ᠨᠡᠪᠲᠡᠷᠡᠨ ᠤᠷᠤᠬᠤ
ᠠᠰᠠᠭᠤᠯᠳᠠ
᠊᠊᠊᠊᠊᠊᠊᠊᠊᠊᠊᠊᠊᠊᠊ ᠳᠡᠭᠡᠳᠤ ᠨᠠᠢ᠌ᠰᠯᠠᠯ ᠤᠨ ᠪᠠᠭᠤᠷᠢ ᠳ᠋ᠠᠭᠢ ᠭᠡᠦᠭᠡᠯᠳᠡᠢ ᠴᠢᠯᠠᠭᠤ ᠡᠴᠠ ᠠᠰᠠᠭᠤᠬᠤᠢ

ᠭᠦᠢᠳᠡᠨ ᠪᠠᠭᠤᠷᠢ ᠶᠢᠨ ᠭᠡᠦᠭᠡᠯᠳᠡᠢ ᠴᠢ

ᠭᠦᠦᠷ ᠰᠠᠭᠢᠭᠰᠠᠨ ᠨᠠᠪᠳᠠᠭ ᠴᠢᠯᠠᠭᠤ ᠦᠦ ︖

ᠭᠦᠯᠦᠭ᠌ ᠣᠶᠠᠭᠠᠨ ᠤ ᠪᠠᠭᠠᠨ᠎ᠠ ᠴᠢᠯᠠᠭᠤ ᠦᠦ ︖

ᠭᠦᠭᠡᠷᠦᠭᠡᠨ ᠬᠡᠦᠬᠡᠳ ᠤᠨ ᠭᠦᠷᠦᠭ᠌ ᠴᠢᠯᠠᠭᠤ ᠦᠦ ︖

ᠭᠦᠭᠡ ᠰᠦᠮ᠎ᠡ ᠶᠢᠨ ᠪᠠᠠᠳᠢ ᠴᠢᠯᠠᠭᠤ ᠦᠦ ︖

ᠭᠦᠷᠢᠶ᠎ᠡ ᠬᠠᠭᠠᠯᠭᠠᠨ ᠤ ᠣᠩᠭ᠋ᠤᠳ ᠴᠢᠯᠠᠭᠤ ᠤᠤ  ︖

ᠭᠦᠳᠡᠷ ᠬᠠᠳᠠᠨ ᠤ ᠪᠠᠴᠢᠨ ᠴᠢᠯᠠᠭᠤ ᠦᠦ ︖

ᠭᠦᠭ᠍ᠵᠢᠶᠡᠡᠳᠤ ᠴᠡᠴᠡᠷᠯᠢᠭ᠌ ᠤᠨ ᠣᠷᠠᠨ ᠴᠢᠯᠠᠭᠤ ᠦᠦ ︖

ᠭᠦᠳᠡᠭᠡ ᠪᠣᠩᠬᠤᠨ ᠤ ᠰᠠᠪᠳᠠᠭ ᠴᠢᠯᠠᠭᠤ ᠦᠦ ︖

ᠭᠦᠮᠤᠨ ᠶᠤᠮ ᠦᠦ᠂ ᠰᠠᠮᠵᠠ ᠶᠤᠮ ᠦᠦ ︖

ᠭᠦᠭᠡᠷᠦᠭᠦᠢ ᠴᠢ ᠶᠠᠭᠤ ᠪᠣᠢ ︖

ᠭᠦᠭ᠍ᠰᠢᠨ ᠳᠠᠷᠬᠠᠨ ᠴᠢᠨᠢ ᠬᠠᠮᠢᠭ᠎ᠠ ᠪᠣᠢ ︖

ᠭᠦᠰᠢᠶ᠎ᠡ ᠱᠤᠭᠤᠭᠰᠠᠨ ᠣᠴᠢᠷ ᠶᠠᠭᠤ ᠪᠣᠢ ︖

ᠭᠦᠡᠳᠦᠷᠡᠨ ᠵᠤᠭᠰᠤᠬᠤ ᠰᠢᠯᠳᠠᠭᠠᠨ ᠶᠠᠭᠤ ᠪᠣᠢ ︖

ᠭᠦᠩᠭᠡᠭᠡᠨ ᠰᠢᠪᠠᠨᠡᠭ᠍ᠰᠡᠨ ᠬᠠᠢ᠌ᠷ᠎ᠠ ᠶᠠᠭᠤ ᠪᠣᠢ ︖

ᠭᠦᠭ᠍ᠵᠢᠮ ᠴᠢᠩᠨᠠᠭᠰᠠᠨ ᠢᠨᠠᠭ ᠶᠠᠭᠤ ᠪᠣᠢ ︖

ᠭᠦᠩᠭᠡᠨ ᠳᠡᠭ᠍ᠵᠢᠨ ᠨᠠᠢ᠌ᠵᠠ ᠶᠠᠭᠤ ᠪᠣᠢ ︖

ᠭᠦᠭᠯᠡᠭ᠍ᠰᠡᠨ ᠳᠣᠢ᠌ᠮᠠᠷ ᠤᠨ ᠳᠦᠷᠡᠯᠵᠡᠭᠡᠨ ᠳᠤ

ᠭᠤᠷᠡᠰᠢᠵᠤ ᠰᠢᠳᠠᠭᠠᠤᠨ ᠪᠠᠷᠠᠪᠠ ᠦᠦ ᠳᠠᠳᠠ ︖

ᠭᠡᠷᠴᠡᠭᠡᠢ ᠴᠡᠷᠢᠭ᠌ ᠤᠨ ᠪᠠᠯᠳᠠᠨ ᠳ᠋ᠤ

ᠭᠡᠮᠭᠡᠷᠡᠵᠤ ᠨᠢᠴᠠᠷᠠᠭᠠᠤᠨ ᠳᠠᠭᠤᠰᠪᠠ ᠦᠦ ᠳᠠᠳᠠ ︖

ᠭᠡᠳᠤᠨ ᠵᠠᠭᠤᠨ ᠤ ᠰᠢᠭᠤᠷᠭᠠᠨ ᠳᠤ

ᠭᠡᠭᠡᠷ᠎ᠡ ᠳᠡᠨᠦᠭᠡᠳ ᠳᠦᠭᠡᠷᠡᠪᠡ ᠦᠦ ᠳᠠᠳᠠ ︖

ᠰᠢᠯᠵᠢᠵᠤ ᠳᠡᠷᠪᠠᠭ᠍ᠰᠡᠨ ᠢᠷᠭᠡᠳ ᠤᠨ

ᠰᠢᠳᠦᠭᠡᠨ ᠪᠣᠯᠤᠭᠠᠤᠨ ᠨᠢᠭᠤᠭᠳᠠᠪᠠ ᠦᠦ ᠳᠠᠳᠠ ︖

ᠰᠢᠪᠠᠷ ᠳᠤᠭᠤᠰᠬᠠᠨ ᠪᠠᠢ᠌ᠰᠢᠩ ᠤᠨ ᠭᠢᠨᠢ

ᠰᠠᠭᠤᠷᠢ ᠪᠣᠯᠤᠭᠠᠤᠨ ᠪᠣᠯᠠᠭᠳᠠᠪᠠ ᠦᠦ ᠳᠠᠳᠠ ︖

ᠵᠠᠭᠤᠨ ᠵᠠᠭᠤᠨ ᠢ ᠡᠯᠡᠳᠡᠯ᠎ᠡ

ᠵᠤᠵᠢᠭᠯᠠᠵᠤ ᠵᠤᠭᠰᠤᠬᠤ ᠴᠢᠨᠢ ᠶᠠᠭᠤ ᠪᠣᠢ ︖

ᠭᠡᠷᠡᠯᠳᠤᠨ ᠮᠡᠯᠮᠡᠷᠡᠭᠦ ᠭᠤᠤᠯ ᠤᠨ ᠵᠢᠠᠨ

ᠳᠤᠯᠭᠢᠰ ᠢ ᠳᠠᠭᠤᠯᠠᠨ ᠵᠤᠭᠰᠤᠭ᠎ᠠ ᠦᠦ ︖

ᠭᠡᠷᠡᠯᠳᠤ ᠦᠨᠳᠦᠷ ᠪᠠᠭᠢᠯᠠᠯᠳᠠ ᠵᠢᠨ

ᠳᠠᠢ᠌ᠴᠢᠳ ᠢ ᠮᠦᠷᠦᠭᠡᠳᠴᠤ ᠵᠤᠭᠰᠤᠭ᠎ᠠ ᠦᠦ ︖

ᠭᠡᠮᠰᠢᠯ ᠰᠢᠯᠦᠭᠯᠡᠭ᠍ᠰᠡᠨ ᠬᠠᠭᠠᠤᠨ ᠤᠨ

ᠭᠤᠳᠤᠷᠠᠯ ᠢ ᠣᠶᠠᠩᠭ᠋ᠠᠯᠠᠵᠤ ᠵᠤᠭᠰᠤᠭ᠎ᠠ ᠦᠦ ︖

ᠭᠡᠷ ᠲᠤ ᠨᠢᠭᠤᠭᠳᠠᠭᠰᠠᠨ ᠵᠠᠯᠢᠬᠠᠢ ᠵᠢᠨ

ᠨᠢᠭᠤᠴᠠ ᠶᠢ ᠢᠯᠠᠴᠢᠯᠠᠨ ᠵᠤᠭᠰᠤᠭ᠎ᠠ ᠦᠦ ︖

ᠭᠡᠷᠡᠯᠳᠦᠮ᠎ᠡ ᠢᠷᠳᠤ ᠮᠠᠰᠠᠰ ᠤᠨ

ᠠᠯᠠᠯᠳᠤᠭ᠎ᠠ ᠶᠢ ᠳᠦᠷᠰᠤᠯᠠᠵᠤ ᠵᠤᠭᠰᠤᠭ᠎ᠠ ᠦᠦ ︖

ᠭᠢᠯᠠᠯᠵᠠᠨ ᠢᠰᠭᠡᠷᠭᠦ ᠰᠤᠮᠤᠳ ᠤᠨ

ᠱᠤᠤᠭᠢᠶ᠎ᠠ ᠶᠢ ᠳᠠᠪᠳᠠᠨ ᠵᠤᠭᠰᠤᠭ᠎ᠠ ᠦᠦ ︖

ᠭᠡᠳᠥᠢᠨ ᠳᠤᠩᠭ᠋ᠣᠢ᠌ᠨ ᠤᠢ᠌ᠴᠢᠭᠰᠠᠨ

ᠬᠤᠶᠠᠭ ᠢ ᠳᠠᠭᠤᠳᠠᠨ ᠵᠤᠭᠰᠤᠭ᠎ᠠ ᠦᠦ ︖

ᠭᠡᠶ‍ᠦᠷᠡᠨ ᠣᠷᠤᠰᠤᠭᠰᠠᠨ ᠭᠤᠤᠯ ᠤᠨ

ᠭᠡᠭᠦᠷ ᠦᠳᠡᠨ ᠵᠤᠭᠰᠤᠭ᠎ᠠ ᠦᠦ ︖

ᠭᠡᠭᠡᠨ ᠴᠡᠴᠡᠭ᠍ᠳᠤ ᠨᠠᠭᠤᠷ ᠤᠨ

ᠴᠢᠰᠤᠨ ᠢ ᠰᠢᠩᠬᠤᠯᠠᠨ ᠵᠤᠭᠰᠤᠭ᠎ᠠ ᠦᠦ ︖

ᠭᠡᠷ ᠪᠠᠢ᠌ᠰᠢᠩ ᠣᠷᠳᠤᠳ ᠤᠨ

ᠳᠣᠢ᠌ᠮᠠᠷ ᠢ ᠬᠠᠷᠠᠰᠠᠨ ᠵᠤᠭᠰᠤᠭ᠎ᠠ ᠦᠦ ︖

ᠭᠡᠨᠡᠳᠡᠵᠤ ᠰᠥᠢᠳᠦᠭ᠍ᠰᠡᠨ ᠡᠭᠡᠴᠦᠦᠯ ᠤᠨ

ᠭᠤᠮᠤᠳᠠᠯ ᠢ ᠳᠤᠭᠠᠴᠢᠵᠤ ᠵᠤᠭᠰᠤᠭ᠎ᠠ ᠦᠦ ︖

ᠭᠡᠨᠡᠨ ᠴᠠᠭᠠᠨ ᠬᠡᠦᠬᠡᠳ ᠤᠨ

ᠰᠦᠨᠠᠰᠤ ᠶᠢ ᠳᠠᠯᠠᠯᠵᠤ ᠵᠤᠭᠰᠤᠭ᠎ᠠ ᠦᠦ ︖

ᠭᠡᠨᠡᠳᠲᠡ ᠰᠥᠨᠦᠭ᠍ᠰᠡᠨ ᠬᠤᠳᠠ ᠶᠢᠨ

ᠰᠦᠯᠳᠡ ᠶᠢ ᠬᠠᠢ᠌ᠵᠤ ᠵᠤᠭᠰᠤᠭ᠎ᠠ ᠦᠦ ︖

ᠭᠡᠮᠳᠡᠨ ᠠᠳᠤᠭᠤᠰᠤ ᠳᠡᠭᠡᠷᠡᠮ ᠤᠨ

ᠶᠠᠯ᠎ᠠ ᠶᠢ ᠵᠠᠭᠠᠯᠳᠤᠨ ᠵᠤᠭᠰᠤᠭ᠎ᠠ ᠦᠦ ︖

ᠭᠡᠭᠡᠨ ᠰᠦᠷᠯᠢᠭ᠌ ᠣᠷᠳᠤᠳ ᠤᠨ

ᠵᠢᠪᠬᠤᠭ᠎ᠠ ᠶᠢ ᠥᠭᠦᠯᠡᠨ ᠵᠤᠭᠰᠤᠭ᠎ᠠ ᠦᠦ ︖

ᠬᠠᠢ᠂ ᠴᠢ ᠴᠤᠬᠤᠮ ᠶᠠᠭᠤᠬᠠᠨ ᠭᠡᠵᠤ

ᠦᠷᠴᠢ᠌ᠨ ᠦᠷᠴᠢ᠌ᠨ ᠵᠤᠭᠰᠤᠬᠤ ᠪᠣᠢ ︖

        

    2013,10.19

    

ᠵᠤᠬᠢᠶᠠᠭᠴᠢ ᠶᠢᠨ ᠬᠠ‍‌ᠶᠢᠭ ᠄ ᠰᠢᠯᠢ ᠶᠢᠨ ᠭᠤᠤᠯ ᠠᠢ᠌ᠮᠠᠭ᠂ ᠰᠢᠯᠤᠭᠤᠨ ᠭᠦᠪᠠᠭᠡᠳᠤ ᠴᠠᠭᠠᠨ ᠬᠤᠰᠢᠭᠤᠨ ᠤ ᠮᠤᠩᠭ᠋ᠤᠯ ᠳᠤᠮᠳᠠᠳᠤ ᠰᠤᠷᠭᠠᠭᠤᠯᠢ

ᠵᠤᠬᠢᠶᠠᠭᠴᠢ᠄ ᠪ᠊·ᠳᠡᠭᠦᠯᠢᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 12636
ᠴᠠᠭ᠄ 2013 ᠤᠨ ᠤ 11 ᠰᠠᠷ᠎ᠠ ᠶᠢᠨ 08
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ