☆ ᠭᠤᠨᠢᠨᠤᠳ·ᠨᠠ᠊·ᠰᠥᠭᠡᠪᠠᠭᠠᠲᠤᠷ
ᠴᠢ ᠡᠵᠡᠭᠦᠢ
ᠮᠤᠷᠤᠢ ᠰᠠᠷᠠᠨ ᠢ ᠵᠢᠷᠦᠭᠡᠨ ᠳᠤᠯᠳᠤᠨ ᠳᠤ ᠪᠠᠨ ᠡᠯᠭᠦᠵᠤ
ᠳᠡᠷᠭᠡᠯᠰᠢᠭᠦᠯᠭᠦ ᠭᠡᠵᠤ ᠭᠡᠯᠳᠡᠷᠭᠡᠢ ᠶᠢ ᠨᠢ ᠬᠠᠢ᠌ᠵᠤ ᠴᠢᠮ᠎ᠠ ᠶᠢ ᠰᠠᠨᠠᠯ᠎ᠠ
ᠴᠢ ᠡᠵᠡᠭᠦᠢ
ᠳᠦᠭᠡᠭ᠍ᠰᠡᠨ ᠣᠳᠤᠳ ᠢ ᠬᠠᠷᠠᠴᠠᠨ ᠤ ᠭᠦᠨ ᠳᠤ ᠪᠠᠨ ᠪᠠᠭᠳᠠᠭᠠᠵᠤ
ᠬᠤᠷᠢᠶᠠᠬᠤ ᠭᠡᠵᠤ ᠵᠠᠬ᠎ᠠ ᠶᠢ ᠨᠢ ᠪᠠᠷᠠᠯᠠᠵᠤ ᠴᠢᠮ᠎ᠠ ᠶᠢ ᠰᠠᠨᠠᠯ᠎ᠠ
ᠴᠢ ᠡᠵᠡᠭᠦᠢ
ᠰᠡᠮᠡᠷᠡᠭ᠍ᠰᠡᠨ ᠡᠭᠦᠯᠡ ᠶᠢ ᠬᠤᠷᠤᠭᠤᠨ ᠥᠵᠦᠭᠦᠷ ᠲᠤ ᠪᠠᠨ ᠳᠤᠷᠭᠤᠵᠤ
ᠨᠥᠭᠦᠭᠦ ᠭᠡᠵᠤ ᠣᠷᠠᠩᠬᠠᠢ ᠶᠢ ᠨᠢ ᠡᠷᠢᠵᠤ ᠴᠢᠮ᠎ᠠ ᠶᠢ ᠰᠠᠨᠠᠯ᠎ᠠ
ᠴᠢ ᠡᠵᠡᠭᠦᠢ
ᠴᠡᠴᠡᠷᠡᠭ᠍ᠰᠡᠨ ᠠᠭᠠᠷ ᠢ ᠳᠠᠪᠠᠯ ᠤᠨ ᠡᠩᠭᠡᠷ ᠲᠤ ᠪᠠᠨ ᠡᠪᠦᠷᠯᠡᠵᠤ
ᠳᠤᠯᠠᠭᠠᠴᠠᠭᠤᠯᠬᠤ ᠭᠡᠵᠤ ᠭᠦᠢᠳᠡᠨ ᠢ ᠨᠢ ᠠᠭᠤᠳᠠᠯᠯᠠᠵᠤ ᠴᠢᠮ᠎ᠠ ᠶᠢ ᠰᠠᠨᠠᠯ᠎ᠠ
ᠴᠢ ᠡᠵᠡᠭᠦᠢ
ᠭᠤᠴᠢᠨ ᠵᠠᠭᠤᠨ ᠤ ᠭᠠᠰᠢᠭᠤᠨ ᠰᠠᠯᠭᠢᠨ ᠳ᠋ᠤ
ᠭᠤᠤᠯ ᠳᠠᠯᠠᠰᠳᠠᠯᠠ ᠪᠠᠨ ᠴᠤᠭᠢᠭᠤᠯᠵᠤ
ᠭᠤᠨᠢᠭᠯᠠᠵᠤ ᠳᠡᠩᠰᠡᠯᠭᠦ ᠴᠡᠭᠡᠵᠢᠨ ᠳᠤ ᠪᠠᠨ
ᠳᠡᠪᠠᠷᠢᠭᠦ ᠭᠡᠵᠤ ᠴᠢᠮ᠎ᠠ ᠶᠢ ᠰᠠᠨᠠᠯ᠎ᠠ
ᠴᠢ ᠡᠵᠡᠭᠦᠢ᠂ ᠪᠢ ᠭᠠᠭᠴᠠᠭᠠᠷ ᠶᠢᠡᠨ ᠁
2008.12.21
ᠬᠦᠬᠡᠬᠤᠲᠠ ᠳᠤ᠂ ᠨᠠᠮ ᠤᠨ ᠰᠤᠷᠭᠠᠭᠤᠯᠢ ᠶᠢᠨ ᠭᠦᠷᠢᠶᠡᠨ ᠳ᠋ᠤ
ᠵᠤᠬᠢᠶᠠᠭᠴᠢ ᠶᠢᠨ ᠬᠠᠶᠢᠭ ᠄ ᠯᠢᠶᠤᠤᠨᠢᠩ ᠶᠡᠭᠡ ᠰᠤᠷᠭᠠᠭᠤᠯᠢ
ᠵᠤᠬᠢᠶᠠᠭᠴᠢ᠄ ᠭᠤᠨᠢᠨᠤᠳ·ᠨᠠ᠊·ᠰᠥᠭᠡᠪᠠᠭᠠᠲᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2650
ᠴᠠᠭ᠄ 2010 ᠤᠨ ᠤ 04 ᠰᠠᠷ᠎ᠠ ᠶᠢᠨ 07
ᠨᠠᠢ᠌ᠷᠠᠭᠤᠯᠤᠭᠴᠢ᠄ ᠪᠦᠬᠡᠡᠷᠳᠡᠨᠢ