☆ ᠴᠤ᠋·ᠣᠷᠭᠢᠯᠳᠤ
ᠣᠩᠭ᠋ᠣᠢ᠌ᠭᠰᠠᠨ ᠡᠭᠦᠯᠡ
ᠠᠪᠠᠬᠠᠢ ᠳ᠋ᠠᠭᠠᠨ
ᠦᠵᠡᠵᠤ ᠳᠤᠭᠤᠭᠰᠠᠨ
ᠥᠩᠭᠡᠳᠤ ᠬᠤᠪᠴᠡᠰᠤ ᠡᠮᠦᠰᠦᠭᠦᠯᠴᠢᠭᠡᠭᠡᠳ
ᠦᠷᠦᠭᠡ ᠭᠡᠷ ᠲᠡᠭᠡᠨ ᠡᠷᠭᠡᠯᠡᠭᠡᠳ ᠪᠠᠢ᠌ᠳᠠᠭ
ᠶᠠᠮᠠᠷ ᠬᠠᠢ᠌ᠷ᠎ᠠ ᠲᠡᠶ ᠠᠪᠣᠭᠠᠢ ᠪᠣᠢ ︕
ᠠᠪᠠᠬᠠᠢ ᠪᠠᠨ
ᠵᠠᠭᠤᠨ ᠲᠦᠮᠡᠳᠤ ᠶᠢᠨ ᠳᠡᠷᠭᠡᠨ ᠳᠡᠭᠡᠨ ᠳᠠᠳᠠᠭᠠᠤᠨ
ᠨᠠᠰᠢ ᠴᠠᠰᠢ ᠳᠠᠪᠭᠢᠭᠤᠯᠬᠤ ᠡᠴᠠ
ᠳᠡᠷᠭᠡᠨ ᠡᠴᠠ ᠪᠠᠨ ᠪᠠᠭᠤᠯᠭᠠᠳᠠᠭ ᠥᠭᠡᠢ
ᠶᠠᠮᠠᠷ ᠬᠤᠪᠢᠠᠴᠢᠷ ᠠᠪᠣᠭᠠᠢ ᠪᠣᠢ ︕
ᠠᠪᠠᠬᠠᠢ ᠪᠠᠨ
ᠭᠤᠤᠯ ᠵᠡᠭᠡᠯᠢ
ᠨᠠᠷᠠᠳᠤ ᠳᠡᠯᠭᠡᠭᠦᠷ ᠪᠠᠷ ᠳᠠᠭᠠᠭᠤᠯᠬᠤ ᠡᠴᠠ
ᠳᠤᠷ᠎ᠠ ᠪᠠᠷ ᠨᠢ ᠶᠠᠪᠣᠭᠤᠯᠳᠠᠭ ᠥᠭᠡᠢ
ᠶᠠᠮᠠᠷ ᠬᠠᠷᠠᠮᠴᠢ ᠠᠪᠣᠭᠠᠢ ᠪᠣᠢ ︕
ᠠᠪᠣᠬᠠᠢ ᠳ᠋ᠠᠭᠠᠨ
ᠠᠯᠳᠠ ᠮᠦᠩᠭᠦ ᠵᠢ
ᠠᠷᠪᠠᠨ ᠬᠤᠷᠤᠭᠤ ᠴᠠᠷᠪᠠᠭᠤ
ᠨᠠᠷᠢᠨ ᠰᠢᠯᠪᠢ ᠡᠴᠠ
ᠭᠦᠵᠦᠭᠦᠤ ᠭᠦᠷᠳᠡᠯ᠎ᠡ ᠭᠢᠯᠳᠠᠭᠠᠨᠠᠭᠤᠯᠵᠤ
ᠳᠠᠨᠢᠯ ᠳᠠᠰᠤᠯ ᠳ᠋ᠡᠭᠡᠨ ᠥᠵᠡᠭᠦᠯᠦᠭᠡᠳ ᠭᠠᠷᠳᠠᠭ
ᠶᠠᠮᠠᠷ ᠰᠤᠷᠳᠤᠭᠤ ᠲᠡᠶ ᠠᠪᠣᠭᠠᠢ ᠪᠣᠢ ︕
ᠠᠮᠳᠠᠳᠤ ᠨᠣᠢ᠌ᠷ ᠡᠴᠠ ᠪᠠᠨ ᠰᠡᠷᠢᠭᠡᠳ
ᠣᠨᠢᠰᠤᠳᠤ ᠵᠤᠰᠠᠯᠠᠩ ᠤᠨ ᠦᠷᠦᠭᠡᠨ ᠳ᠋ᠤ
ᠡᠭᠡ ᠡᠴᠠ ᠭᠠᠷᠤᠮ᠎ᠠ ᠪᠣᠯᠤᠭᠠᠤᠨ
ᠠᠪᠠᠬᠠᠢ ᠡ ︕ ᠠᠪᠠᠬᠠᠢ ᠡ ︕ ᠭᠡᠳ
ᠮᠤᠯᠣᠢ᠌ᠭᠰᠠᠨ
ᠶᠠᠮᠠᠷ ᠨᠣᠢ᠌ᠷ ᠲᠡᠶ ᠠᠪᠣᠭᠠᠢ ᠪᠣᠢ ︕
ᠵᠤᠬᠢᠶᠠᠭᠴᠢ ᠶᠢᠨ ᠬᠠᠶᠢᠭ ᠄ ᠣᠷᠳᠤᠰ ᠬᠤᠳᠠ ᠶᠢᠨ ᠬᠠᠩᠭᠢᠨ ᠬᠤᠰᠢᠭᠤᠨ ᠤ ᠬᠠᠤᠯᠢ ᠴᠠᠭᠠᠵᠠ ᠶᠢᠨ ᠳᠤᠪᠴᠢᠶ᠎ᠠ
ᠵᠤᠬᠢᠶᠠᠭᠴᠢ᠄ ᠴᠤ᠋·ᠣᠷᠭᠢᠯᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 12277
ᠴᠠᠭ᠄ 2012 ᠤᠨ ᠤ 03 ᠰᠠᠷ᠎ᠠ ᠶᠢᠨ 17
ᠨᠠᠢ᠌ᠷᠠᠭᠤᠯᠤᠭᠴᠢ᠄ ᠪᠦᠬᠡᠡᠷᠳᠡᠨᠢ