☆ ᠳ᠋·ᠪᠦᠷᠢᠨᠲᠤᠭᠲᠠᠬᠤ
ᠴᠢ ᠨᠠᠷᠠᠨ ᠤ ᠭᠡᠦᠭᠡᠨ
ᠣᠶᠠᠬᠠᠨ ᠨᠢ ᠠᠷᠭ᠎ᠠ ᠦᠭᠡᠶ ᠥᠡᠳᠦᠷᠯᠢᠭ᠌ ᠤᠨ ᠵᠥᠭᠡᠯᠡᠨ ᠠᠮᠢᠰᠬᠤᠭ᠎ᠠ
ᠴᠡᠴᠡᠭ᠌ ᠳᠠᠷᠠᠯᠠᠨ ᠳᠤᠭᠵᠢᠷᠠᠬᠤ ᠶᠢᠨ ᠦᠶ᠎ᠡ ᠳᠤ
ᠣᠪ ᠣᠯᠠᠭᠠᠨ ᠣᠷᠤᠭᠤᠯ ᠶᠢᠡᠷ ᠡᠭᠡ ᠭᠠᠵᠠᠷ ᠶᠢᠡᠨ ᠥᠨᠦᠰᠦᠭᠡ
ᠵᠢᠷᠭᠠᠬᠤ ᠨᠠᠷᠠᠨ ᠤ ᠳᠤᠳᠤᠷ᠎ᠠ ᠡᠴᠡ
ᠴᠢ ᠮᠢᠨᠢ ᠨᠠᠰᠢ ᠪᠠᠨ ᠠᠯᠬᠤᠭᠠᠤᠨ ᠯᠠ ᠢᠷᠠᠨ᠎ᠠ
ᠠᠯᠳᠠᠨ ᠨᠠᠷᠠᠨ ᠤ ᠳᠠᠠᠳᠠ ᠡᠴᠡ ᠢᠷᠡᠭ᠍ᠰᠡᠨ ᠪᠣᠯᠬᠤᠷ ᠯᠠ
ᠠᠯᠠᠭᠠᠨ ᠡᠴᠡ ᠴᠢᠨᠢ ᠪᠢ ᠢᠯᠴᠢ ᠮᠠᠳᠠᠷᠠᠨᠠ
ᠠᠮᠠᠷᠠᠭ ᠬᠠᠷᠠᠴᠠᠨ ᠳᠤ ᠴᠢᠨᠢ ᠳᠤᠷᠠᠰᠤᠯ ᠬᠠᠢ᠌ᠯᠤᠨ᠎ᠠ
ᠠᠯᠳᠠᠨ ᠨᠠᠷᠠᠨ ᠤ ᠳᠠᠠᠳᠠ ᠡᠴᠡ ᠢᠷᠡᠭ᠍ᠰᠡᠨ ᠪᠣᠯᠬᠤᠷ ᠯᠠ
ᠠᠯᠢᠪᠠ ᠪᠦᠭᠦᠨ ᠳᠤ ᠵᠢᠷᠭᠠᠯ ᠨᠠᠪᠴᠢᠵᠤ
ᠠᠮᠢᠳᠤᠷᠠᠯ ᠮᠢᠨᠢ ᠬᠠᠢ᠌ᠷ᠎ᠠ ᠪᠠᠷ ᠰᠠᠴᠤᠷᠠᠨ᠎ᠠ ᠁
ᠴᠢ ᠨᠠᠷᠠᠨ ᠤ ᠳᠤᠳᠤᠷ᠎ᠠ ᠡᠴᠡ ᠠᠯᠬᠤᠭᠠᠤᠨ ᠢᠷᠡᠭ᠍ᠰᠡᠨ
ᠴᠢᠮᠡᠭᠡ ᠦᠭᠡᠶ ᠶᠢᠨ ᠳᠤᠮᠳᠠ ᠳᠠᠯ᠎ᠠ ᠶᠢᠨ ᠰᠢᠷ᠎ᠠ ᠪᠦᠷᠦᠢ
ᠮᠠᠨ ᠢ ᠵᠥᠭᠡᠯᠡᠨ ᠳᠠᠪᠠᠷᠢᠵᠤ
ᠣᠳᠤᠳ ᠡᠴᠡ ᠬᠠᠷᠠᠮ ᠰᠠᠨᠠᠭᠰᠠᠨ
ᠰᠠᠨᠠᠬᠤ ᠶᠢᠨ ᠭᠦᠭᠡᠷᠦᠭᠦᠨ ᠳᠤᠭᠳᠤᠯᠤᠯ ᠶᠢᠡᠷ
ᠬᠠᠢ᠌ᠷ᠎ᠠ ᠶᠢ ᠴᠢᠨᠢ ᠮᠡᠳᠡᠷᠡᠭᠦ ᠡᠨᠡᠭᠡᠨ ᠊ᠭ᠍ᠱᠡᠨ ᠳᠤ
ᠴᠢ ᠪᠣᠯ ᠮᠢᠨᠤ ᠰᠡᠳᠭᠢᠯ ᠳᠤ ᠪᠠᠭᠤᠭᠰᠠᠨ ᠭᠡᠷᠡᠯ
ᠰᠠᠷ᠎ᠠ ᠮᠠᠠᠳᠤᠬᠤ ᠶᠢᠨ ᠳᠠᠷᠠ ᠵᠥᠭ᠌ ᠡᠴᠡ
ᠵᠢᠷᠦᠭᠡᠨ ᠳᠤ ᠰᠢᠩᠭᠡᠭ᠍ᠰᠡᠨ ᠭᠡᠷᠡᠯ
ᠴᠢ ᠪᠣᠯ ᠨᠠᠷᠠᠨ ᠤ ᠭᠡᠦᠭᠡᠨ ᠁
ᠵᠤᠬᠢᠶᠠᠭᠴᠢ ᠶᠢᠨ ᠬᠠᠶᠢᠭ ᠄ ᠪᠠᠭᠠᠷᠢᠨ ᠤ ᠪᠠᠢ᠌ᠰᠢᠩᠳᠤ
ᠵᠤᠬᠢᠶᠠᠭᠴᠢ᠄ ᠳ᠋·ᠪᠦᠷᠢᠨᠲᠤᠭᠲᠠᠬᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2645
ᠴᠠᠭ᠄ 2011 ᠤᠨ ᠤ 05 ᠰᠠᠷ᠎ᠠ ᠶᠢᠨ 28
ᠨᠠᠢ᠌ᠷᠠᠭᠤᠯᠤᠭᠴᠢ᠄ ᠪᠦᠬᠡᠡᠷᠳᠡᠨᠢ