ᠨᠡᠪᠲᠡᠷᠡᠨ ᠤᠷᠤᠬᠤ
ᠬᠦᠬᠡᠬᠤᠲᠠ

ᠭᠦᠷᠦᠩᠭᠡ ᠲᠡᠶ ᠭᠦᠮᠤᠨ ᠰᠢᠤ ᠭᠡᠵᠤ

ᠰᠢᠯᠦᠭ᠌ ᠶᠢᠡᠨ ᠣᠩᠰᠢᠵᠤ ᠳᠤᠭᠳᠤᠯᠵᠤ ᠳᠤ

ᠬᠦᠬᠡᠬᠤᠲᠠ

ᠨᠢᠯᠪᠣᠰᠤ ᠶᠢ ᠮᠢᠨᠢ ᠳᠠᠭᠠᠰᠢᠶᠠᠭᠰᠠᠨ ᠦᠭᠡᠶ

ᠭᠡᠨ ᠳᠤ ᠴᠤ ᠥᠮᠴᠢᠯᠡᠭ᠍ᠳᠡᠭᠦ ᠦᠭᠡᠶ

ᠳᠠᠷᠠ ᠪᠠᠭᠴᠠ ᠴᠡᠴᠡᠭ᠌ ᠶᠢᠡᠨ ᠰᠢᠭ᠌

ᠳᠤᠪ ᠳᠤᠭᠤᠢ

ᠳᠠᠯᠠᠨ ᠬᠠᠷ᠎ᠠ ᠨᠠᠢ᠌ᠳᠠᠮ ᠳᠡᠭᠡᠨ ᠮᠠᠨᠠᠠᠳᠤᠮ᠎ᠠ

ᠭᠦᠷᠦᠰᠤ ᠶᠢ ᠨᠢ ᠭᠢᠰᠭᠢᠭᠦ ᠳᠡᠭᠡᠨ ᠴᠤ

ᠨᠠᠪᠴᠢᠰ ᠪᠣᠤ ᠳᠠᠭᠠᠷᠠᠯᠳᠤᠭᠠᠰᠠᠢ ᠭᠡᠵᠤ

ᠪᠦᠳᠡᠭᠦᠭᠡᠨ ᠵᠠᠯᠪᠠᠷᠢᠳᠠᠭ

ᠡᠮᠵᠡᠭ᠌ ᠰᠠᠤᠠᠭᠢᠯ ᠤᠨ ᠭᠦᠡᠳᠡᠭᠦᠷᠯᠡᠯ

ᠭᠡᠯᠡᠵᠤ ᠴᠢᠳᠠᠭ᠎ᠠ ᠦᠭᠡᠶ

ᠪᠣᠳᠤᠯ ᠤᠨ ᠮᠢᠩᠭ᠋ᠠᠨ ᠥᠭᠡ ᠪᠦᠭᠦᠨ ᠶᠢᠡᠨ

ᠭᠡᠯᠡᠭ᠍ᠰᠡᠨ ᠴᠤ ᠢᠳᠡᠭᠡᠭᠦᠯᠵᠦ ᠴᠢᠳᠠᠭᠰᠠᠨ ᠦᠭᠡᠶ

ᠳᠠᠮᠠᠢ᠌ᠷᠠᠯ ᠪᠦᠭᠦᠨ ᠶᠢᠡᠨ

ᠭᠦᠮᠤᠨ ᠭᠡᠵᠤ ᠪᠣᠰᠤᠭ᠎ᠠ ᠶᠠᠪᠣᠭᠰᠠᠨ ᠤ

ᠪᠠᠶᠠᠷ ᠪᠣᠶᠤ ᠭᠤᠨᠢᠭ ᠶᠢᠡᠨ

ᠬᠠᠷᠠᠭᠠᠨ ᠤ ᠴᠢᠨᠢ ᠰᠠᠷᠠᠯ ᠳᠤ ᠭᠦᠷᠭᠡᠭᠦ ᠭᠡᠵᠤ

ᠬᠤᠯᠠ ᠡᠴᠡ ᠪᠢ

ᠮᠤᠷᠢ ᠪᠠᠨ ᠭᠦᠳᠦᠯᠵᠤ ᠢᠷᠡᠭ᠍ᠰᠡᠨ ᠶᠤᠮ

ᠭᠦᠳᠦᠰᠤᠨ ᠳᠠᠪᠠᠯ ᠲᠡᠶ ᠢᠷᠡᠭ᠍ᠰᠡᠨ ᠶᠤᠮ

ᠳᠠᠭᠤᠤ ᠪᠠᠨ ᠰᠢᠷᠤᠩᠬᠠᠢ᠌ᠯᠠᠵᠤ ᠢᠷᠡᠭ᠍ᠰᠡᠨ ᠶᠤᠮ

ᠳᠦᠷᠦᠭᠡᠨ ᠳᠡᠭᠡᠷ᠎ᠡ ᠪᠠᠨ ᠪᠣᠰᠤᠭ᠎ᠠ ᠢᠷᠡᠭ᠍ᠰᠡᠨ ᠶᠤᠮ

ᠳᠠᠭᠤᠨ ᠳᠤ ᠮᠢᠨᠢ ᠴᠢ ᠣᠶᠠᠷᠠᠭ᠎ᠠ ᠦᠭᠡᠶ

ᠳᠤᠷᠠᠯᠠᠯ ᠶᠢᠡᠷ ᠨᠠᠮᠢ᠋ᠢ ᠱᠠᠩᠨᠠᠭ᠎ᠠ ᠦᠭᠡᠶ

ᠳᠤᠯᠤᠭᠠᠨ ᠵᠠᠭᠤᠨ ᠤ ᠳᠡᠦᠭᠡ ᠶᠢ ᠴᠤ

ᠨᠠᠳᠠᠳᠤ ᠶᠠᠷᠢᠭ᠎ᠠ ᠦᠭᠡᠶ

ᠳᠠᠩᠳᠠ ᠪᠠᠨ ᠳᠤᠭᠤᠢ ᠪᠠᠢ᠌ᠭᠰᠠᠨ᠂   ᠴᠢ

ᠳᠡᠭᠦᠷᠭᠡ ᠶᠢᠨ ᠴᠢᠨᠢ ᠭᠠᠳᠠᠨᠠᠭᠢ

ᠳᠦᠷᠢᠶᠠᠰᠤᠨ ᠭᠡᠷ ᠨᠠᠳᠠ ᠡᠴᠡ ᠭᠢᠮᠳᠠ ᠪᠠᠢ᠌ᠪᠠ

ᠲᠦᠷᠦᠯᠭᠢ ᠭᠡᠯᠡ ᠪᠠᠷ ᠶᠢᠡᠨ ᠪᠢ

ᠦᠪᠡᠷ ᠲᠡᠶ ᠪᠠᠨ ᠶᠠᠷᠢᠯᠴᠠᠳᠠᠭ ᠪᠠᠢ᠌ᠪᠠ

ᠳᠦᠷᠠᠢ᠌ᠪᠴᠢ ᠮᠢᠨᠢ ᠨᠢᠮᠭᠡᠷᠡᠭᠦ ᠳᠤ

ᠨᠢᠳᠤᠷᠭ᠎ᠠ ᠪᠠᠨ ᠵᠠᠩᠭᠢᠤᠠᠳᠠᠭ ᠪᠠᠢ᠌ᠪᠠ

ᠳᠡᠭ᠌ ᠡᠴᠡ ᠳᠤᠭᠤᠭᠰᠢᠭᠢ ᠬᠤᠷᠢᠨ ᠊ᠭ᠍‍ᠷᠠᠳᠦ᠋ᠰ ᠤᠨ ᠰᠦᠨᠢ ᠶᠢ

ᠳᠤᠭᠰᠢᠨ ᠬᠠᠷ᠎ᠠ ᠪᠠᠷ ᠣᠭᠳᠤᠳᠠᠭ ᠪᠠᠢ᠌ᠪᠠ

ᠳᠠᠬᠤ ᠪᠠᠨ ᠨᠦᠮᠦᠷᠴᠦ ᠣᠶᠠᠷᠠᠳᠠᠭ ᠴᠤ ᠪᠠᠢ᠌ᠪᠠ

ᠳᠡᠭ᠍ᠷᠢ ᠶᠢᠨ ᠣᠳᠤᠳ ᠡᠴᠡ ᠭᠡᠷᠡᠯ ᠵᠢᠭᠡᠯᠡᠵᠤ

ᠳ᠋ᠸᠪᠠᠵᠠᠨ ᠤ ᠳᠤᠬᠠᠢ ᠰᠢᠯᠦᠭ᠌ ᠪᠢᠴᠢᠳᠡᠭ᠌ ᠴᠤ ᠪᠠᠢ᠌ᠪᠠ

ᠲᠦᠮᠡᠤᠨ ᠤᠨ ᠳᠠᠯ᠎ᠠ ᠡ ᠭᠡᠵᠤ ᠨᠠᠷ᠎ᠠ ᠶᠢ ᠴᠢᠨᠢ ᠵᠢᠭᠠᠵᠤ

ᠬᠠᠰᠭᠢᠷᠴᠤ ᠰᠡᠷᠢᠳᠡᠭ᠌ ᠴᠤ ᠪᠠᠢ᠌ᠪᠠ

ᠶᠠᠷᠤ ᠡᠴᠡ ᠴᠢᠮᠢ᠋ᠢ

ᠣᠩᠰᠢᠵᠤ ᠳᠦᠭᠦᠭᠡᠷᠦᠭᠡ ᠦᠭᠡᠶ ᠪᠣᠯᠬᠤᠷ

ᠢᠷᠡᠭ᠍ᠰᠡᠨ ᠶᠢᠡᠨ ᠰᠢᠭ᠌ ᠪᠣᠴᠠᠳᠠᠭ ᠪᠣᠯᠪᠠ

ᠶᠡᠭᠡ ᠯᠠ ᠣᠯᠠᠨ ᠰᠢᠷ᠎ᠠ ᠪᠦᠷᠦᠢ ᠶᠢᠨ ᠳᠤᠮᠳᠠ

ᠦᠪᠡᠷ ᠲᠡᠶ ᠴᠢᠨᠢ ᠬᠠᠮᠳᠤ ᠰᠤᠭᠳᠤᠳᠠᠭ ᠶᠢᠡᠨ ᠴᠡᠭᠡᠵᠢᠯᠡᠶ᠎ᠡ

ᠢᠷᠠᠭᠤ ᠨᠠᠢ᠌ᠷᠠᠭ ᠦᠭ‍ᠭᠦᠭᠰᠡᠨ ᠳᠤ ᠴᠢᠨᠢ ᠳᠠᠯᠠᠷᠬᠠᠶ᠎ᠠ

ᠡᠪᠦᠷ ᠳᠦᠭᠦᠷᠡᠩ ᠭᠡᠦᠭᠡᠤᠨ ᠲᠡᠭᠡᠨ

ᠥᠯᠢᠭᠡᠷ ᠶᠠᠷᠢᠵᠤ ᠰᠤᠷ ᠭᠡᠵᠤ ᠭᠦᠰᠡᠶ᠎ᠡ

ᠡᠷᠭᠢᠵᠤ ᠪᠢ ᠢᠷᠡᠭᠦ ᠳᠤ

ᠳᠡᠷᠯᠢᠭ᠌ ᠶᠢᠡᠨ ᠡᠮᠦᠰᠴᠤ ᠪᠠᠢ᠌ᠭᠠᠷᠠᠢ

ᠥᠷᠦᠭᠡᠯ ᠤᠨ ᠨᠢᠳᠤᠨ ᠳᠤ ᠪᠢᠳᠠ ᠭᠡᠵᠢᠶᠡᠳᠡ

ᠳᠡᠭ᠍ᠷᠢᠯᠢᠭ᠌ ᠶᠤᠮ ᠡ ᠭᠡᠵᠤ ᠢᠳᠡᠭᠡᠭᠡᠷᠡᠢ︕




ᠵᠤᠬᠢᠶᠠᠭᠴᠢ ᠶᠢᠨ ᠳᠤᠬᠠᠢ᠄ ᠡ᠊·ᠵᠤᠷᠢᠭᠳᠤ᠂ ᠢᠷᠡᠭᠤ ᠨᠠᠢ᠌ᠷᠠᠭ ᠶᠢᠡᠷ ᠠᠮᠢᠰᠬᠤᠯᠯᠠᠵᠤ ᠬᠤᠨᠤᠭᠰᠠᠨ ᠰᠦᠨᠢ ᠲ᠋ᠡᠯᠡᠭᠡᠢ ᠮᠤᠩᠭ᠋ᠤᠯ ᠤᠨ ᠭᠢ ᠭᠡᠵᠤ ᠢᠳᠡᠭᠡᠵᠤ ᠳᠠᠷᠠ ᠵᠠᠷᠤᠳ ᠨᠤᠳᠤᠭ ᠲᠡᠶ᠃ 《ᠠᠷᠤ ᠭᠠᠵᠠᠷ ᠤᠨ ᠮᠤᠩᠭ᠋ᠤᠯ ᠰᠠᠷᠠ》 ᠰᠢᠯᠦᠭ᠌ ᠤᠨ ᠳᠡᠭᠦᠪᠦᠷᠢ ᠲᠡᠶ᠃ ᠦᠪᠣᠷ ᠮᠤᠩᠭ᠋ᠤᠯ ᠤᠨ ᠭᠦᠭᠡ ᠮᠤᠷᠢᠨ ᠬᠤᠭᠤᠷ ᠤᠨ ᠣᠷᠠᠯᠢᠭ ᠤᠨ ᠰᠤᠷᠭᠠᠭᠤᠯᠢ ᠡᠴᠡ ᠲ᠋ᠡᠭᠦᠰᠴᠤ᠂ ᠡᠷᠢᠯ ᠭᠦᠰᠡᠯ ᠤᠨ ᠶᠢᠡᠨ ᠭᠢᠯᠠᠰ ᠴᠢᠭ᠌ ᠥᠭᠡᠳᠡ ᠪᠠᠨ ᠳᠠᠮᠠᠤᠯᠠᠵᠤ ᠶᠠᠪᠣᠭ᠎ᠠ᠃

ᠵᠤᠬᠢᠶᠠᠭᠴᠢ᠄ ᠡ᠊·ᠵᠤᠷᠢᠭᠳᠤ
ᠢᠷᠡᠯᠲᠡ᠄ ᠵᠤᠬᠢᠶᠠᠭᠴᠢ ᠡᠴᠡ ᠬᠠᠩᠭ᠋ᠠᠪᠠ
ᠬᠠᠷᠢᠶ᠎ᠠ᠄ ᠰᠢᠯᠦᠭ
ᠳᠠᠷᠤᠮ᠄ 4911
ᠴᠠᠭ᠄ 2005 ᠤᠨ ᠤ 06 ᠰᠠᠷ᠎ᠠ ᠶᠢᠨ 18
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ