ᠨᠡᠪᠲᠡᠷᠡᠨ ᠤᠷᠤᠬᠤ
ᠭᠦᠮᠤᠨ ᠳᠤ ᠬᠠᠢ᠌ᠯᠠᠬᠤ ᠳᠤᠤᠯᠢ
(ᠴᠥᠷᠭᠡᠯᠡᠭᠡ ᠨᠢ᠋ᠮᠠ)

ᠨᠠᠷᠠᠳᠤ ᠪᠠᠢ᠌ᠭᠠᠯᠢ ᠶᠢᠨ ᠵᠢᠮ᠎ᠠ ᠪᠠᠢ᠌ᠨ᠎ᠠ

ᠨᠠᠢ᠌ᠵᠠᠯᠠᠬᠤ ᠶᠢᠨ ᠣᠯᠠᠨ ᠵᠢᠷᠤᠮ ᠪᠠᠢ᠌ᠨ᠎ᠠ

ᠨᠠᠷᠭᠢᠭᠤᠯᠵᠤ ᠬᠠᠢ᠌ᠯᠠᠬᠤ ᠳᠤᠤᠯᠢ ᠪᠠᠢ᠌ᠨ᠎ᠠ

ᠨᠠᠳᠠ ᠳᠤ ᠣᠯᠳᠠᠭᠰᠠᠨ ᠵᠠᠶᠠᠭ᠎ᠠ ᠪᠠᠢ᠌ᠨ᠎ᠠ

ᠠᠪᠣ ᠶᠢᠨ ᠭᠡᠦᠭᠡᠤᠨ ᠣᠯᠠᠨ ᠶᠤᠮ

ᠠᠷᠪᠠᠨ ᠬᠤᠷᠤᠭᠤ ᠰᠢᠭ ᠳᠡᠭ᠍ᠰᠢ ᠦᠭᠡᠶ ᠶᠤᠮ

ᠠᠰᠯᠠᠵᠤ ᠳᠡᠭ᠍ᠰᠢᠯᠡᠭᠦ ᠶᠢᠨ ᠠᠷᠭ᠎ᠠ ᠦᠭᠡᠶ ᠶᠤᠮ

ᠠᠷᠭ᠎ᠠ ᠠᠯᠳᠠᠷᠠᠭᠰᠠᠨ ᠤ ᠴᠢᠬᠤᠯᠠ ᠴᠤ ᠦᠭᠡᠶ ᠶᠤᠮ

ᠵᠠᠰᠠᠭ ᠲᠦᠷᠦ ᠳᠡᠭᠡᠨ ᠠᠯᠬᠤᠮ ᠠᠪᠴᠤ ᠥᠭᠡᠳᠡᠯᠡᠭ᠍ᠰᠡᠭᠡᠷ

ᠵᠠᠰᠠᠭᠰᠠᠨ ᠪᠣᠬ᠎ᠠ ᠰᠢᠭ ᠠᠯᠬᠤᠵᠤ ᠭᠡᠰᠭᠢᠭᠦ ᠨᠢ ᠬᠤᠪᠢᠷᠠᠬᠤ ᠴᠤ ᠪᠣᠢ

ᠵᠠᠩ ᠠᠪᠢᠶᠠᠰ ᠨᠢ ᠰᠥᠷᠦᠭ᠌ ᠲᠤ ᠨᠡᠢ᠌ᠯᠡᠭᠦ ᠦᠭᠡᠶ ᠪᠣᠯᠴᠢᠬᠠᠵᠤ

ᠵᠠᠩᠳᠠᠵᠤ ᠠᠭᠰᠤᠷᠬᠤ ᠨᠢ ᠣᠯᠠᠨ ᠪᠣᠯᠵᠤ ᠬᠤᠪᠢᠷᠠᠬᠤ ᠴᠤ ᠪᠣᠢ

ᠰᠠᠢ᠌ᠬᠠᠨ ᠶᠢᠡᠨ ᠡᠮᠦᠰᠴᠤ ᠰᠠᠢ᠌ᠨ ᠢ ᠢᠳᠡᠳᠡᠭ᠌ ᠵᠠᠷᠢᠮ ᠨᠢ

ᠰᠠᠭᠤᠷᠢ ᠲᠡᠶ ᠶᠠᠪᠣᠭᠰᠠᠨ ᠶᠢᠡᠨ ᠰᠠᠨᠠᠬᠤ ᠦᠭᠡᠶ ᠣᠳᠠᠭ᠎ᠠ ᠴᠤ ᠪᠠᠢ᠌ᠳᠠᠭ ᠶᠤᠮ

ᠰᠠᠢ᠌ᠨ ᠭᠢᠵᠤ ᠳᠤᠰᠠ ᠪᠣᠯᠤᠭᠰᠠᠨ ᠢ ᠴᠢᠨᠢ ᠴᠤ ᠮᠠᠷᠳᠠᠭᠠᠤᠨ

ᠰᠠᠯᠭᠢᠳᠠᠭᠰᠠᠨ ᠳᠡᠮᠡᠭᠡ ᠰᠢᠭ᠌ ᠦᠯᠢ᠌ᠵᠤ ᠵᠥᠷᠢᠭᠦ ᠣᠳᠠᠭ᠎ᠠ ᠴᠤ ᠪᠣᠢ

ᠠᠤᠠᠬᠠᠭ ᠰᠠᠤᠠᠭᠢᠯᠳᠠᠢ ᠨᠢᠭᠡ ᠲᠡᠶ ᠨᠢ

ᠠᠠᠳᠠᠭᠠᠢ᠌ᠯᠠᠵᠤ ᠪᠢᠳᠡᠭᠡᠢ ᠨᠥᠭᠦᠷᠯᠡ

ᠠᠷᠤ ᠪᠠᠷ ᠴᠢᠨᠢ ᠭᠤᠯᠠᠰᠤᠭᠤᠯᠵᠤ ᠮᠠᠳᠠᠨ᠎ᠠ

ᠠᠶ᠎ᠠ ᠵᠠᠩ ᠳ᠋ᠤᠨᠢ ᠨᠡᠢ᠌ᠴᠡᠭᠦᠯᠡ

ᠢᠨᠢᠶᠠᠵᠤ ᠣᠴᠠᠷᠠᠭᠰᠠᠨ ᠴᠢᠷᠠᠢ ᠪᠣᠯᠭᠠᠨ

ᠢᠳᠡᠭᠡᠵᠤ ᠨᠠᠢ᠌ᠵᠠᠯᠠᠬᠤ ᠬᠠᠨᠢ ᠪᠢᠰᠢ ᠶᠤᠮ

ᠢᠷᠮᠠᠵᠤ ᠳᠤᠭᠯᠠᠭᠰᠠᠨ ᠨᠢᠳᠤ ᠪᠣᠯᠭᠠᠨ

ᠢᠳᠠ ᠬᠠᠢ᠌ᠷ᠎ᠠ ᠶᠢᠨ ᠪᠦᠯᠢ ᠪᠢᠰᠢ ᠶᠤᠮ

ᠠᠠᠳᠠ ᠯᠠ ᠭᠡᠤᠨ ᠶᠠᠪᠣᠯᠴᠠᠪᠠᠯ

ᠠᠶᠤᠤᠯᠢᠬᠠᠢ ᠶᠢᠨ ᠵᠠᠢ ᠪᠠᠨ ᠳᠠᠯᠠᠵᠤ ᠦᠵᠡ

ᠠᠯᠠᠭ ᠡᠷᠢᠶᠡᠨ ᠬᠤᠷᠸ᠎ᠠ ᠡᠴᠡ

ᠠᠭᠤᠤ ᠠᠭᠤᠳᠠᠮᠴᠢ ᠶᠢ ᠨᠢ ᠰᠤᠷᠴᠤ ᠦᠵᠡ

ᠬᠠᠢ᠌ᠷᠠᠯᠠᠭᠰᠠᠨ ᠨᠢᠭᠡᠨ ᠳᠡᠭᠡᠨ ᠰᠢᠭᠤᠳ ᠭᠡᠯᠡ

ᠬᠠᠷᠢᠨ ᠪᠣᠤ ᠣᠬᠤᠷᠢᠵᠤ ᠳᠠᠳᠠᠭᠠᠯᠵᠠ

ᠬᠠᠢ᠌ᠯᠭᠠᠨ ᠰᠠᠤᠠᠭᠢᠯ ᠳᠡᠭᠡᠨ ᠪᠢᠳᠡᠭᠡᠢ ᠣᠰᠤᠯᠳᠠ

ᠬᠠᠯᠢᠮᠠᠭ ᠴᠢᠨᠢ ᠰᠢᠩᠭᠡᠷᠡᠭᠦ ᠪᠠᠷ ᠬᠠᠷᠠᠮᠰᠠᠯ ᠬᠤᠴᠤᠷᠤᠨ᠎ᠠ

ᠰᠠᠤᠠᠭᠢᠯ ᠶᠢᠡᠨ ᠡᠭᠦᠷᠢᠳᠡ ᠵᠠᠰᠠᠵᠤ ᠶᠠᠪᠣ

ᠰᠡᠪᠳᠦᠭᠡᠵᠤ ᠨᠢᠭᠡᠨ ᠶᠢᠡᠨ ᠪᠢᠳᠡᠭᠡᠢ ᠰᠢᠷᠬᠠᠯᠠᠭᠤᠯ

ᠰᠠᠪᠯᠠᠵᠤ ᠥᠭᠡᠯᠡᠭᠦ ᠨᠠᠩ ᠴᠤ ᠳᠠᠮᠠᠢ

ᠰᠡᠷᠡᠭᠦᠨ ᠨᠢ ᠣᠠᠳᠠᠭ᠎ᠠ ᠪᠠᠨ ᠭᠡᠯᠡᠭᠡ ᠳᠠᠳᠤᠢ

ᠭᠦᠯ ᠳᠡᠭᠡᠨ ᠳᠠᠩᠴᠠᠵᠤ ᠨᠢᠭᠡ ᠨᠢ ᠶᠠᠪᠣᠳᠠᠭ ᠶᠤᠮ

ᠭᠦᠮᠤᠨ ᠳᠡᠭᠡᠨ ᠳᠡᠭ᠍ᠵᠢᠵᠤ ᠨᠥᠭᠦᠭᠡ ᠨᠢ ᠳᠤᠭᠳᠠᠳᠠᠭ ᠶᠤᠮ

ᠭᠦᠰᠡᠯ ᠭᠢᠰᠠᠯ ᠲᠡᠶ ᠡᠨᠡ ᠬᠤᠷᠸ᠎ᠠ ᠳ᠋ᠤ

ᠭᠦᠳᠡᠭᠡᠯᠡᠭᠦ ᠴᠠᠭ ᠪᠦᠷᠢ ᠳᠤᠨᠢ ᠨᠤᠭᠳᠠᠳᠠᠭ ᠶᠤᠮ

ᠶᠠᠳᠠᠭᠤ ᠭᠦᠴᠢᠷᠳᠡᠢ ᠪᠠᠨ ᠳᠠᠮᠵᠢᠵᠤ ᠶᠠᠪᠣᠶ᠎ᠠ

ᠶᠠᠳᠠᠷᠠᠵᠤ ᠳᠣᠢ᠌ᠯᠳᠠᠭᠰᠠᠨ ᠶᠢᠡᠨ ᠲᠡᠳᠬᠦᠵᠤ ᠶᠠᠪᠣᠶ᠎ᠠ

ᠴᠢᠨᠠᠷ ᠦᠭᠡᠶ ᠨᠢᠭᠡ ᠡᠴᠡ ᠨᠢ ᠵᠠᠢ᠌ᠯᠠᠵᠤ ᠶᠠᠪᠣᠶ᠎ᠠ

ᠴᠢᠳᠠᠪᠠᠯ ᠨᠠᠰᠤᠨ ᠳᠠᠭᠠᠨ ᠬᠤᠯᠠᠤᠠᠴᠤ ᠶᠠᠪᠣᠶ᠎ᠠ

ᠡᠷ᠎ᠡ ᠲᠡᠶ ᠨᠢᠭᠡ ᠡᠴᠡ ᠨᠢ ᠴᠢᠳᠠᠯ ᠢ ᠨᠢ ᠰᠤᠷ

ᠡᠷᠳᠡᠮ ᠲᠡᠶ ᠨᠢᠭᠡ ᠡᠴᠡ ᠨᠢ ᠣᠬᠠᠭᠠᠨ ᠢ ᠨᠢ ᠰᠤᠷ

ᠡᠯᠢᠭᠡ ᠲᠡᠶ ᠨᠢᠭᠡ ᠡᠴᠡ ᠨᠢ ᠣᠶᠠᠨ ᠢ ᠨᠢ ᠰᠤᠷ

ᠡᠭᠡ ᠰᠢᠭ᠌ ᠠᠷᠠᠤᠨ ᠡᠴᠡ ᠪᠠᠨ ᠬᠠᠳᠠᠨ ᠢ ᠨᠢ ᠰᠤᠷ

ᠦᠪᠡᠷ ᠶᠢᠡᠨ ᠦᠭᠡᠶ ᠶᠢ ᠳᠠᠮᠠᠴᠠᠵᠤ ᠣᠯᠳᠠᠭ ᠶᠤᠮ

ᠥᠭᠡᠷ᠎ᠡ ᠪᠣᠰᠤᠳ ᠢ ᠬᠤᠭᠢᠷᠠᠭᠤᠯᠵᠤ ᠪᠣᠯᠳᠠᠭ ᠦᠭᠡᠶ ᠶᠤᠮ

ᠰᠥᠰᠦᠯᠡᠭ᠍ᠰᠡᠨ ᠨᠢᠭᠡ ᠳ᠋ᠤᠨᠢ ᠳᠡᠯᠡᠭᠡᠢ ᠠᠭᠤᠵᠢᠷᠠᠳᠠᠭ ᠶᠤᠮ

ᠰᠥᠰᠦᠭᠯᠡᠵᠤ ᠭᠦᠯᠢᠶᠡᠭ᠍ᠰᠡᠨ ᠢ ᠨᠢ ᠳᠡᠭ᠍ᠷᠢ ᠴᠤ ᠢᠪᠠᠭᠡᠭᠦ ᠦᠭᠡᠶ ᠶᠤᠮ

ᠭᠠᠢ᠌ᠬᠠᠮᠰᠢᠭ ᠤᠨ ᠳᠡᠭᠡᠳᠤ ᠮᠠᠨ ᠤ ᠮᠤᠩᠭ᠋ᠤᠯ ᠯᠠ ᠭᠡᠵᠤ

ᠭᠠᠵᠢᠭᠤ ᠰᠤᠯᠢᠭᠤ ᠪᠢᠳᠡᠭᠡᠢ ᠳᠤᠩᠭ᠋ᠤᠰ

ᠭᠠᠭᠠᠷᠢᠨ ᠰᠠᠠᠰᠠᠷ ᠶᠢᠡᠷ ᠠᠶᠠᠯᠠᠭᠰᠠᠨ ᠢ ᠰᠠᠨᠠ

ᠭᠠᠷ ᠣᠷ᠎ᠠ ᠲᠡᠶ ᠶᠢ ᠨᠢ ᠴᠤ ᠴᠢᠩᠭᠢᠰ ᠥᠯᠡᠳᠡᠭᠡᠳᠡᠭ᠌ ᠢ ᠪᠣᠳᠤ

ᠵᠠ ᠳᠡᠭᠡᠪᠠᠯ ᠡᠭᠡ ᠭᠡᠯᠡ ᠪᠠᠨ ᠪᠢᠳᠠ

ᠵᠠᠯᠭᠠᠵᠤ ᠰᠤᠷᠤᠭᠰᠠᠨ ᠤ ᠴᠢᠬᠤᠯᠠ ᠦᠭᠡᠶ ᠭᠡᠰᠡᠨ ᠭᠡᠷᠡᠭ᠌ ᠪᠢᠰᠢ

ᠵᠢᠭᠠᠵᠤ ᠵᠢᠭᠠᠭᠰᠠᠭᠠᠷ ᠡᠪᠦᠭᠡ ᠴᠢᠩᠭᠢᠰ ᠭᠡᠤᠨ

ᠵᠠᠯᠭᠠᠮᠵᠢ ᠬᠣᠢ᠌ᠴᠢᠰ ᠲᠠᠭᠠᠨ ᠪᠢᠳᠠ ᠶᠠᠭᠤ ᠪᠠᠨ ᠬᠤᠴᠤᠷᠭᠠᠨ᠎ᠠ

ᠳᠡᠯᠡᠭᠡᠢ ᠶᠢᠨ ᠪᠣᠯᠪᠠᠰᠤᠨ ᠤ ᠠᠨᠠᠪᠠᠤᠨ ᠶᠡᠭᠡ ᠳᠠᠯᠠᠢ ᠳ᠋ᠤ

ᠳᠡᠯᠭᠡᠷ ᠮᠤᠩᠭ᠋ᠤᠯ ᠰᠤᠶᠤᠯ ᠪᠣᠯ ᠳᠤᠤᠯᠠ ᠶᠢᠨ ᠣᠷᠤᠰᠬᠠᠯ ᠳᠠᠳᠤᠢ ᠯᠠ

ᠪᠣᠰᠤᠳ ᠡᠴᠡ ᠰᠤᠷᠴᠤ ᠵᠠᠢ ᠪᠠᠨ ᠨᠡᠭᠡᠵᠤ ᠠᠪᠬᠤ ᠦᠭᠡᠶ ᠪᠣᠯ

ᠪᠣᠯᠠᠭ ᠤᠨ ᠣᠷᠤᠰᠬᠠᠯ ᠴᠤ ᠳᠠᠭᠵᠢᠷᠠᠵᠤ ᠰᠢᠷᠭᠢᠭᠦ ᠡᠳᠦᠷ ᠪᠣᠢ

ᠰᠠᠷᠠ ᠨᠠᠷᠠ ᠶᠢ ᠴᠤ ᠨᠡᠭᠦᠯᠭᠡᠮ᠎ᠡ ᠶᠠᠪᠣᠭᠰᠠᠨ ᠳᠡᠭᠡᠳᠦᠰ ᠡᠴᠡ ᠪᠠᠨ

ᠰᠢᠠᠳᠠᠷᠠᠰᠢ ᠦᠭᠡᠶ ᠵᠤᠷᠢᠭ ᠰᠦᠰᠦ ᠶᠢ ᠨᠢ ᠦᠪᠯᠠᠵᠤ ᠶᠠᠪᠣᠪᠠᠯ

ᠰᠠᠷᠠᠯ ᠮᠤᠷᠢ ᠪᠠᠨ ᠰᠠᠠᠰᠠᠷ ᠤᠨ ᠣᠩᠭ᠋ᠤᠴᠠ ᠪᠠᠷ ᠰᠤᠯᠢᠵᠤ ᠪᠣᠯᠳᠠᠭ

ᠰᠠᠷᠠᠨ ᠪᠦᠮᠪᠦᠷᠴᠡᠭ᠌ ᠶᠢᠡᠷ ᠰᠠᠢ᠌ᠬᠠᠨ ᠵᠤᠰᠠᠭᠠᠯ ᠶᠢᠡᠨ ᠴᠤ ᠭᠢᠵᠤ ᠪᠣᠯᠳᠠᠭ

ᠰᠠᠨᠠᠭ᠎ᠠ ᠵᠠᠶᠠᠭ᠎ᠠ ᠴᠢᠨᠢ ᠨᠠᠢ᠌ᠯᠠᠵᠤ ᠢᠷᠡᠭᠦ ᠦᠶ᠎ᠡ ᠳᠤ ᠴᠤ

ᠰᠠᠭᠰᠠᠭᠤᠷᠠᠵᠤ ᠭᠦᠭᠡᠷᠦᠭᠡᠤᠨ ᠳᠤᠳᠠᠭᠤ ᠵᠢᠭᠠᠬᠠᠨ ᠳᠣᠢ᠌ᠯᠠ

ᠰᠠᠬᠠᠯ ᠭᠦᠮᠦᠰᠭᠡ ᠰᠢᠭ᠌ ᠠᠭᠤᠯᠵᠠᠵᠤ ᠶᠠᠷᠤ ᠨᠢ ᠣᠴᠠᠷᠠᠬᠤ ᠥᠭᠡᠢ

ᠰᠠᠵᠢᠯᠠᠭᠤᠯᠵᠤ ᠵᠤᠪᠠᠭᠠᠬᠤ ᠴᠠᠭ ᠴᠤ ᠪᠠᠰᠠ ᠢᠷᠡᠳᠡᠭ᠌ ᠶᠤᠮ

ᠦᠰᠪᠦᠷᠢ ᠵᠢᠭᠠᠬᠠᠨ ᠳᠡᠭᠦᠤ ᠨᠡᠷ ᠵᠢᠠᠨ

ᠡᠷᠭᠦᠵᠤ ᠶᠠᠪᠣᠬᠤ ᠶᠢ ᠪᠣᠳᠤᠵᠤ ᠦᠵᠡ

ᠦᠷᠦ ᠨᠢ ᠡᠮᠳᠡᠷᠡᠭᠡᠤᠨ ᠶᠠᠪᠣᠬᠤ ᠨᠢᠭᠡ ᠶᠢ ᠨᠢ ᠴᠤ

ᠥᠭᠡ ᠪᠠᠷ ᠴᠤ ᠶᠠᠭᠠᠮᠠᠢ ᠳᠤᠰᠠᠯᠠᠵᠤ ᠦᠵᠡ

ᠣᠤᠭᠤᠵᠤ ᠴᠠᠳᠤᠭᠰᠠᠨ ᠰᠠᠤᠠᠭᠢᠯ ᠳᠡᠨᠢᠭᠦᠨ ᠦᠶ᠎ᠡ ᠳᠡᠭᠡᠨ ᠴᠤ

ᠣᠴᠢᠷᠯᠠᠵᠤ ᠰᠠᠢ᠌ᠬᠠᠨ ᠳᠤᠩᠭ᠋ᠠᠵᠤ ᠦᠵᠡ

ᠣᠷᠤᠭᠤᠳᠠᠵᠤ ᠥᠭ᠍ᠰᠦᠭᠦ ᠡᠨᠡ ᠬᠤᠷᠸ᠎ᠠ ᠵᠢᠨ

ᠣᠬᠠᠭᠠᠨ ᠶᠤᠰᠤ ᠶᠢ ᠭᠡᠨ ᠨᠢ ᠴᠤ ᠪᠦᠷ ᠭᠦᠦᠷᠡᠳᠡᠭ᠌ ᠶᠤᠮ᠃


ᠶᠠᠭᠷᠠᠢ ᠬᠤᠳᠤᠭᠤᠷ


ᠶᠠᠭᠷᠠᠢ ᠬᠤᠳᠤᠭᠤᠷ ᠊᠊᠊᠊᠊᠊᠊᠊᠊᠊᠊᠊᠊᠊᠊

ᠴᠠᠭ ᠲᠦᠷᠦ ᠶᠢᠨ ᠥᠢᠮᠡᠭᠡᠨ ᠡᠴᠡ ᠵᠠᠢ᠌ᠯᠠᠵᠤ

ᠢᠷᠡᠭ᠍ᠰᠡᠨ ᠭᠠᠵᠠᠷ

ᠴᠠᠰᠤ ᠬᠠᠶᠠᠯᠠᠭᠰᠠ ᠡᠪᠦᠯ ᠤᠨ ᠡᠳᠦᠷ ᠵᠦᠳᠠᠷᠠᠵᠤ

ᠣᠴᠢᠭᠰᠠᠨ ᠣᠷᠤᠨ

ᠬᠤᠪᠣᠩ ᠲᠡᠶ ᠭᠠᠯ ᠰᠦ᠋ ᠪᠠᠷ ᠶᠢᠡᠨ ᠳᠠᠢ᠌ᠯᠠᠵᠤ ᠣᠭᠳᠤᠭᠰᠠᠨ

ᠭᠦᠮᠤᠨ ᠤ ᠨᠤᠳᠤᠭ

ᠲ᠋ᠡᠯᠭᠡᠷ ᠬᠠᠩᠭ᠋ᠠᠢ ᠠᠷᠤ ᠵᠠᠷᠤᠳ ᠤᠨ

ᠮᠠᠩᠬᠠᠨ ᠭᠦᠡᠳᠡᠢ

ᠲ᠋ᠡᠯᠡᠭᠡᠢ ᠶᠢᠨ ᠪᠦᠮᠪᠦᠷᠴᠡᠭ᠌ ᠳᠠᠭᠢ ᠡᠭᠡ ᠭᠠᠵᠠᠷ ᠤᠨ

ᠵᠢᠭᠠᠬᠠᠨ ᠵᠠᠢ

ᠲ᠋ᠡᠯᠭᠡᠭ᠍ᠰᠡᠨ ᠬᠤᠷᠮᠤᠢ ᠪᠠᠷ ᠶᠢᠡᠨ ᠭᠠᠵᠠᠷᠳᠠᠵᠤ ᠶᠠᠪᠣᠭ᠎ᠠ

ᠦᠷ᠎ᠡ ᠪᠠᠨ ᠳᠤᠰᠤᠭᠰᠠᠨ

ᠲ᠋ᠠᠪᠵᠢᠶᠠᠠᠳᠤ ᠴᠠᠭ ᠲᠤ ᠣᠬᠠᠭ᠎ᠠ ᠴᠤᠭᠤᠷᠠᠭᠤᠯᠤᠭᠰᠠᠨ

ᠣᠩᠭ᠋ᠤᠨ ᠦᠨᠳᠦᠷ

ᠶᠠᠭᠷᠠᠢ ᠬᠤᠳᠤᠭᠤᠷ ᠊᠊᠊᠊᠊᠊᠊᠊᠊᠊᠊᠊᠊᠊᠊

ᠲ᠋ᠢᠪ ᠤᠨ ᠡᠯᠢᠭᠡᠨ ᠳᠤ ᠮᠤᠳᠤ ᠵᠠᠢ᠌ᠯᠠᠭᠰᠠᠨ

ᠰᠢᠭᠣᠢ᠌ᠳᠤ ᠬᠤᠳᠤᠭᠤᠷ

《ᠳᠡᠭ᠍ᠷᠢ ᠠᠪᠣ》 《ᠱᠦᠵᠢ ᠶ‍ᠧ ᠶ‍ᠧ》ᠭᠡᠵᠤ ᠳᠠᠭᠤᠳᠠᠳᠠᠭ

ᠰᠤᠨᠢᠨ ᠬᠤᠳᠤᠭᠤᠷ

ᠭᠠᠴᠢᠭᠳᠠᠭᠰᠠᠨ ᠦᠶ᠎ᠡ ᠳᠡᠭᠡᠨ ᠳᠠᠪᠣᠰᠤ ᠶᠢ ᠴᠤ ᠵᠢᠭᠡᠯᠡᠳᠡᠭ᠌

ᠶᠠᠳᠠᠭᠤ ᠬᠤᠳᠤᠭᠤᠷ

ᠭᠠᠬᠠᠢ ᠪᠠᠨ ᠠᠯᠠᠪᠠᠯ ᠠᠢ᠌ᠯ ᠶᠢᠡᠷ ᠶᠢᠡᠨ ᠴᠠᠤᠠᠳᠠᠭ

ᠪᠠᠶᠠᠨ ᠬᠤᠳᠤᠭᠤᠷ

ᠳᠦᠯᠭᠢᠭᠦᠷ ᠰᠣᠢ᠌ᠷᠠᠭᠠᠤᠨ ᠨᠠᠮᠪᠠᠭᠠᠳᠠᠢ ᠠᠯᠬᠤᠯᠠᠳᠠᠭ

ᠲ᠋ᠤᠯᠭᠠᠭᠤᠷᠢ ᠶᠢᠨ ᠬᠤᠳᠤᠭᠤᠷ

ᠳᠦᠯᠡᠭᠡᠨ ᠳᠤ ᠶᠠᠪᠣᠭᠠᠤᠨ ᠨᠠᠶᠠᠨ ᠫᠦᠰᠡ ᠳᠠᠳᠠᠳᠠᠭ

ᠲ᠋ᠤᠭᠳᠠᠬᠤ ᠶᠢᠨ ᠬᠤᠳᠤᠭᠤᠷ

ᠶ‍ᠢᠷᠳᠢᠠᠴᠤ ᠳᠤ ᠭᠠᠭᠴᠠᠬᠠᠨ ᠡᠮᠴᠢ ᠲᠡᠶ ᠰᠠᠨᠠᠭᠳᠠᠭᠤᠯᠤᠭᠰᠠᠨ

ᠭᠤᠤ ᠳ᠋ᠠᠢ᠌ᠹᠦ᠋ ᠬᠤᠳᠤᠭᠤᠷ

ᠢᠳᠡᠭᠦ ᠪᠠᠨ ᠴᠠᠢ᠌ᠯᠭᠠᠬᠤ ᠭᠡᠵᠤ ᠢᠩ ᠡᠭᠦᠷᠴᠤ ᠢᠷᠡᠳᠡᠭ᠌

ᠪᠣᠤ ᠯᠢᠶᠠᠨ ᠬᠤᠳᠤᠭᠤᠷ

ᠶᠠᠭᠷᠠᠢ ᠬᠤᠳᠤᠭᠤᠷ ᠊᠊᠊᠊᠊᠊᠊᠊᠊᠊᠊᠊᠊᠊᠊

ᠭᠡᠩᠭᠡᠷᠭᠡ ᠳᠠᠯᠠᠤᠠᠴᠤ ᠬᠤᠷᠠᠯ ᠬᠤᠷᠠᠳᠠᠭ

ᠭᠡᠷᠡᠭ᠌ ᠤᠨ ᠬᠤᠳᠤᠭᠤᠷ

ᠭᠡᠨ ᠨᠢᠭᠡᠨ ᠶᠢᠡᠨ ᠴᠤ ᠪᠣᠷᠤᠭᠤᠰᠢᠶᠠᠴᠢᠬᠠᠳᠠᠭ

ᠭᠡᠴᠡᠭᠦᠤ ᠬᠤᠳᠤᠭᠤᠷ

ᠭᠡᠵᠢᠶ᠎ᠡ ᠬᠣᠢ᠌ᠨ᠎ᠠ ᠨᠢ ᠮᠠᠰᠢᠨ ᠮᠸᠬᠠᠨᠢᠭ

ᠲ᠋ᠡᠭᠦᠰ ᠪᠦᠷᠢᠳᠦᠭᠡᠤᠨ

ᠭᠡᠳᠦᠭᠡᠨ ᠡᠳᠦᠷ ᠡᠴᠡ ᠡᠪ ᠬᠠᠮᠳᠤ ᠶᠢᠨ ᠨᠡᠢ᠌ᠭᠡᠮ ᠳ᠋ᠤ

ᠣᠷᠤᠴᠢᠬᠠᠬᠤ ᠰᠢᠬᠠᠭᠰᠠᠨ

ᠲ᠋ᠠᠷᠠᠰᠤ ᠮᠤᠳᠤ ᠴᠠᠪᠴᠢᠭᠤᠯᠵᠤ ᠬᠤᠭᠤᠯᠤᠭᠤᠯᠬᠤ ᠦᠭᠡᠶ

ᠴᠠᠭᠠᠵᠠᠳᠠᠢ ᠬᠤᠳᠤᠭᠤᠷ

ᠲ᠋ᠠᠮᠴᠢ ᠡᠷᠢᠭᠡᠤᠨ ᠭᠡᠭᠡᠨ ᠣᠷᠳᠤᠨ ᠣᠷᠤᠭᠤ

ᠭᠦᠶ‍ᠦᠯᠭᠡᠳᠡᠭ᠌ ᠬᠤᠳᠤᠭᠤᠷ

ᠲ᠋ᠡᠯᠡᠭᠡᠢ ᠶᠢᠨ ᠰᠤᠨᠢᠨ ᠡᠴᠡ ᠳᠠᠩᠭ᠋ᠠᠷᠢᠭ ᠳᠠᠰᠤᠷᠠᠭᠰᠠᠨ

ᠳᠦᠯᠠᠢ ᠬᠤᠳᠤᠭᠤᠷ

ᠲ᠋ᠡᠭᠡᠷᠡᠭᠢ ᠶᠢᠨ ᠵᠢᠭᠠᠪᠣᠷᠢ ᠶᠢ ᠳᠡᠭ᠍ᠷᠢ ᠶᠢᠨ ᠵᠠᠷᠯᠢᠭ ᠰᠢᠭ

ᠭᠡᠷᠡᠭ᠍ᠵᠢᠭᠦᠯᠳᠡᠭ᠌ ᠬᠤᠳᠤᠭᠤᠷ

ᠶᠠᠭᠷᠠᠢ ᠬᠤᠳᠤᠭᠤᠷ ᠊᠊᠊᠊᠊᠊᠊᠊᠊᠊᠊᠊᠊᠊᠊

ᠡᠵᠢ ᠮᠤᠳᠤ ᠲᠡᠶ ᠡᠯᠢᠭᠡᠰᠡᠭ᠌ ᠬᠤᠳᠤᠭᠤᠷ

ᠡᠯᠢᠭᠡᠨ ᠳᠡᠭᠡᠨ ᠨᠠᠮᠢ᠋ᠢ ᠪᠦᠪᠠᠢ᠌ᠯᠡᠭ᠍ᠰᠡᠨ ᠬᠤᠳᠤᠭᠤᠷ

ᠮᠢᠨᠤ ᠮᠡᠳᠡᠳᠡᠭ᠌ ᠭᠦᠢᠯᠡᠰᠤ ᠲᠡᠶ ᠬᠤᠳᠤᠭᠤᠷ

ᠴᠢᠨᠤ ᠭᠡᠯᠡᠳᠡᠭ᠌ ᠬᠠᠢ᠌ᠯᠠᠰᠤ ᠲᠡᠶ ᠬᠤᠳᠤᠭᠤᠷ

ᠵᠤᠳ ᠤᠨ ᠵᠢᠯ ᠳᠤ ᠵᠦᠳᠠᠵᠤ ᠢᠷᠡᠭ᠍ᠰᠡᠨ

ᠵᠡᠭᠦᠳᠤᠨ ᠬᠤᠳᠤᠭᠤᠷ

ᠵᠢᠷᠭᠤᠭᠠᠨ ᠨᠠᠰᠤᠳᠠᠢ ᠳᠤ ᠮᠢᠨᠤ ᠨᠢᠳᠤᠨ ᠳ᠋ᠠᠭᠢ

ᠵᠢᠷᠤᠭ ᠤᠨ ᠬᠤᠳᠤᠭᠤᠷ

ᠰᠤᠶᠤᠯ ᠭᠦᠷᠳᠡᠭ᠍ᠰᠡᠨ ᠨᠢ ᠭᠠᠭᠴᠠ ᠵᠠᠷᠢᠮ

ᠰᠤᠬᠤᠷ ᠬᠤᠳᠤᠭᠤᠷ

ᠰᠤᠷᠭᠠᠭᠤᠯᠢ ᠳᠤ ᠰᠠᠭᠤᠭᠰᠠᠭᠠᠷ ᠳᠤᠯᠤᠭᠠᠢ ᠨᠢ ᠡᠪᠠᠦᠡᠳᠡᠭ᠌

ᠣᠳᠤᠮ ᠲᠡᠶ ᠬᠤᠳᠤᠭᠤᠷ

ᠶᠠᠭᠷᠠᠢ ᠬᠤᠳᠤᠭᠤᠷ ᠊᠊᠊᠊᠊᠊᠊᠊᠊᠊᠊᠊᠊᠊᠊

ᠭᠠᠠᠵᠤᠤᠷ ᠤᠨ ᠳᠤᠬᠤᠨ ᠤ ᠰᠤᠭᠤᠨ ᠳᠤ ᠰᠢᠷᠭᠤᠭᠰᠠᠨ

ᠮᠠᠩᠬᠠᠨ ᠬᠤᠳᠤᠭᠤᠷ

ᠭᠠᠴᠢᠭ ᠵᠢᠯ ᠤᠨ ᠭᠡᠦᠭᠡᠤᠨ ᠨᠠᠰᠤᠨ ᠤ

ᠵᠠᠶᠠᠭᠠᠳᠤ ᠬᠤᠳᠤᠭᠤᠷ

ᠠᠳᠠ ᠲᠡᠶ ᠴᠠᠭ ᠤᠨ ᠠᠷᠪᠠᠨ ᠵᠢᠯ ᠨᠠᠮᠢ᠋ᠢ

ᠠᠯᠠᠭᠠᠨ ᠳᠠᠭᠠᠨ ᠪᠦᠪᠠᠢ᠌ᠯᠡᠭ᠍ᠰᠡᠨ

ᠠᠷᠳᠠᠢ ᠳᠤᠷᠭ᠎ᠠ ᠰᠢᠭ ᠥᠭ᠍‍ᠭᠢᠶᠡᠮᠦᠷ ᠵᠥᠭᠡᠯᠡᠨ

ᠶᠠᠭᠷᠠᠢ ᠬᠤᠳᠤᠭᠤᠷ

ᠶᠠᠭᠷᠠᠢ ᠬᠤᠳᠤᠭᠤᠷ ᠶᠠᠭ ᠦᠨᠡᠨ ᠳ᠋ᠡᠭᠡᠨ

ᠡᠯᠢᠭᠡ ᠲᠡᠶ ᠬᠤᠳᠤᠭᠤᠷ

ᠶᠠᠳᠠᠷᠠᠵᠤ ᠢᠷᠡᠭ᠍ᠰᠡᠨ ᠶᠢᠡᠨ ᠳᠠᠢ᠌ᠷᠤᠵᠤ ᠶᠠᠪᠣᠭᠰᠠᠨ ᠥᠭᠡᠢ

ᠠᠶ᠎ᠠ ᠲᠡᠶ ᠬᠤᠳᠤᠭᠤᠷ

ᠶᠠᠷᠢᠵᠤ ᠣᠴᠢᠷᠯᠠᠪᠠᠯ ᠭᠠᠵᠠᠷ ᠤᠨ ᠮᠤᠬᠤᠷ ᠳᠠᠭᠢ

ᠲ᠋ᠠᠮᠢᠷ ᠤᠨ ᠬᠤᠳᠤᠭᠤᠷ

ᠶᠠᠩᠵᠢᠠᠯᡁᠠᠮᠤ ᠪᠣᠷᠬᠠᠨ ᠴᠤ ᠢᠪᠠᠭᠡᠵᠤ ᠬᠠᠢ᠌ᠷᠠᠯᠠᠮ᠎ᠠ

ᠵᠤᠯ ᠲᠡᠶ ᠬᠤᠳᠤᠭᠤᠷ᠃


ᠥᠷᠳᠡᠭᠡ


ᠦᠷ᠎ᠡ ᠪᠠᠷ ᠶᠢᠡᠨ ᠳᠦᠰᠢᠭᠦᠯᠦᠭᠡᠤᠨ ᠴᠢ

ᠥᠷᠳᠡᠭᠡᠨ ᠤ ᠡᠭᠦᠳᠡᠨ ᠳᠤ ᠳᠦᠭ᠍ᠳᠡᠷᠡᠨ᠎ᠡ

ᠦᠷᠦ ᠪᠠᠨ ᠳᠦᠭ᠍ᠰᠢᠭᠦᠯᠦᠭᠡᠤᠨ ᠪᠢ

ᠥᠴᠦᠭᠡᠳᠦᠷ ᠤᠨ ᠵᠡᠭᠦᠳᠤᠨ ᠳᠤ ᠳᠦᠭᠡᠷᠢᠨ᠎ᠡ

ᠦᠬᠢᠨ ᠴᠠᠭᠠᠨ ᠬᠠᠢ᠌ᠷ᠎ᠠ ᠶᠢ ᠴᠢᠨᠢ

ᠦᠮᠴᠢᠯᠠᠵᠤ ᠵᠢᠷᠭᠠᠵᠤ ᠴᠢᠳᠠᠭ᠎ᠠ ᠦᠭᠡᠶ ᠳ᠋ᠤ

ᠦᠳᠡ ᠳᠤᠮᠳᠠ ᠶᠢᠨ ᠨᠠᠰᠤ ᠪᠣᠯᠬᠤ ᠪᠠᠷ

ᠦᠨᠢ ᠮᠥᠩᠭᠡ ᠶᠢᠨ ᠬᠠᠷᠠᠮᠰᠠᠯ ᠳᠤ ᠳᠠᠪᠳᠤᠨ᠎ᠠ᠃

ᠥᠤᠷ ᠵᠠᠯᠠᠭᠤ ᠨᠠᠰᠤ ᠬᠤᠶᠠᠷ ᠢ

ᠥᠯᠡᠳᠡᠭᠡᠵᠤ ᠬᠤᠴᠤᠷᠭᠠᠵᠤ ᠪᠣᠯᠳᠠᠭ ᠪᠣᠯ

ᠦᠭᠡᠶ ᠪᠢᠳᠠ ᠪᠣᠴᠠᠭᠠᠤᠨ ᠶᠠᠪᠣᠴᠢᠬᠠᠶ᠎ᠠ

ᠥᠶᠡᠷᠭᠡᠵᠤ ᠶᠠᠪᠣᠭᠰᠠᠨ ᠥᠷᠳᠡᠭᠡ ᠳᠡᠭᠡᠨ᠁


ᠣᠢ᠌ᠮᠠᠨ᠎ᠠ


ᠣᠳᠠᠨ ᠨᠤᠳᠤᠭ ᠲᠤ ᠠᠭᠤᠯᠠᠰ ᠣᠢ᠌ᠮᠠᠨ᠎ᠠ

ᠣᠷᠤᠰᠴᠤ ᠬᠠᠳᠠᠬᠤ ᠦᠭᠡᠶ ᠣᠰᠤ ᠣᠢ᠌ᠮᠠᠨ᠎ᠠ

ᠣᠷᠠᠨ ᠭᠡᠯᠡ ᠲᠡᠶ ᠰᠢᠪᠠᠭᠤᠳ ᠣᠢ᠌ᠮᠠᠨ᠎ᠠ

ᠣᠳᠠᠵᠤ ᠵᠤᠯᠭᠠᠭᠰᠠᠨ ᠨᠥᠭᠦᠤᠨ ᠣᠢ᠌ᠮᠠᠨ᠎ᠠ

ᠬᠠᠭᠠᠴᠠᠵᠤ ᠴᠢᠳᠠᠬᠤ ᠦᠭᠡᠶ ᠬᠠᠢ᠌ᠷ᠎ᠠ ᠣᠢ᠌ᠮᠠᠨ᠎ᠠ

ᠬᠠᠢ᠌ᠯᠭᠠᠨ ᠴᠠᠭᠠᠨ ᠰᠠᠤᠠᠭᠢᠯ ᠣᠢ᠌ᠮᠠᠨ᠎ᠠ

ᠬᠠᠰᠢᠯᠭ᠎ᠠ ᠪᠠᠨ ᠳᠠᠪᠠᠵᠤ ᠨᠢᠯᠪᠣᠰᠤ ᠣᠢ᠌ᠮᠠᠨ᠎ᠠ

ᠬᠠᠷᠢᠨ ᠡ᠊ᠨᠳᠡ ᠳᠡᠯᠡᠭᠡᠢ ᠣᠢ᠌ᠮᠠᠨ᠎ᠠ᠃


ᠠᠶᠤᠨ᠎ᠠ


ᠠᠤᠬᠠᠨ ᠠᠷᠢᠭᠢᠨ ᠳᠤ ᠴᠢᠨᠢ ᠰᠤᠭᠳᠤᠴᠢᠬᠠᠬᠤ ᠡᠴᠡ ᠠᠶᠤᠨ᠎ᠠ

ᠠᠭᠤᠳᠠᠮᠴᠢ ᠰᠠᠤᠠᠭᠢᠯ ᠳᠤ ᠴᠢᠨᠢ ᠬᠤᠨᠤᠴᠢᠬᠠᠬᠤ ᠡᠴᠡ ᠠᠶᠤᠨ᠎ᠠ

ᠣᠠᠳᠤᠷᠠᠰᠢ ᠦᠭᠡᠶ ᠬᠠᠢ᠌ᠷ᠎ᠠ ᠳᠤ ᠴᠢᠨᠢ ᠰᠢᠩᠭᠡᠴᠢᠭᠡᠭᠦ ᠡᠴᠡ ᠠᠶᠤᠨ᠎ᠠ

ᠣᠬᠠᠭᠠᠵᠢᠭ᠎ᠠ ᠦᠭᠡᠶ ᠪᠣᠳᠤᠯ ᠳᠤ ᠴᠢᠨᠢ ᠨᠤᠴᠤᠴᠢᠬᠠᠬᠤ ᠡᠴᠡ ᠠᠶᠤᠨ᠎ᠠ

ᠣᠶᠠᠬᠠᠨ ᠬᠠᠷᠠᠴᠠᠨ ᠳᠤ ᠴᠢᠨᠢ ᠠᠭᠤᠰᠴᠢᠬᠠᠬᠤ ᠡᠴᠡ ᠠᠶᠤᠨ᠎ᠠ

ᠣᠰᠬᠠᠯ ᠨᠢᠳᠤᠨ ᠳᠤ ᠴᠢᠨᠢ ᠳᠤᠨᠤᠴᠢᠬᠠᠬᠤ ᠡᠴᠡ ᠠᠶᠤᠨ᠎ᠠ

ᠰᠠᠷᠠᠭᠤᠯ ᠣᠬᠠᠭᠠᠨ ᠳᠤ ᠴᠢᠨᠢ ᠳᠤᠰᠢᠭᠳᠠᠴᠢᠬᠠᠬᠤ ᠡᠴᠡ ᠠᠶᠤᠨ᠎ᠠ

ᠰᠠᠢ᠌ᠬᠠᠨ ᠠᠭᠠᠰᠢᠨ ᠳᠤ ᠴᠢᠨᠢ ᠳᠠᠰᠴᠢᠬᠠᠬᠤ ᠡᠴᠡ ᠠᠶᠤᠨ᠎ᠠ᠃


ᠢᠠᠵᠠᠭᠠᠨ ᠭᠤᠤᠯ


ᠡᠮᠨᠢᠭ᠌ ᠬᠠᠩᠭ᠋ᠠᠯ ᠣᠩᠭ᠋ᠤᠨ ᠬᠠᠢ᠌ᠷ᠎ᠠ ᠶᠢᠨ ᠡᠷᠢᠯ ᠳ᠋ᠤ

ᠡᠷᠳᠡᠯᠡᠵᠤ ᠪᠣᠰᠤᠭᠠᠤᠨ ᠨᠠᠷᠠᠰᠤᠳᠤ ᠶᠢᠨ ᠭᠦᠳᠦᠯ ᠳᠤ ᠭᠠᠷᠤᠯ᠎ᠠ

ᠡᠷᠭᠢ ᠪᠠᠨ ᠳᠡᠯᠡᠭ᠍ᠰᠡᠨ ᠭᠦᠭᠡ ᠣᠰᠤ ᠲᠡᠶ ᠢᠠᠵᠠᠭ᠎ᠠ

ᠡᠴᠡᠵᠤ ᠳᠤᠷᠠᠭᠠᠤᠨ ᠣᠳᠠᠰᠤ ᠰᠢᠤᠬᠠᠨ ᠨᠠᠭᠢᠯᠵᠠᠨ᠎ᠠ᠃

ᠴᠠᠩ ᠭᠦᠦᠷᠭᠡ ᠴᠢᠷᠠᠢ ᠠᠷᠠᠢ ᠰᠡᠪᠰᠡᠭᠡᠤᠨ

ᠴᠤᠤ ᠴᠢᠮᠢ᠋ᠢ ᠠᠮᠢ ᠲᠡᠶ ᠭᠡᠳᠡᠭ᠌ ᠢ ᠯᠠ ᠮᠡᠳᠡᠭᠦᠯᠡᠨ᠎ᠡ

ᠴᠠᠭ ᠤᠨ ᠰᠢᠪᠠᠭᠤ ᠰᠢᠭ ᠨᠢᠰᠦᠭᠡᠤᠨ ᠣᠳᠤᠭᠰᠠᠨ ᠨᠢᠭᠡ ᠶᠢ ᠪᠠᠨ

ᠴᠥᠭᠦᠵᠤ ᠭᠦᠯᠢᠶᠡᠨ ᠴᠢᠮᠦᠭᠡ ᠪᠠᠨ ᠳᠤᠠᠳᠠᠯᠠᠨ ᠣᠷᠤᠰᠤᠨ᠎ᠠ᠃

ᠬᠠᠵᠠᠭᠤ ᠬᠠᠪᠢ ᠶᠢᠨ ᠬᠤᠶᠠᠷ ᠡᠷᠭᠢ ᠶᠢ ᠨᠢ ᠳᠠᠭᠠᠭᠠᠤᠨ

ᠬᠠᠮᠬᠤᠤᠯ ᠰᠢᠷᠠᠯᠵᠢ ᠨᠢ ᠦᠯᠦᠨ ᠭᠤᠨᠢᠭ ᠲᠡᠶ ᠣᠷᠭᠤᠨ᠎ᠠ

ᠬᠠᠷᠢᠭᠠᠤᠨ ᠯᠠᠪ ᠢᠷᠠᠨ᠎ᠠ ᠭᠡᠰᠡᠨ ᠢᠳᠡᠭᠡᠯ ᠨᠢ

ᠬᠠᠳᠠᠵᠤ ᠡᠴᠡᠭᠡᠤᠨ ᠢᠠᠵᠠᠭᠠᠨ ᠭᠤᠤᠯ ᠢ ᠠᠷᠭᠠᠳᠠᠨ᠎ᠠ᠃


ᠲ᠋ᠠᠨᠢᠯ᠎ᠠ


ᠨᠠᠮᠤᠷ ᠤᠨ ᠳᠤᠮᠳᠠ ᠪᠣᠯᠬᠤ ᠪᠠᠷ ᠨᠠᠪᠴᠢᠨ ᠤ ᠥᠩᠭᠡ ᠶᠢ ᠳᠠᠨᠢᠯ᠎ᠠ

ᠨᠠᠰᠤᠨ ᠤ ᠦᠳᠡ ᠪᠣᠯᠬᠤ ᠪᠠᠷ ᠨᠠᠢ᠌ᠵᠠᠯᠠᠬᠤ ᠶᠢᠨ ᠶᠤᠰᠤ ᠶᠢ ᠳᠠᠨᠢᠯ᠎ᠠ

ᠨᠠᠢ᠌ᠷᠠᠭ ᠤᠨ ᠥᠤᠷ ᠡᠭᠢᠯᠡᠭᠦ ᠪᠠᠷ ᠣᠶᠠᠩᠭ᠋᠎ᠠ ᠶᠢᠨ ᠰᠢᠳᠢ ᠶᠢ ᠳᠠᠨᠢᠯ᠎ᠠ

ᠨᠠᠷᠠᠳᠤ ᠶᠢᠨ ᠡᠨᠡᠭᠦᠭᠡᠨ ᠵᠠᠢ ᠳᠤ ᠣᠷᠤᠰᠢᠬᠤᠢ ᠶᠢᠨ ᠣᠬᠠᠭᠠᠨ ᠢ ᠳᠠᠨᠢᠯ᠎ᠠ᠃


ᠴᠥᠩᠭᠦᠯ ᠤᠨ ᠭᠤᠤ


ᠡᠩᠭᠡ ᠳᠡᠯᠡᠭᠡᠢ ᠶᠢᠨ ᠠᠨᠢᠰᠬ᠎ᠠ

ᠡᠭᠡ ᠭᠠᠵᠠᠷ ᠤᠨ ᠥᠷᠴᠢᠯᠡᠭᠡ

ᠡᠷᠭᠡᠰ ᠭᠠᠷᠠᠭ ᠤᠨ ᠭᠠᠪᠠ

ᠡᠷᠭᠢᠭᠦ ᠪᠦᠮᠪᠦᠷᠴᠡᠭ᠌ ᠤᠨ ᠴᠠᠪᠠ

ᠪᠠᠷᠳᠠᠭᠠᠳᠤ ᠭᠦᠪᠦᠭᠦᠯ ᠤᠨ ᠵᠤᠭᠠᠴᠠᠯ ᠳᠠᠢ

ᠪᠠᠷᠢᠯᠳᠤᠭᠠᠳᠤ ᠬᠤᠤᠰ ᠤᠨ ᠳᠤᠮᠤᠭ ᠲᠡᠶ

ᠪᠠᠭᠠᠳᠤᠷ ᠮᠠᠢ᠌ᠷᠠᠨ ᠤ ᠵᠥᠷᠢᠭ᠌ ᠳᠠᠢ

ᠪᠠᠯᠠᠷ ᠢ ᠥᠯᠳᠡᠭ᠍ᠰᠡᠨ ᠳᠤᠤᠯᠢᠰ ᠳᠠᠢ

ᠵᠤᠨ ᠶᠢᠡᠨ ᠮᠠᠷᠳᠠᠭᠰᠠᠨ ᠣᠯᠠᠷᠢᠯ

ᠵᠤᠯᠠᠮ᠎ᠠ ᠪᠠᠨ ᠰᠠᠨᠠᠭᠰᠠᠨ ᠥᠭᠡᠢ᠌ᠯᠡᠯ

ᠵᠤᠯ ᠶᠢᠡᠨ ᠳᠠᠭᠠᠤᠠᠬᠠᠭᠰᠠᠨ ᠰᠥᠵᠢᠭ᠍ᠴᠢ

ᠵᠤᠷ ᠶᠢᠡᠨ ᠢᠪᠠᠭᠡᠭ᠍ᠰᠡᠨ ᠣᠳᠠᠴᠢ

ᠮᠠᠩᠬᠠᠨ ᠪᠠᠯᠠᠷ ᠲᠤ ᠰᠢᠷᠭᠤᠭᠰᠠᠨ

ᠪᠢᠳᠡᠭᠦᠤ ᠨᠤᠭᠤᠭᠠᠨ ᠪᠠᠭᠤᠴᠠ

ᠮᠠᠷᠭᠠᠰᠢ ᠳᠤ ᠳᠡᠮᠤᠯᠦᠭ᠍ᠰᠡᠨ ᠠᠷᠠᠤᠨ ᠤᠨ ᠮᠢᠨᠢ

ᠪᠢᠯᠢᠭ᠌ ᠳᠡᠵᠢᠭᠡᠭᠦ ᠰᠠᠭᠤᠴᠠ

ᠵᠥᠭᠡᠭᠡᠪᠦᠷᠢ ᠳᠤ ᠭᠦᠶ‍ᠦᠯᠭᠡᠭ᠍ᠰᠡᠨ ᠮᠤᠷᠢᠨ ᠳᠤᠭᠤᠷᠠᠢ ᠵᠢᠨ

ᠭᠦᠩᠭᠡᠨ ᠳᠤᠪᠰᠢᠶ᠎ᠠ

ᠵᠥᠭᠡᠭᠡᠢ ᠲᠡᠶ ᠴᠠᠢ ᠰᠢᠭ ᠢᠷᠠᠭᠤ ᠭᠦᠭ᠍ᠵᠢᠮ ᠊ᠤᠨ

ᠵᠥᠭᠡᠯᠡᠨ ᠡᠭᠡᠰᠢᠭ᠌

ᠵᠤᠨ ᠡ᠊ᠨᠳᠡ ᠡ᠊ᠨᠳᠡᠭᠦᠷᠡᠵᠤ ᠵᠥᠷᠢᠭ᠍ᠰᠡᠨ

ᠰᠡᠷᠢᠭᠦᠨ ᠵᠤᠰᠠᠭᠠᠯ

ᠵᠤᠳ ᠡ᠊ᠨᠳᠡ ᠭᠡᠵᠢᠶ᠎ᠡ ᠴᠤ ᠢᠷᠡᠭᠦ ᠥᠭᠡᠢ

ᠰᠡᠯᠡᠭᠦᠭᠡᠨ ᠨᠤᠳᠤᠭ

ᠢᠷᠭᠤᠢ ᠨᠢᠳᠦᠯᠡᠭ᠍ᠰᠡᠨ ᠬᠤᠷᠴᠢᠨ ᠨᠤᠳᠤᠭ ᠤᠨ

ᠭᠡᠦᠭᠡᠨ ᠭᠡᠪᠳᠡᠰᠢ

ᠢᠳᠡᠭᠡᠯ ᠪᠦᠷᠢᠨ ᠮᠤᠩᠭ᠋ᠤᠯ ᠳᠤᠭᠠᠳᠠᠨ ᠤ

ᠮᠠᠩᠬᠠᠢ᠌ᠬᠤ ᠥᠤᠷ᠃


ᠭᠦᠭᠡ ᠳᠤᠮᠤᠭ


ᠶ‍ᠢᠷᠳᠢᠠᠴᠤ ᠭᠡᠳᠡᠭ᠌ ᠰᠤᠨᠢᠨ

ᠶ‍ᠸᠯᠸᠢ ᠪᠢᠰᠢ ᠦᠨᠡᠨ

ᠶᠡᠭᠡ ᠶᠢ ᠪᠦᠳᠦᠭᠡᠭᠦ ᠨᠢᠭᠡ ᠶᠢ ᠪᠠᠨ

ᠶᠡᠭᠡ ᠠᠵᠠ ᠪᠠᠷ ᠳᠦᠷᠦᠭᠦᠯᠳᠡᠭ᠌᠃

ᠪᠣᠳᠠᠷᠬᠠᠢ ᠮᠥᠩᠭᠦ ᠰᠢᠭ᠌ ᠰᠠᠴᠤᠭᠳᠠᠭᠰᠠᠨ

ᠪᠣᠢ᠌ᠳᠤᠭ ᠥᠰᠦᠭᠡᠢ᠌ᠳᠡᠭ᠍ᠰᠡᠨ ᠣᠭᠰᠠᠭᠠᠳᠠᠨ

ᠪᠣᠯᠢᠶᠠᠯᠳᠤᠨ ᠠᠯᠠᠯᠳᠤᠵᠤ ᠶᠠᠪᠣᠭᠰᠠᠨ

ᠪᠣᠴᠠᠭᠠᠤᠨ ᠶᠠᠪᠣᠭᠰᠠᠨ ᠵᠠᠭᠤᠨ ᠳ᠋ᠤ

ᠪᠣᠷᠬᠠᠨ ᠬᠠᠯᠳᠤᠨ ᠡᠴᠡ ᠳᠠᠰᠤᠷᠠᠭᠰᠠᠨ

ᠪᠦᠭᠦᠰᠢ ᠦᠭᠡᠶ ᠭᠠᠯ ᠤᠨ ᠣᠴᠢ

ᠳᠡᠯᠢᠭᠦᠨ ᠪᠣᠯᠳᠤᠭ ᠡᠴᠡ ᠥᠰᠦᠷᠦᠭᠡᠤᠨ

ᠳᠡᠯᠡᠭᠡᠢ ᠶᠢᠨ ᠬᠠᠶᠠᠭᠠᠨ ᠳᠤ ᠳᠦᠷᠯᠵᠡᠭ᠍ᠰᠡᠨ ᠶᠤᠮ᠃

ᠪᠣᠳᠠᠷᠠᠭᠰᠠᠨ ᠴᠢᠯᠠᠭᠤᠳ ᠢ ᠨᠡᠢ᠌ᠦᠡᠭᠡᠵᠤ

ᠪᠣᠭᠤᠷᠤᠯ ᠬᠠᠳᠠ ᠪᠣᠯᠭᠠᠬᠤ ᠭᠡᠵᠤ

ᠪᠣᠷᠵᠢᠭᠢᠨ ᠣᠪᠣᠭ ᠤᠨ ᠭᠦᠤ ᠵᠢ

ᠪᠣᠭᠤᠨᠢ ᠵᠢᠯᠤᠭᠤ ᠲᠡᠶ ᠳᠠᠪᠭᠢᠭᠤᠯᠤᠭᠰᠠᠨ ᠶᠤᠮ

ᠪᠣᠴᠠᠵᠤ ᠨᠢᠴᠤᠬᠤ ᠦᠭᠡᠶ ᠣᠮᠤᠭ ᠶᠢᠡᠷ

ᠪᠦᠭᠦᠢᠯᠡ ᠭᠦᠷᠤᠨ ᠢ ᠨᠢᠭᠡᠳᠭᠡᠭᠦ ᠭᠡᠵᠤ

ᠪᠣᠭᠳᠠ ᠴᠢᠩᠭᠢᠰ ᠡᠵᠡᠨ ᠢ

ᠪᠣᠰᠤᠭ᠎ᠠ ᠳᠦᠷᠦᠭᠡ ᠲᠡᠶ ᠳᠦᠷᠦᠭᠦᠯᠦᠭ᠍ᠰᠡᠨ ᠶᠤᠮ

ᠠᠽᠢᠶ᠎ᠠ ᠶᠢᠨ ᠬᠠᠳᠠᠭᠤ ᠰᠢᠭᠤᠷᠭ᠎ᠠ

ᠠᠭᠳᠠ ᠶᠢᠨ ᠨᠢᠷᠤᠭᠤᠨ ᠡᠴᠡ ᠣᠷᠭᠤᠭᠠᠤᠨ

ᠠᠷᠪᠠᠨ ᠭᠤᠷᠪᠠᠳᠤᠭᠠᠷ ᠵᠠᠭᠤᠨ ᠢ

ᠠᠯᠠᠭᠠᠨ ᠳᠡᠭᠡᠷ᠎ᠡ ᠪᠠᠨ ᠳᠤᠭᠳᠠᠭᠠᠭᠰᠠᠨ ᠶᠤᠮ

ᠠᠽᠢᠶ᠎ᠠ ᠧᠥᠷᠦᠫᠡ ᠶᠢ ᠳᠤᠪᠭᠢᠭᠠᠤᠨ

ᠠᠵᠤ ᠰᠤᠶᠤᠯ ᠢ ᠥᠷᠨᠢᠭᠦᠯᠦᠭᠡᠤᠨ

ᠠᠬ᠎ᠠ ᠳᠡᠭᠦᠤ ᠰᠠᠳᠤᠨ ᠰᠢᠭ ᠢᠵᠢᠯᠢᠰᠢᠭᠦᠯᠦᠭᠡᠤᠨ

ᠠᠯᠠᠭ ᠬᠤᠷᠸ᠎ᠠ ᠳᠤ ᠮᠥᠩᠭᠡᠷᠡᠭ᠍ᠰᠡᠨ ᠶᠤᠮ᠃

ᠵᠤᠬᠢᠶᠠᠭᠴᠢ᠄ ᠰ·ᠤᠯᠠᠭᠠᠨᠪᠠᠲᠤ
ᠢᠷᠡᠯᠲᠡ᠄ ᠵᠤᠬᠢᠶᠠᠭᠴᠢ ᠡᠴᠡ ᠬᠠᠩᠭ᠋ᠠᠪᠠ
ᠬᠠᠷᠢᠶ᠎ᠠ᠄ ᠰᠢᠯᠦᠭ
ᠳᠠᠷᠤᠮ᠄ 3033
ᠴᠠᠭ᠄ 2005 ᠤᠨ ᠤ 08 ᠰᠠᠷ᠎ᠠ ᠶᠢᠨ 04
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ