ ᠠᠮᠢᠳᠤᠷᠠᠬᠤ ᠶᠤᠮ᠃


3᠂ ᠬᠠᠷᠢᠯᠴᠠᠨ ᠶᠤᠰᠤᠯᠠᠬᠤ

ᠬᠠᠷᠢᠯᠴᠢᠨ ᠬᠤᠸᠠᠷ ᠵᠡᠭᠦᠯᠭᠡᠨ᠎ᠡ 


ᠪᠠᠶ᠎ᠠ ᠪᠠᠶ᠎ᠠ ᠳᠡᠭᠡᠨ ᠶᠤᠰᠤᠯᠠᠭᠰᠠᠨ ᠳᠤᠯᠠ

ᠪᠠᠶᠠᠨ ᠡᠷᠭᠢᠮ ᠵᠢᠷᠭᠠᠵᠤ ᠶᠠᠪᠣᠬᠤ ᠶᠤᠮ

ᠬᠤᠭᠤᠷᠤᠠᠳᠤ ᠪᠠᠨ ᠭᠦᠡᠳᠦᠯᠤᠨ ᠵᠤᠯᠭᠠᠭᠰᠠᠨ ᠡᠴᠡ

ᠬᠠᠢ᠌ᠷ᠎ᠠ ᠪᠠᠷ ᠳᠦᠭᠦᠷᠡᠩ ᠱᠠᠭᠢᠵᠤ ᠶᠠᠪᠣᠬᠤ ᠶᠤᠮ

ᠳᠡᠭᠡᠳᠤ ᠳᠡᠭ᠍ᠷᠢ ᠪᠠᠷ ᠳᠤᠭᠯᠠᠳᠠᠭ

ᠳᠡᠭ᠍ᠵᠢᠨ ᠯᠤᠤ ᠶᠢᠨ ᠪᠦᠷᠢᠯᠸ᠎ᠡ ᠰᠢᠭ᠌

ᠳᠤᠯᠤᠭᠠᠢ ᠮᠡᠭᠦᠢᠨ ---- ᠠᠪᠣᠭᠠᠢ ᠶᠤᠰᠤᠯᠠᠵᠠᠢ

ᠳᠤᠭᠤᠰ ᠭᠠᠷᠤᠳᠢ ᠶᠢᠨ ᠶᠠᠩᠵᠤᠳᠠᠢ

ᠳᠤᠭᠢᠰ ᠳᠤᠭᠢᠰ ᠭᠢᠯᠭᠡᠨ ---- ᠠᠪᠠᠬᠠᠢ ᠶᠤᠰᠤᠯᠠᠵᠠᠢ


4᠂ ᠡᠵᠢ ᠨᠢ ᠪᠠᠷᠢ ᠳᠡᠭᠡᠨ ᠬᠤᠸᠠᠷ ᠵᠡᠭᠦᠯᠭᠡᠭᠦ


ᠬᠠᠳᠬᠤᠵᠤ ᠣᠶᠤᠭᠰᠠᠨ ᠡᠨᠡ ᠬᠤᠸᠠᠷ ᠢ

ᠬᠠᠢ᠌ᠷᠠᠳᠤ ᠪᠠᠷᠢ ᠴᠢᠮ᠎ᠠ ᠳᠤ ᠵᠡᠭᠦᠯᠭᠡᠨ᠎ᠡ ᠭᠡᠳ

ᠬᠤᠷᠭᠤ ᠳᠤ ᠬᠠᠳᠠᠭᠠᠯᠠᠭᠠᠤᠨ ᠣᠳᠠᠵᠠᠢ

ᠬᠤᠨᠤᠭ ᠳᠤᠭᠠᠯᠠᠨ ᠶᠠᠭᠠᠷᠠᠵᠠᠢ

ᠣᠴᠠᠷᠠᠭᠰᠠᠨ ᠣᠯᠠᠨ ᠤ ᠪᠠᠨ ᠳᠤᠮᠳᠠ ᠪᠠᠨ

ᠣᠰᠤᠨ ᠳᠡᠭᠡᠷᠡᠭᠢ ᠴᠡᠴᠡᠭ᠌ ᠠᠳᠠᠯᠢ ᠶᠠᠪᠣ

ᠠᠭᠤᠯᠵᠠᠭᠰᠠᠨ ᠭᠦᠮᠤᠨ ᠤ ᠪᠠᠨ ᠳᠤᠮᠳᠠ

ᠣᠭᠳᠠᠷᠭᠤᠢ ᠳᠡᠭᠡᠷᠡᠭᠢ ᠴᠡᠴᠡᠭ᠌ ᠠᠳᠠᠯᠢ ᠶᠠᠪᠣ᠃


ᠰᠢᠨ᠎ᠠ ᠪᠠᠷᠢ ᠨᠢ ᠬᠠᠳᠠᠮ ᠡᠵᠢ ᠳᠡᠭᠡᠨ ᠬᠤᠸᠠᠷ ᠵᠡᠭᠦᠯᠭᠡᠨ᠎ᠡ


ᠡᠨᠡ ᠬᠤᠸᠠᠷ ᠢ ᠵᠡᠭᠦᠶ᠎ᠡ ᠭᠡᠳ ᠡᠳᠦᠷ ᠣᠳᠠᠭᠠᠨ ᠭᠦᠯᠢᠶᠡᠵᠡᠢ

ᠥᠴᠦᠭᠡᠳᠦᠷ ᠣᠷᠤᠢ ᠳᠤᠯᠳᠠᠯ᠎ᠠ ᠦᠰᠦ ᠪᠠᠨ ᠭᠡᠳᠤ ᠣᠳᠠᠭ᠎ᠠ ᠣᠭᠢᠶᠠᠵᠠᠢ

ᠰᠠᠭᠠᠷᠢ ᠭᠢᠷᠢ ᠥᠯᠡᠳᠡᠭᠡᠭᠦ ᠦᠭᠡᠶ ᠭᠡᠳ ᠰᠠᠪᠣᠩ ᠲᠡᠶ ᠣᠰᠤ ᠪᠠᠷ ᠣᠭᠢᠶᠠᠵᠠᠢ

ᠰᠢᠨ᠎ᠠ ᠪᠠᠷᠢ ᠨᠢ ᠬᠤᠸᠠᠷ ᠵᠡᠭᠦᠯᠭᠡᠨ᠎ᠡ ᠭᠡᠳ

ᠰᠢ ᠫᠠ ᠵᠢᠩ ᠶᠢᠡᠷ ᠪᠠᠰᠠ ᠣᠭᠢᠶᠠᠵᠠᠢ

ᠣᠴᠠᠷᠠᠭᠠᠤᠨ ᠳᠡᠭᠡᠭᠦ ᠪᠠᠷᠢ ᠶᠢᠨ ᠶᠢᠠᠨ

ᠣᠷᠠᠯᠠᠭᠰᠠᠨ ᠬᠤᠸᠠᠷ ᠢ ᠨᠢ ᠵᠡᠭᠦᠶ᠎ᠡ ᠭᠡᠳ

ᠣᠨ ᠣᠳᠠᠭᠠᠨ ᠭᠦᠯᠢᠶᠡᠭ᠍ᠰᠡᠨ ᠶᠤᠮ

ᠦᠨᠦᠳᠤᠷ ᠰᠠ‍‌ᠶᠢ ᠣᠯᠵᠤ ᠵᠡᠭᠦᠭ᠍ᠰᠡᠨ ᠴᠢᠨᠢ

ᠥᠳᠡᠯᠦᠭ᠍ᠰᠡᠨ ᠴᠢᠷᠠᠢ ᠶᠢᠨ ᠭᠢᠨᠢ ᠠᠳᠤᠷᠢᠶ᠎ᠠ ᠨᠢ ᠥᠭᠡᠢ᠌ᠯᠡᠢ᠂

ᠣᠨᠠᠭᠰᠠᠨ ᠰᠢᠳᠤᠨ ᠤ ᠣᠩᠭ᠋ᠤᠷᠬᠠᠢ ᠨᠢ

ᠭᠠᠷᠬᠤ ᠪᠠᠨ ᠮᠠᠷᠳᠠᠭᠠᠤᠨ ᠥᠨᠡᠭᠡᠷᠡᠨ ᠪᠠᠶᠠᠷᠯᠠᠵᠤ ᠪᠠᠢ᠌ᠨ᠎ᠠ


5᠂ ᠰᠢᠨ᠎ᠠ ᠪᠠᠷᠢ ᠠᠮᠠᠨ ᠠᠶᠠᠯᠭ᠎ᠠ ᠰᠤᠯᠢᠬᠤ


ᠰᠢᠨ᠎ᠠ ᠪᠠᠷᠢ ---- ᠠᠪᠠᠬᠠᠢ ᠰᠠ‍‌ᠶᠢ ᠡᠨᠡ ᠭᠡᠷ ᠲᠤ ᠢᠷᠡᠭᠦ ᠳᠤ

ᠡᠵᠢ ᠪᠠᠨ ᠠᠨᠢᠶ᠎ᠠ ᠭᠡᠵᠤ ᠳᠠᠭᠤᠳᠠᠵᠤ ᠪᠠᠢ᠌ᠵᠠᠢ

ᠦᠨᠦᠳᠤᠷ ᠡᠴᠡ ᠡᠭᠢᠯᠡᠭᠡᠳ ᠣᠳᠤ

ᠠᠶᠠᠯᠭ᠎ᠠ ᠰᠤᠯᠢᠬᠤ ᠶᠠᠪᠣᠴᠠ ᠠᠪᠣᠨ᠎ᠠ

ᠠᠩᠭᠢᠷ ᠳᠦᠷᠦᠭ᠍ᠰᠡᠨ ᠰᠢᠨ᠎ᠠ ᠪᠠᠷᠢ ᠳ᠋ᠠ

ᠠᠮᠠ ᠪᠠᠨ ᠳᠦᠭᠦᠷᠡᠳᠡᠯ᠎ᠡ 《ᠡᠵᠢ》ᠭᠡᠵᠤ ᠳᠠᠭᠤᠳᠠᠨ᠎ᠠ

ᠬᠠᠳᠠᠮ ᠡᠵᠢ ᠨᠢ ᠳᠠ ᠬᠠᠷᠠᠳᠠᠢ ᠨᠢᠭᠡ ᠵᠦᠪᠰᠢᠶᠠᠷᠠᠨ᠎ᠠ

ᠬᠠᠯᠠᠭᠤᠨ ᠰᠠᠢ᠌ᠬᠠᠨ ᠡᠨᠡ ᠥᠭᠡᠨ ᠳ᠋ᠤᠨᠢ

ᠬᠠᠳᠠᠮ ᠡᠵᠢ ᠨᠢ ᠵᠤᠭᠤᠰ ᠱᠠᠩᠨᠠᠨ᠎ᠠ

ᠵᠤᠭᠤᠰᠤᠨ ᠳᠤᠳᠠᠬᠤ ᠦᠭᠡᠶ ᠵᠢᠷᠭᠠᠭᠠᠵᠤ ᠶᠠᠪᠣ

ᠵᠠᠷᠤᠭᠠᠤᠨ ᠪᠠᠷᠠᠬᠤ ᠦᠭᠡᠶ ᠵᠤᠭᠤᠰ ᠲᠡᠶ ᠶᠠᠪᠣ᠁

ᠳᠤᠭᠤᠨᠤᠳᠤ ᠭᠡᠷ ᠲᠤ ᠦᠰᠦ ᠪᠠᠨ ᠬᠤᠯᠪᠣᠵᠠᠢ

ᠳᠤᠭᠤᠭᠠᠳᠠᠢ ᠱᠦᠯᠦᠨ ᠳᠤ ᠬᠤᠰᠢᠭᠤ ᠪᠠᠨ ᠬᠤᠯᠪᠣᠵᠠᠢ

ᠬᠤᠠᠳᠠᠭ᠎ᠠ ᠲᠡᠶ ᠠᠷᠢᠭᠢ ᠪᠠᠷ ᠣᠷᠤᠭᠤᠯ ᠶᠢᠡᠨ ᠬᠤᠯᠪᠣᠵᠠᠢ

ᠬᠤᠶᠠᠷ ᠵᠢᠷᠦᠭᠡ ᠪᠠᠨ ᠰᠠᠯᠤᠰᠢ ᠦᠭᠡᠶ ᠬᠤᠯᠪᠣᠵᠠᠢ

ᠭᠡᠵᠢᠶᠡᠳᠡ ᠪᠠᠨ ᠰᠠᠯᠬᠤ ᠦᠭᠡᠶ ᠦᠳᠡᠯᠳᠠᠯ᠎ᠠ ᠪᠠᠨ ᠵᠢᠷᠭ᠎ᠠ

ᠨᠠᠰᠤᠨ ᠳᠤ ᠪᠠᠨ ᠴᠤᠭ ᠨᠠᠢ᠌ᠷᠳᠠᠢ ᠵᠢᠷᠭ᠎ᠠ

ᠨᠠᠷᠠᠨ ᠳᠤ ᠠᠳᠠᠯᠢᠬᠠᠨ ᠭᠡᠷᠡᠯᠳᠡᠢ ᠠᠮᠢᠳᠤᠷᠠ

ᠨᠠᠷᠠᠰᠤᠨ ᠳᠤ ᠠᠳᠠᠯᠢᠬᠠᠨ ᠮᠥᠩᠭᠡ ᠠᠮᠢᠳᠤᠷᠠ

ᠰᠠᠷᠠᠨ ᠳᠤ ᠠᠳᠠᠯᠢᠬᠠᠨ ᠭᠡᠷᠡᠯᠳᠡᠢ ᠠᠮᠢᠳᠤᠷᠠ

ᠰᠠᠮᠠᠭᠠᠨ ᠪᠣᠯᠳᠠᠯ᠎ᠠ ᠪᠠᠨ ᠵᠢᠷᠭᠠᠭᠠᠵᠤ ᠠᠮᠢᠳᠤᠷᠠ᠁


ᠬᠤᠶᠠᠳᠤᠭᠠᠷ ᠨᠤᠭᠤᠯᠤᠭ᠎ᠠ [ᠠᠷᠢᠭᠢ ᠪᠠᠷᠢᠬᠤ᠂ ᠰᠢᠷᠡᠭᠡ ᠮᠠᠭᠳᠠᠬᠤ]


ᠵᠧ᠂ ᠬᠤᠶᠠᠷ ᠰᠢᠨ᠎ᠠ ᠭᠦᠮᠤᠨ ᠠᠷᠢᠭᠢ ᠪᠠᠷᠢᠨ᠎ᠠ᠃

ᠠᠩᠬᠠᠨ ᠤ ᠬᠤᠠᠳᠠᠭ᠎ᠠ ᠠᠷᠢᠭᠢ ᠶᠢ ᠠᠮᠰᠠᠵᠤ ᠣᠤᠭᠤᠭᠠᠤᠨ ᠥᠭ᠍ᠪᠠᠯ᠄

ᠠᠳᠠᠷ ᠶᠢᠡᠷ ᠳᠦᠭᠦᠷᠡᠩ ᠮᠠᠯ ᠴᠢᠨᠢ 10 ᠲᠦᠮᠠ ᠪᠠᠷ ᠥᠰᠦᠭ᠌

ᠵᠤ᠋ ᠪᠠᠷ ᠳᠦᠭᠦᠷᠡᠩ ᠬᠤᠨᠢ ᠴᠢᠨᠢ 100 ᠲᠦᠮᠠ ᠪᠠᠷ ᠥᠷᠡᠵᠢᠭ᠌

ᠠᠯᠠᠭ ᠡᠷᠢᠶᠡᠨ ᠥᠭᠡᠷ ᠴᠢᠨᠢ ᠠᠷᠤ ᠳᠠᠯ᠎ᠠ ᠪᠠᠷ ᠳᠦᠭᠦᠷᠡᠩ

ᠵᠤᠤᠵᠠᠢ ᠠᠯᠠᠭ ᠮᠤᠷᠢᠳ ᠴᠢᠨᠢ ᠵᠢᠰᠤ ᠨᠢ ᠨᠢᠭᠡ ᠠᠳᠠᠯᠢᠬᠠᠨ

ᠳᠤᠵᠢᠷ ᠳᠤᠵᠢᠷ ᠬᠤᠨᠢ ᠴᠢᠨᠢ ᠲᠦᠮᠡ ᠶᠢᠨ ᠳᠤᠭ᠎ᠠ ᠶᠢ ᠳᠠᠪᠠᠭ

ᠳᠠᠭᠤᠭᠠᠤᠨ ᠭᠠᠷᠬᠤ ᠮᠠᠯ ᠴᠢᠨᠢ ᠳᠠᠯ᠎ᠠ ᠪᠠᠷ ᠳᠦᠭᠦᠷᠡᠩ ᠥᠰᠦᠭ᠌

ᠮᠠᠢ᠌ᠯᠠᠭᠠᠤᠨ ᠢᠷᠡᠭᠦ ᠬᠤᠨᠢ ᠴᠢᠨᠢ ᠮᠢᠩᠭ᠋᠎ᠠ ᠶᠢᠨ ᠳᠤᠭ᠎ᠠ ᠶᠢ ᠳᠠᠪᠠᠭ

ᠮᠠᠯ ᠳᠠᠷᠢᠶ᠎ᠠ ᠬᠤᠶᠠᠷ ᠴᠢᠨᠢ ᠮᠠᠰᠢ ᠰᠠᠢ᠌ᠬᠠᠨ ᠬᠤᠷᠢᠶᠠᠭ

ᠮᠠᠢ᠌ᠮᠠᠢ ᠠᠷᠠᠯᠵᠢᠶ᠎ᠠ ᠭᠢᠵᠤ ᠪᠠᠢ᠌ᠪᠠᠯ

ᠮᠥᠩᠭᠦ ᠵᠤᠭᠤᠰ ᠨᠢ ᠨᠡᠮᠡᠭ᠍ᠳᠡᠭᠦ ᠶᠤᠮ

ᠠᠷᠠᠤᠨ ᠤᠨ ᠵᠤᠭᠤᠰ ᠭᠡᠳᠡᠭ᠌ ᠢ ᠠᠳᠬᠤ ᠪᠢᠳᠡᠭᠦᠤ ᠪᠠᠷ ᠣᠯᠤᠭ

ᠠᠯᠳᠠ ᠮᠥᠩᠭᠦ ᠭᠡᠳᠡᠭ᠌ ᠢ ᠳᠠᠪᠠᠷᠢ ᠳᠠᠪᠠᠷᠢ ᠪᠠᠷ ᠣᠯᠤᠭ

ᠥᠳᠡᠯᠦᠭᠡ ᠪᠣᠭᠤᠷᠤᠯ ᠨᠢ ᠠᠮᠰᠠᠪᠠᠯ

ᠥᠭᠡᠨ ᠤ ᠢᠷᠦᠭᠡᠯ ᠨᠢ ᠳᠤᠭᠳᠠᠬᠤ ᠶᠤᠮ

ᠦᠶ᠎ᠡ ᠶᠢᠨ ᠵᠠᠯᠠᠭᠤᠰ ᠨᠢ ᠠᠮᠰᠠᠪᠠᠯ

ᠣᠢ᠌ᠯᠠᠰ ᠠᠵᠢᠯ ᠴᠢᠨᠢ ᠥᠭᠡᠳᠡᠯᠡᠭᠦ ᠶᠤᠮ

ᠠᠩᠭ᠋᠎ᠠ ᠳᠡᠭᠦᠤ ᠨᠡᠷ ᠨᠢ ᠣᠤᠭᠤᠪᠠᠯ

ᠳᠠᠷᠢᠭᠢ ᠳᠤᠯᠤᠭᠠᠢ ᠨᠢ ᠣᠯᠠᠮ ᠰᠡᠷᠭᠦᠯᠡᠩ ᠪᠣᠯᠳᠠᠭ

ᠠᠪᠠᠭᠠᠢ ᠨᠡᠷ ᠨᠢ ᠣᠤᠭᠤᠪᠠᠯ

ᠥᠩᠭᠡ ᠵᠢᠰᠤ ᠴᠢᠨᠢ ᠣᠯᠠᠮ ᠭᠤᠶᠤ ᠪᠣᠯᠳᠠᠭ

ᠬᠤᠯᠠ ᠡᠴᠡ ᠢᠷᠡᠭ᠍ᠰᠡᠨ ᠨᠢ ᠣᠤᠭᠤᠪᠠᠯ

ᠠᠶᠠᠨ ᠵᠠᠮ ᠴᠢᠨᠢ ᠠᠮᠤᠷ ᠲᠦᠪᠰᠢᠨ ᠪᠣᠯᠤᠭᠠᠤᠨ

ᠬᠤᠭᠤᠰᠤᠷᠠᠳᠠᠯ᠎ᠠ ᠪᠦᠭᠦᠨ ᠢ ᠣᠤᠭᠤᠪᠠᠯ

ᠭᠡᠢ᠌ᠮᠦᠷᠢ ᠰᠦᠯᠳᠡ ᠴᠢᠨᠢ ᠰᠡᠷᠭᠦᠭᠡᠳ

ᠲᠦᠷᠦ ᠶᠢᠨ ᠠᠵᠢᠯ ᠭᠢᠵᠤ ᠪᠠᠢ᠌ᠪᠠᠯ

ᠳᠤᠰᠢᠶᠠᠯ ᠵᠡᠷᠭᠡ ᠨᠢ ᠨᠡᠮᠡᠭ᠍ᠳᠡᠭᠡᠳ

ᠳᠡᠷᠭᠡ ᠭᠦᠰᠭᠡ ᠵᠢᠯᠤᠭᠤᠤᠠᠴᠤ ᠪᠠᠢ᠌ᠪᠠᠯ

ᠲᠦᠪᠰᠢᠨ ᠠᠮᠤᠭᠤᠯᠠᠩ ᠢᠪᠠᠭᠡᠭᠡᠳ

ᠴᠡᠷᠢᠭ᠌ ᠭᠦᠮᠤᠨ ᠨᠢ ᠣᠤᠭᠤᠪᠠᠯ

ᠱᠠᠩᠵᠢᠶᠠᠩ ᠳ᠋ᠠᠵᠢᠶᠠᠩ ᠪᠣᠯᠤᠭᠠᠤᠨ

ᠳᠠᠷᠢᠶᠠᠴᠢᠨ ᠭᠦᠮᠤᠨ ᠨᠢ ᠣᠤᠭᠤᠪᠠᠯ

ᠳᠠᠷᠢᠶ᠎ᠠ ᠲᠦᠮᠦᠰᠦ ᠨᠢ ᠳᠦᠷᠦᠳᠡᠭ᠌ ᠶᠤᠮ

ᠳᠠᠷᠢᠶ᠎ᠠ ᠤ ᠴᠢᠨᠢ ᠳᠡᠭᠡᠭᠦᠷ ᠳᠠᠭᠤ ᠰᠢᠪᠠᠭᠤ ᠡᠷᠭᠢᠴᠡᠨ᠎ᠡ

ᠳᠠᠭᠤ ᠰᠢᠪᠠᠭᠤ ᠡᠷᠭᠢᠴᠡᠭ᠍ᠰᠡᠨ ᠡᠴᠡ ᠳᠠᠯᠠᠨ ᠳ᠋ᠠᠨ ᠶᠢᠡᠷ ᠣᠯᠤᠨ᠎ᠠ

ᠦᠳᠦᠷᠮ᠎ᠠ ᠶᠢᠨ ᠴᠢᠨᠢ ᠳᠡᠭᠡᠭᠦᠷ ᠡᠷᠢᠶᠡᠨ ᠳᠠᠭᠤ ᠡᠷᠭᠢᠴᠡᠨ᠎ᠡ

ᠡᠷᠢᠶᠡᠨ ᠳᠠᠭᠤ ᠶᠢ ᠳᠠᠭᠠᠭᠠᠤᠨ ᠡᠯᠪᠠᠭ᠌ ᠬᠤᠷᠢᠶᠠᠯᠳᠠ ᠣᠯᠤᠨ᠎ᠠ

ᠮᠠᠯᠴᠢᠨ ᠭᠦᠮᠤᠨ ᠨᠢ ᠣᠤᠭᠤᠪᠠᠯ

ᠮᠠᠯ ᠠᠵᠤ ᠠᠬᠤᠢ ᠴᠢᠨᠢ ᠦᠰᠦᠨ᠎ᠠ

ᠮᠠᠯ ᠤᠨ ᠴᠢᠨᠢ ᠳᠤᠮᠳᠠ ᠮᠠᠩᠨᠠᠢ ᠬᠠᠯᠵᠠᠨ ᠭᠠᠷᠳᠠᠭ

ᠮᠠᠩᠨᠠᠢ ᠬᠠᠯᠵᠢᠨ ᠮᠠᠯ ᠴᠢᠨᠢ ᠮᠢᠩᠭ᠋᠎ᠠ ᠲᠦᠮᠡ ᠪᠠᠷ ᠥᠷᠡᠵᠢᠭ᠌

ᠬᠤᠨᠢ ᠶᠢᠨ ᠴᠢᠨᠢ ᠳᠤᠮᠳᠠ ᠨᠢ ᠬᠤᠩᠰᠢᠶᠠᠷ ᠠᠯᠠᠭ ᠭᠠᠷᠳᠠᠭ

ᠬᠤᠩᠰᠢᠶᠠᠷ ᠠᠯᠠᠭ ᠬᠤᠨᠢ ᠴᠢᠨᠢ ᠬᠤᠷᠢᠨ ᠲᠦᠮᠡ ᠪᠠᠷ ᠥᠷᠡᠵᠢᠭ᠌

ᠠᠳᠤᠭᠤᠨ ᠤ ᠴᠢᠨᠢ ᠳᠤᠮᠳᠠ ᠨᠢ ᠠᠯᠠᠭ ᠴᠤᠬᠤᠷ ᠭᠠᠷᠳᠠᠭ

ᠠᠯᠠᠭ ᠴᠤᠬᠤᠷ ᠠᠳᠤᠭᠤ ᠴᠢᠨᠢ ᠠᠷᠪᠠᠨ ᠲᠦᠮᠡ ᠪᠠᠷ ᠥᠷᠡᠵᠢᠭ᠌

ᠠᠵᠢᠯᠴᠢᠨ ᠭᠦᠮᠤᠨ ᠨᠢ ᠣᠤᠭᠤᠪᠠᠯ

ᠠᠷᠠᠤᠨ ᠤᠨ ᠵᠤᠭᠤᠰ ᠨᠢ ᠨᠡᠮᠡᠭ᠍ᠳᠡᠭᠦ ᠶᠤᠮ

ᠠᠪᠣ ᠭᠦᠮᠤᠨ ᠨᠢ ᠣᠤᠭᠤᠪᠠᠯ

ᠠᠵᠢᠯ ᠣᠢ᠌ᠯᠠᠰ ᠴᠢᠨᠢ ᠪᠦᠳᠦᠭᠦ ᠶᠤᠮ

ᠡᠵᠢ ᠭᠦᠮᠤᠨ ᠨᠢ ᠣᠤᠭᠤᠪᠠᠯ

ᠦᠷ᠎ᠡ ᠬᠡᠦᠬᠡᠳ ᠴᠢᠨᠢ ᠣᠯᠠᠮ ᠰᠡᠷᠭᠦᠯᠡᠩ ᠪᠣᠯᠤᠭᠠᠤᠨ

ᠡᠮᠴᠢ ᠭᠦᠮᠤᠨ ᠨᠢ ᠣᠤᠭᠤᠪᠠᠯ

ᠣᠯᠠᠨ ᠤ ᠡᠪᠡᠳᠴᠢᠨ ᠠᠷᠢᠯᠤᠭᠠᠤᠨ

ᠡᠷᠳᠡᠮᠳᠡᠨ ᠪᠠᠭᠰᠢᠨᠠᠷ ᠨᠢ ᠣᠤᠭᠤᠪᠠᠯ

ᠦᠷ᠎ᠡ ᠱᠠᠪᠢ ᠴᠢᠨᠢ ᠰᠡᠷᠭᠦᠯᠡᠩ ᠪᠣᠯᠤᠭᠠᠤᠨ

ᠣᠯᠤᠰ ᠤᠨ ᠠᠯᠪᠠᠳᠠᠨ ᠨᠢ ᠣᠤᠭᠤᠪᠠᠯ

ᠠᠷᠠᠤᠨ ᠲᠦᠮᠡᠨ ᠡᠩᠭᠡ ᠵᠢᠷᠭᠠᠳᠠᠭ ᠡᠴᠡ

ᠠᠩᠬᠠᠨ ᠤ ᠬᠤᠠᠳᠠᠭ᠎ᠠ ᠠᠷᠢᠭᠢ ᠶᠢ ᠠᠮᠰᠠᠭᠠᠷᠠᠢ᠃

ᠵᠧ᠂ ᠬᠤᠶᠠᠳᠤᠭᠠᠷ ᠬᠤᠠᠳᠠᠭ᠎ᠠ ᠠᠷᠢᠭᠢ ᠶᠢ

ᠭᠦᠡᠳᠦᠷᠤᠨ ᠣᠤᠭᠤᠭᠠᠤᠨ ᠥᠭ᠍ᠪᠠᠯ

ᠭᠡᠢ᠌ᠮᠦᠷᠢ ᠰᠦᠯᠳᠡ ᠴᠢᠨᠢ ᠮᠠᠠᠳᠤᠭᠠᠤᠨ

ᠭᠡᠰᠢᠭ᠌ ᠪᠣᠶᠠᠨ ᠵᠠᠶᠠᠭ᠎ᠠ ᠴᠢᠨᠢ ᠨᠡᠮᠡᠭ᠍ᠳᠡᠭᠡᠳ

《ᠬᠠᠷ》 ᠭᠡᠰᠡᠨ ᠬᠠᠨᠢᠶᠠᠳᠤ ᠦᠭᠡᠶ

ᠭᠡᠵᠢᠶᠡᠳᠡ ᠪᠠᠨ ᠰᠠᠢ᠌ᠬᠠᠨ ᠵᠢᠷᠭᠠᠵᠤ

《ᠲ᠋ᠤᠷ》 ᠭᠡᠰᠡᠨ ᠳᠤᠮᠤᠭᠤ ᠦᠭᠡᠶ

ᠳᠤᠷᠰᠢᠳᠠ ᠪᠠᠨ ᠰᠠᠢ᠌ᠨ ᠵᠢᠷᠭᠠᠵᠤ

ᠠᠯᠬᠤᠬᠤ ᠪᠦᠷᠢ ᠠᠮᠵᠢᠯᠳᠠ ᠶᠢᠨ ᠴᠡᠴᠡᠭ᠌ ᠳᠡᠯᠭᠡᠷᠡᠵᠤ

ᠭᠢᠰᠭᠢᠭᠦ ᠪᠦᠷᠢ ᠭᠡᠭᠡᠨ ᠴᠡᠴᠡᠭ᠌ ᠮᠢᠷᠠᠯᠵᠠᠵᠤ

ᠳᠠᠪᠤᠨ ᠳᠠᠷᠢᠶᠠᠨ ᠦᠷ᠎ᠡ ᠴᠢᠨᠢ ᠡᠯᠪᠠᠭ᠌ ᠳᠦᠷᠦᠭᠡᠳ

ᠳᠠᠪᠤᠨ ᠬᠤᠰᠢᠭᠤ ᠮᠠᠯ ᠴᠢᠨᠢ ᠦᠨᠢᠷ ᠥᠰᠦᠭᠡᠳ

ᠳᠠᠩᠰᠤᠭ ᠰᠠᠢ᠌ᠬᠠᠨ ᠠᠮᠢᠳᠤᠷᠠᠯ ᠴᠢᠨᠢ ᠳᠠᠯᠠᠢ ᠮᠠᠳᠤ ᠴᠠᠯᠭᠢᠯᠠᠭᠠᠤᠨ

ᠡᠷᠦᠭᠡ ᠭᠡᠷ ᠴᠢᠨᠢ ᠥᠭᠡᠳᠡ ᠡᠰᠡᠷᠡᠭ᠌

ᠦᠷ᠎ᠡ ᠬᠡᠦᠬᠡᠳ ᠴᠢᠨᠢ ᠰᠠᠴᠠᠨ ᠰᠡᠷᠭᠦᠯᠡᠩ ᠪᠣᠯᠳᠠᠭ ᠡᠴᠡ

ᠬᠤᠶᠠᠷ ᠬᠤᠠᠳᠠᠭ᠎ᠠ ᠠᠷᠢᠭᠢ ᠶᠢ ᠭᠦᠡᠳᠦᠷᠤᠨ ᠣᠤᠭᠤᠭᠠᠷᠠᠢ᠃


ᠰᠢᠷᠡᠭᠡ ᠮᠠᠭᠳᠠᠬᠤ


ᠠᠬ᠎ᠠ ᠳᠡᠭᠦᠤ ᠳᠠ ᠨᠡᠷ ᠶᠢᠡᠨ ᠳᠠᠢ᠌ᠯᠠᠨ᠎ᠠ ᠭᠡᠳ

ᠠᠮᠪᠠᠨ ᠬᠤᠨᠢᠨ ᠤ ᠰᠢᠭᠦᠰᠤ ᠳᠠᠷᠤᠭᠠᠤᠨ

ᠬᠤᠨᠢᠨ ᠮᠢᠬᠠᠨ ᠤ ᠱᠸᠤ ᠪᠠ ᠷᠸᠤ

ᠠᠮᠠᠨ ᠭᠦᠨᠡᠰᠤ ᠲᠡᠶ ᠭᠠᠬᠠᠢ ᠠᠯᠠᠭᠠᠤᠨ

ᠭᠠᠬᠠᠢ ᠶᠢᠨ ᠮᠢᠬᠠᠨ ᠤ ᠱᠸᠤ ᠪᠠ ᠷᠸᠤ

ᠦᠨᠳᠦᠷ ᠳᠡᠭᠡᠭᠦᠷ ᠨᠢᠰᠳᠡᠭ᠌ ᠵᠢᠭᠦᠷᠳᠡᠨ ᠠᠮᠢᠳᠠᠨ ᠤ ᠮᠢᠬ᠎ᠠ

ᠣᠰᠤᠨ ᠳᠤᠳᠤᠷ᠎ᠠ ᠱᠤᠩᠪᠠᠳᠠᠭ ᠵᠢᠭᠠᠰᠤᠨ ᠲᠦᠷᠦᠯ ᠤᠨ ᠮᠢᠬ᠎ᠠ

ᠮᠧ ᠮᠥᠭᠦ ᠶᠢ ᠬᠠᠭᠤᠷᠤᠭᠰᠠᠨ ᠦᠭᠡᠶ

ᠮᠢᠬ᠎ᠠ ᠳᠠᠷᠢᠶ᠎ᠠ ᠪᠠᠷ ᠳᠦᠭᠦᠷᠭᠡᠵᠡᠢ

ᠰᠤᠸᠠᠨ ᠲᠡᠶ᠂ ᠴᠢᠨ ᠼᠠᠢ ᠶᠢ ᠬᠠᠭᠤᠷᠤᠭᠰᠠᠨ ᠦᠭᠡᠶ

ᠱᠸᠤ ᠪᠠ ᠷᠸᠤ ᠢᠳᠡᠭᠦᠯᠭᠦ ᠪᠠᠷ ᠵᠤᠬᠢᠶᠠᠵᠠᠢ

ᠬᠠᠯᠠᠭᠤᠨ ᠬᠤᠰᠢᠭᠤᠳᠠᠢ ᠬᠤᠨᠢᠨ ᠮᠢᠬ᠎ᠠ

ᠬᠠᠯᠢᠭᠤᠨ ᠦᠰᠦᠳᠠᠢ ᠥᠭᠡᠷ ᠤᠨ ᠮᠢᠬ᠎ᠠ

ᠬᠠᠷ᠎ᠠ ᠨᠢ ᠠᠷᠪᠢᠨ ᠭᠠᠬᠠᠢ ᠶᠢᠨ ᠮᠢᠬ᠎ᠠ

ᠬᠠᠷᠢ ᠳᠠᠯᠠᠢ ᠶᠢᠨ ᠵᠢᠭᠠᠰᠤᠨ ᠮᠢᠬ᠎ᠠ

ᠡᠷᠳᠡ ᠳᠤᠤᠭᠠᠷᠳᠠᠭ ᠳᠠᠭᠢᠶᠠᠨ ᠮᠢᠬ᠎ᠠ

ᠦᠨᠳᠦᠷ ᠲᠤ ᠨᠢᠰᠳᠡᠭ᠌ ᠪᠦᠳᠦᠨ᠎ᠡ ᠶᠢᠨ ᠮᠢᠬ᠎ᠠ

ᠦᠨᠳᠦᠷ ᠴᠢᠭᠢᠳᠠᠢ ᠳᠠᠤᠯᠠᠢ ᠶᠢᠨ ᠮᠢᠬ᠎ᠠ

ᠡᠮᠦᠨ᠎ᠡ ᠣᠷᠤᠨ ᠤ ᠰᠤᠨᠢᠨ ᠨᠤᠭᠤᠭ᠎ᠠ

ᠣᠮᠠᠷ᠎ᠠ ᠭᠠᠵᠠᠷ ᠤᠨ ᠣᠯᠠᠨ ᠮᠢᠬ᠎ᠠ

ᠴᠤᠤ ᠼᠠᠢ ᠨᠤᠭᠤᠭ᠎ᠠ᠂ ᠳᠦᠨ ᠼᠠᠢ ᠨᠤᠭᠤᠭ᠎ᠠ

ᠼᠤᠤ ᠵᠢᠶᠠᠩᠶᠤ ᠲᠡᠶ ᠬᠠᠭᠤᠷᠤᠭᠰᠠᠨ ᠨᠤᠭᠤᠭ᠎ᠠ

ᠰᠤᠩᠭᠢᠨ᠎ᠠ ᠭᠢᠵᠠᠢ᠂ ᠰᠠᠷᠢᠮᠰᠠᠭ ᠭᠢᠵᠠᠢ

ᠰᠡᠳᠭᠢᠯ ᠳᠠᠯᠪᠢᠨ ᠬᠠᠭᠤᠷᠠᠵᠤ ᠭᠢᠵᠠᠢ

ᠳᠠᠪᠣᠰᠤ ᠭᠢᠵᠠᠢ᠂ ᠳ᠋ᠠ ᠯᠢᠶᠤᠤ ᠭᠢᠵᠠᠢ

ᠳᠤᠭᠤᠭ᠎ᠠ ᠰᠢᠨᠠᠭ᠎ᠠ ᠶᠢ ᠳᠤᠭᠰᠢᠵᠤ ᠬᠠᠭᠤᠷᠠᠵᠠᠢ

--------------------

ᠬᠠᠷ᠎ᠠ ᠠᠷᠢᠭᠢ ᠡ᠂ ᠰᠢᠷ᠎ᠠ ᠠᠷᠢᠭᠢ ᠡ

ᠬᠠᠷᠢ ᠭᠠᠵᠠᠷ ᠤᠨ ᠰᠠᠢ᠌ᠨ ᠠᠷᠢᠭᠢ ᠡ

ᠪᠠᠢ᠌ᠵᠢᠶᠤ ᠠᠷᠢᠭᠢ ᠡ ᠹᠢᠵᠢᠶᠤ ᠠᠷᠢᠭᠢ ᠡ

ᠪᠠᠵᠢᠮᠠᠨ ᠥᠩᠭᠡᠳᠡᠢ ᠰᠠᠢ᠌ᠨ ᠠᠷᠢᠭᠢ ᠡ

ᠵᠦᠩᠰᠠ ᠲᠡᠶ ᠠᠷᠢᠭᠢ ᠡ᠂ ᠵᠢᠮᠢᠰ ᠤᠨ ᠠᠷᠢᠭᠢ ᠡ

ᠵᠣᠢ᠌ᠯ ᠪᠦᠷᠢ ᠶᠢᠨ ᠰᠠᠢ᠌ᠨ ᠠᠷᠢᠭᠢ ᠡ

ᠬᠤᠠᠳᠠᠭ᠎ᠠ ᠲᠡᠶ ᠠᠷᠢᠭᠢ ᠡ᠂ ᠯᠤᠩᠬᠤ ᠲᠡᠶ ᠠᠷᠢᠭᠢ ᠡ

ᠭᠢᠩᠭ᠋ᠠᠨ ᠠᠢ᠌ᠮᠠᠭ ᠤᠨ ᠭᠦᠢᠯᠡᠷ ᠠᠷᠢᠭᠢ ᠡ

ᠰᠢᠷ᠎ᠠ ᠠᠷᠢᠭᠢ ᠡ᠂ ᠬᠠᠷ᠎ᠠ ᠠᠷᠢᠭᠢ ᠡ

ᠰᠢᠤᠸᠠᠢ ᠬᠤᠧᠨ ᠨᠠᠷᠠᠳᠠᠢ ᠹᠢᠵᠢᠶ‍ᠸᠤ ᠠᠷᠢᠭᠢ ᠡ

ᠦᠵᠦᠮ ᠤᠨ ᠠᠷᠢᠭᠢ ᠡ᠂ ᠥᠩᠭᠡᠳᠡᠢ ᠠᠷᠢᠭᠢ ᠡ

ᠣᠯᠠᠨ ᠳᠠᠭᠠᠨ ᠪᠠᠷᠢᠭᠰᠠᠨ ᠰᠠᠢ᠌ᠨ ᠠᠷᠢᠭᠢ ᠡ

ᠳᠤᠭᠰᠢᠨ ᠬᠠᠷ᠎ᠠ ᠨᠠᠷᠠᠳᠠᠢ ᠠᠷᠢᠭᠢ ᠡ

ᠳᠤᠯᠤᠭᠠᠢ ᠳᠤ ᠭᠠᠷᠬᠤ ᠦᠭᠡᠶ ᠰᠠᠢ᠌ᠨ ᠠᠷᠢᠭᠢ ᠡ

ᠮᠥᠷᠭᠦᠭᠦᠯᠦᠭᠡᠳ ᠣᠤᠭᠤᠬᠤ ᠳᠤ ᠮᠤᠩᠭ᠋ᠤᠯ ᠤᠨ ᠠᠷᠢᠭᠢ ᠡ

ᠮᠥᠩᠭᠦᠨ ᠬᠤᠠᠳᠠᠭ᠎ᠠ᠂ ᠠᠯᠳᠠᠨ ᠬᠤᠠᠳᠠᠭ᠎ᠠ

ᠮᠠᠨᠤᠰ ᠤᠨ ᠳᠤᠮᠳᠠ ᠪᠠᠨ ᠳᠠᠭᠤᠯᠠᠳᠠᠭ ᠬᠤᠳᠠᠭ᠎ᠠ

ᠵᠠ᠂ ᠰᠢᠨ᠎ᠠ ᠪᠠᠷᠢ᠂ ᠰᠢᠨ᠎ᠠ ᠭᠦᠷᠭᠡᠨ ᠠᠷᠢᠭᠢ ᠪᠠᠷᠢᠬᠤ ᠶᠢᠨ ᠳᠤᠮᠳᠠ

ᠠᠬᠠᠮᠠᠤᠨ ᠰᠡᠭᠦᠳᠡᠷᠯᠡᠭ᠍ᠴᠢ ---- ᠢ ᠣᠷᠢᠨ ᠰᠡᠭᠦᠳᠡᠷᠯᠡᠭᠦᠯᠵᠤ

ᠠᠯᠳᠠᠷᠳᠤ ᠭᠦᠭ᠍ᠵᠢᠮᠴᠢᠨ ---- ᠢ ᠣᠷᠢᠨ ᠭᠦᠭ᠍ᠵᠢᠮᠳᠡᠭᠦᠯᠵᠤ

ᠨᠠᠷᠠᠳᠤ ᠳᠠᠭᠤᠴᠢᠨ ----- ᠢ ᠣᠷᠢᠨ ᠳᠠᠭᠤᠯᠠᠭᠤᠯᠵᠤ

ᠪᠠᠶᠠᠷ ᠳᠡᠭᠡᠷ᠎ᠡ ᠪᠠᠶᠠᠷ ᠨᠠᠮᠠᠵᠤ᠂ ᠪᠠᠶ‍ᠰᠤᠯᠴᠠᠨ ᠳᠠᠭᠤᠯᠵᠠᠭᠠᠶ᠎ᠠ᠃

ᠬᠤᠷᠢᠮ ᠤᠨ ᠶᠤᠰᠤᠯᠠᠯ ᠦᠨᠳᠦᠷᠯᠠᠯ᠎ᠠ᠃

ᠳᠠ ᠪᠦᠭᠦᠨ

ᠬᠤᠠᠳᠠᠭ᠎ᠠ ᠳᠠᠯᠪᠢᠯ ᠦᠭᠡᠶ ᠠᠷᠢᠭᠢ ᠣᠤᠭᠤᠵᠤ

ᠬᠤᠳᠠᠭ᠎ᠠ ᠳᠠᠯᠪᠢᠯ ᠦᠭᠡᠶ ᠮᠢᠬ᠎ᠠ ᠢᠳᠠᠵᠤ ᠭᠦᠭᠡᠷᠦᠯᠳᠤᠨ ᠨᠠᠢ᠌ᠷᠠᠯᠳᠤᠭᠠᠷᠠᠢ᠃


[ᠲ᠋ᠡᠭᠦᠰᠪᠡ]


ᠵᠤᠬᠢᠶᠠᠭᠴᠢ ᠶᠢᠨ ᠬᠠᠶ‍ᠢᠭ᠄ ᠭᠢᠩᠭ᠋ᠠᠨ ᠠᠢ᠌ᠮᠠᠭ ᠤᠨ ᠲᠦᠰᠢᠶᠠᠳᠤ ᠬᠤᠰᠢᠭᠤᠨ ᠤ ᠭᠦᠡᠳᠡᠯᠡᠨ ᠰᠤᠷᠭᠠᠭᠤᠯᠢ

ᠵᠤᠬᠢᠶᠠᠭᠴᠢ᠄ ᠯᠢ ᠮᠢᠩ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠤᠶᠤᠯ ᠣᠷᠠᠯᠢᠭ
ᠳᠠᠷᠤᠮ᠄ 7452
ᠴᠠᠭ᠄ 2009 ᠤᠨ ᠤ 12 ᠰᠠᠷ᠎ᠠ ᠶᠢᠨ 01
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ