ᠨᠡᠪᠲᠡᠷᠡᠨ ᠤᠷᠤᠬᠤ
ᠪᠣᠷᠵᠢᠭᠢᠨ ᠳᠤᠤᠯᠢ ᠶᠢᠨ ᠰᠢᠯᠦᠭ᠌ ᠡᠴᠡ ᠰᠤᠨᠢᠷᠬᠠᠶ᠎ᠠ

ᠳᠠᠯ᠎ᠠ ᠶᠢᠨ ᠥᠷᠯᠦᠭᠡ


ᠳᠠᠯ᠎ᠠ ᠳᠡᠭ᠍ᠷᠢ ᠤᠨᠢᠶᠠᠷ ᠳᠤᠮᠳᠠ ᠪᠠᠨ ᠠᠭᠤᠰᠴᠤ

ᠳᠤᠭᠤᠨᠤ ᠶᠢᠨ ᠤᠳᠤᠭ᠎ᠠ ᠡᠭᠦᠯᠡ ᠪᠠᠭᠠᠨᠠᠳᠠᠨ ᠵᠠᠮᠬᠠᠷᠠᠨ᠎ᠠ

ᠠᠳᠠᠷ ᠤᠨ ᠰᠡᠯᠭᠢ ᠡᠪᠠᠰᠤᠨ ᠤ ᠣᠷᠤᠢ ᠪᠠᠷ ᠡᠪᠰᠢᠶᠡᠯᠡᠨ

ᠠᠪᠣ ᠶᠢᠨ ᠮᠢᠨᠢ ᠳᠠᠭᠤᠨ ᠠᠯᠤᠰ ᠡᠴᠡ ᠪᠦᠦᠷ ᠳᠦᠤᠷ ᠨᠠᠭᠠᠰᠢᠯᠠᠨ᠎ᠠ

ᠵᠠᠯᠠᠨ ᠳᠡᠭᠡᠷ᠎ᠡ ᠡᠵᠢ ᠪᠠ ᠨᠠᠷᠠ ᠬᠠᠮᠳᠤ ᠪᠠᠷ ᠢᠨᠢᠶᠠᠵᠤ

ᠪᠦᠷ ᠨᠡᠳᠡ ᠵᠥᠭ᠌ ᠤᠷᠦᠰᠦᠨ᠎ᠡ

ᠳᠠᠯ᠎ᠠ ᠶᠢᠨ ᠥᠷᠯᠦᠭᠡ ᠴᠦᠦᠷ ᠨᠢᠰᠠᠯᠠᠨ ᠨᠠᠮᠢ᠋ᠢ ᠰᠡᠷᠡᠭᠡᠨ᠎ᠡ


ᠠᠪᠣ ᠪᠠᠨ ᠰᠠᠨᠠᠬᠤᠢ


ᠬᠤᠨᠤᠴᠠ ᠪᠠᠨ ᠮᠠᠷᠳᠠᠭᠰᠠᠨ ᠰᠠᠷᠠᠨ ᠤ ᠳᠤᠶᠠᠭ᠎ᠠ ᠨᠦᠮᠦᠷᠢᠵᠤ

ᠬᠤᠯᠠᠭᠢ ᠨᠤᠳᠤᠭ ᠤᠨ ᠮᠢᠨᠢ ᠠᠭᠤᠯᠠᠰ ᠤᠨ ᠪᠠᠷ᠎ᠠ ᠪᠦᠷᠳᠡᠯᠵᠡᠭᠦᠯᠤᠨ

ᠠᠪᠣ ᠮᠢᠨᠢ ᠠᠢ᠌ᠰᠤᠢ

ᠨᠠᠷᠠ ᠳᠤᠭᠯᠠᠭᠠᠮ ᠪᠢᠳᠠ ᠭᠤᠷᠪᠠ ᠶᠢ ᠪᠣᠳᠠᠷᠠᠳᠠᠯ᠎ᠠ ᠠᠯᠠᠭᠠᠳᠠᠭᠰᠠᠨ

ᠠᠯᠠᠭ᠎ᠠ ᠲᠡᠶ ᠪᠠᠨ ᠠᠢ᠌ᠰᠤᠢ

ᠣᠭᠢᠯᠠᠬᠤ ᠳᠤ ᠮᠢᠨᠢ ᠢᠨᠢᠶᠡᠴᠢᠭᠡᠳᠡᠭ᠌

ᠣᠠᠴᠠᠭᠠᠢ ᠭᠦᠮᠤᠨ ᠠᠢ᠌ᠰᠤᠢ

ᠳᠠᠷᠠ ᠵᠢᠯ ᠤᠨ ᠵᠤᠳ ᠲᠤ ᠬᠤᠨᠢ ᠪᠠᠨ ᠠᠯᠳᠠᠵᠤ ᠢᠷᠡᠭᠦ ᠳ᠋ᠤ

ᠳᠡᠮᠡᠭᠡᠨ ᠳᠠᠰᠢᠭᠤᠷ ᠠᠮᠳᠠᠯᠠᠭᠤᠯᠤᠭᠰᠠᠨ

ᠳᠠᠷᠠ ᠭᠡᠴᠡᠭᠦᠤ ᠭᠦᠮᠤᠨ ᠪᠠᠰᠠ ᠠᠢ᠌ᠰᠤᠢ

ᠠᠪᠣ ᠮᠢᠨᠢ ᠠᠭᠤᠷ ᠲᠡᠶ ᠭᠦᠮᠤᠨ

ᠠᠭᠤᠷᠯᠠᠬᠤ ᠪᠠᠷ ᠨᠢ

ᠠᠷᠤ ᠶᠢᠨ ᠠᠭᠤᠯᠠ ᠪᠢᠳᠠ ᠬᠤᠶᠠᠷ ᠴᠦᠮ ᠴᠡᠴᠡᠷᠡᠳᠡᠭ᠌

ᠠᠪᠣ ᠮᠢᠨᠢ ᠪᠠᠶᠠᠷ ᠲᠡᠶ ᠭᠦᠮᠤᠨ

ᠪᠠᠶᠠᠷᠯᠠᠬᠤ ᠪᠠᠷ ᠨᠢ

ᠠᠳᠠᠷ ᠤᠨ ᠰᠠᠯᠭᠢ ᠨᠠᠳᠠ ᠲᠡᠶ ᠬᠠᠮᠳᠤ ᠪᠦᠵᠢᠭᠯᠡᠴᠢᠭᠡᠳᠡᠭ᠌

ᠠᠪᠣ ᠮᠢᠨᠢ ᠳᠠᠭᠤᠴᠢᠨ ᠭᠦᠮᠤᠨ

ᠳᠠᠭᠤᠯᠠᠬᠤ ᠪᠠᠷ ᠨᠢ

ᠠᠳᠤᠭᠤᠳ ᠭᠦᠷᠳᠡᠯ᠎ᠡ ᠳᠠᠯ ᠶᠢᠡᠨ ᠡᠮᠭᠦᠯᠴᠡᠨ ᠴᠢᠬᠠᠷᠠᠳᠠᠭ

ᠰᠤᠷᠭᠠᠭᠤᠯᠢ ᠶᠢᠨ ᠪᠣᠰᠤᠭ᠎ᠠ ᠳᠤ ᠨᠠᠮ᠎ᠠ ᠶᠢ ᠭᠦᠷᠭᠡᠭ᠍ᠰᠡᠨ ᠡᠴᠡ ᠬᠣᠢ᠌ᠰᠢ

ᠰᠤᠯᠠ ᠭᠡᠯᠳᠦᠷᠢᠭᠦ᠂ ᠰᠤᠷ ᠡᠯᠳᠡᠭᠦ ᠳᠡᠭᠡᠨ ᠴᠤ ᠭᠢᠩᠰᠢᠴᠢᠭᠡᠳᠡᠭ᠌ ᠪᠣᠯᠤᠭᠰᠠᠨ

ᠡᠵᠢ ᠬᠠᠷᠠᠭᠰᠠᠭᠠᠷ ᠢᠨᠢᠶᠡᠴᠢᠭᠡᠳᠡᠭ᠌ ᠪᠠᠢ᠌ᠭᠰᠠᠨ ᠁

ᠠᠯᠢ ᠭᠦ ᠨᠠᠭᠠᠰᠢ᠂ ᠠᠪᠣ ᠨᠢ ᠦᠨᠦᠰᠤᠶ᠎ᠠ ᠭᠡᠭᠦᠯᠡᠷ

ᠠᠶᠤᠭᠠᠤᠨ ᠠᠢ᠌ᠯ ᠤᠨ ᠭᠡᠦᠭᠡᠤᠨ ᠪᠦᠷ ᠣᠭᠢᠯᠠᠴᠢᠬᠠᠳᠠᠭ

ᠬᠣᠢ᠌ᠨ᠎ᠠ ᠨᠢ ᠳᠠᠷᠠ ᠭᠦᠮᠤᠨ ᠭᠦᠳᠦᠯ ᠬᠤᠳᠤᠯᠵᠠᠳᠠᠯ᠎ᠠ ᠢᠨᠢᠶᠡᠳᠡᠭ᠌

ᠰᠠᠬᠠᠯ ᠬᠠᠷᠠᠳᠠᠳᠠᠭ ᠯᠠ ᠪᠠᠢ᠌ᠬ᠎ᠠ ᠭᠡᠦᠭᠡᠤᠨ ᠲᠤ᠁

ᠠᠭᠤᠤ ᠲᠦᠷᠦ ᠶᠢᠨ ᠶᠢᠡᠨ ᠠᠵᠢᠯᠴᠢ ᠠᠷᠠᠤᠨ

ᠠᠷᠤ ᠭᠡᠷ ᠤᠨ ᠶᠢᠡᠨ ᠠᠯᠳᠠᠨ ᠨᠠᠷᠠ

ᠠᠰᠠᠷᠠᠯᠳᠤ ᠠᠪᠣ ᠮᠢᠨᠢ ᠳᠠᠩᠳᠠ ᠰᠠᠨᠠᠭᠳᠠᠬᠤ ᠶᠤᠮ

ᠨᠠᠮ᠎ᠠ ᠶᠢ ᠵᠡᠭᠦᠳᠦᠯᠡᠵᠡᠢ ᠭᠡᠵᠤ ᠡᠵᠢ ᠣᠭᠢᠯᠠᠬᠤ ᠪᠠᠷ

ᠨᠢᠭᠤᠵᠤ ᠣᠴᠢᠵᠤ ᠣᠪᠣᠭᠠᠨ ᠳᠠᠭᠠᠨ ᠮᠥᠷᠭᠦᠳᠡᠭ᠌ ᠭᠡᠨ᠎ᠡ ᠁

ᠰᠠᠠᠴᠢᠭ ᠨᠢ ᠭᠦᠷᠳᠡᠯ᠎ᠡ ᠰᠦᠨ ᠳᠤᠶᠠᠭ᠎ᠠ ᠰᠠᠴᠤᠷᠠᠭᠰᠠᠨ

ᠪᠣᠭᠤᠷᠤᠯ ᠪᠣᠷᠬᠠᠨ

ᠰᠠᠷ᠎ᠠ ᠵᠢᠯ ᠤᠨ ᠰᠠᠯᠭᠢᠨ ᠳᠤ ᠥᠭ᠍ᠰᠦᠵᠤ ᠭᠡᠯᠳᠦᠷᠢᠭᠡ︕

ᠠᠪᠣ ᠮᠢᠨᠢ ᠠᠢ᠌ᠰᠤᠢ︕


ᠥᠭᠡᠢ᠌ᠯᠡᠨ᠎ᠡ ᠳ᠋ᠠ


ᠰᠠᠠᠴᠢᠭ ᠰᠡᠪᠢᠯᠵᠡᠭᠦᠯᠭᠦ ᠨᠠᠮᠤᠷ ᠤᠨ ᠰᠠᠯᠭᠢᠨ ᠳ᠋ᠤ

ᠰᠠᠠᠰᠠᠷ ᠤᠨ ᠭᠢᠵᠠᠭᠠᠷ ᠲᠤ ᠡᠭᠦᠯᠡᠨ ᠣᠷᠭᠤᠨ᠎ᠠ

ᠰᠠᠤᠠᠭᠢᠯ ᠢ ᠴᠢᠨᠢ ᠪᠣᠳᠤᠭᠠᠤᠨ ᠥᠭᠡᠢ᠌ᠯᠡᠭᠦ ᠪᠦᠷᠢ

ᠠᠭᠤᠯᠠᠰ ᠤᠨᠢᠶᠠᠷᠳᠤᠨ ᠨᠠᠮᠢ᠋ᠢ᠌ ᠪᠠᠨ ᠠᠷᠭᠠᠳᠠᠨ᠎ᠠ

ᠥᠨᠦᠴᠢᠷᠡᠭᠡᠤᠨ ᠬᠤᠴᠤᠷᠤᠭᠰᠠᠨ ᠳᠠᠷᠠ ᠨᠢᠭᠡᠨ ᠬᠤᠨ

ᠦᠪᠡᠷ ᠤᠨ ᠴᠢᠨᠢ ᠨᠤᠳᠤᠭ ᠶᠢᠡᠷ ᠡᠷᠭᠢᠴᠡᠭᠡᠤᠨ ᠪᠠᠢ᠌ᠨ᠎ᠠ

ᠥᠭᠡ ᠶᠠᠷᠢᠮᠠᠷ ᠰᠠᠢ᠌ᠬᠠᠨ ᠨᠢᠳᠤ ᠴᠢᠨᠢ

ᠦᠳᠡ ᠶᠢᠨ ᠴᠠᠢ᠌ᠨ ᠳᠤ ᠮᠢᠨᠢ ᠭᠦᠪᠪᠦᠵᠤ ᠣᠨᠠᠨ᠎ᠠ

ᠣᠳᠤᠨ ᠳᠤᠨᠤᠯᠵᠠᠭᠰᠠᠨ ᠳᠤᠩᠭ᠋ᠠᠯᠠᠭ ᠰᠦᠨᠢ

ᠨᠢᠯᠪᠣᠰᠤᠨ ᠳᠤ ᠪᠠᠭᠳᠠᠯᠵᠠᠨ ᠠᠨᠢᠪᠴᠢᠵᠤ ᠬᠤᠨᠤᠨ᠎ᠠ

ᠣᠷᠤᠭᠠᠤᠨ ᠢᠷᠠᠯ᠎ᠠ ᠭᠡᠵᠤ ᠵᠡᠭᠦᠳᠤᠨ ᠡᠴᠡ ᠪᠠᠨ ᠰᠡᠷᠢᠭᠦ ᠳᠤ

ᠣᠷᠤᠭ ᠰᠠᠷᠠᠯ ᠡᠭᠦᠯᠡᠰ ᠰᠠᠷᠠ ᠪᠠᠨ ᠨᠢᠭᠤᠴᠠᠯᠠᠨ᠎ᠠ

ᠥᠭᠡᠢ᠌ᠯᠡᠨ᠎ᠡ ᠳ᠋ᠠ︕ ᠴᠢᠮ᠎ᠠ ᠶᠢ ᠪᠠᠨ

ᠳᠡᠷᠭᠡᠳᠡ ᠮᠢᠨᠢ ᠦᠭᠡᠶ ᠪᠣᠯᠬᠤᠷ ᠳᠡᠯᠡᠭᠡᠢ ᠪᠦᠷ ᠬᠤᠭᠤᠰᠤᠨ ᠁


ᠠᠩᠬᠠᠨ ᠤ ᠴᠠᠰᠤ


ᠠᠩᠬᠠᠨ ᠤ ᠴᠠᠰᠤ ᠮᠦᠷᠤᠨ ᠳᠡᠭᠡᠷ᠎ᠡ ᠴᠢᠨᠢ

ᠠᠶᠠᠷᠬᠠᠨ ᠬᠠᠶᠠᠯᠠᠨ᠎ᠠ

ᠠᠯᠤᠰ ᠤᠨ ᠴᠢᠮᠡᠭᠡ ᠣᠢ᠌ᠷ᠎ᠠ ᠶᠢᠨ ᠱᠤᠤᠭᠢᠶᠠᠨ ᠰᠠᠪᠭᠢᠨ ᠳᠠᠷᠤᠭᠳᠠᠪᠠ

ᠵᠠᠮ ᠤᠨ ᠳ᠋ᠸᠩ ᠰᠡᠭᠦᠳᠡᠩᠨᠡᠨ

ᠵᠡᠭᠡᠯᠢ ᠪᠠᠷ ᠬᠠᠶᠠ ᠨᠢᠭᠡ ᠮᠠᠰᠢᠨ ᠡᠷᠢᠯ ᠤᠨ ᠭᠦᠮᠤᠨ ᠰᠢᠭ᠌ ᠥᠩᠭᠡᠷᠡᠨ᠎ᠡ

ᠬᠠᠳᠠ ᠠᠰᠬ᠎ᠠ ᠰᠢᠭ ᠠᠰᠠᠷ ᠤᠳ ᠵᠡᠭᠦᠷᠮᠡᠭᠯᠡᠨ

ᠭᠦᠮᠤᠨ ᠠᠷᠠᠤᠨ ᠶᠢᠡᠨ ᠡᠪᠦᠷᠴᠢᠯᠡᠭᠡᠤᠨ ᠲᠤᠩ ᠳᠠᠢ᠌ᠪᠣᠩᠬᠠᠨ

ᠳᠠᠭᠠᠷᠠᠵᠤ ᠪᠠᠢ᠌ᠨ᠎ᠡ︕ ᠭᠡᠭᠦ ᠰᠢᠪᠠᠨᠡᠭᠡ ᠴᠢᠨᠢ ᠵᠢᠷᠦᠭᠡ ᠳᠦᠭᠡᠨᠡᠵᠤ

ᠳᠠᠷᠠᠭᠠᠴᠢ ᠶᠢᠨ ᠲᠦᠷᠦᠯ ᠳᠡᠭᠡᠨ ᠴᠤ ᠬᠠᠮᠳᠤ ᠪᠠᠢ᠌ᠬᠤ ᠶᠢ ᠰᠠᠨᠠᠨ᠎ᠠ

ᠣᠷᠤᠭᠤᠯ ᠡᠴᠡ ᠴᠢᠨᠢ ᠬᠠᠢ᠌ᠷ᠎ᠠ ᠶᠢᠨ ᠭᠡᠭᠡ ᠳᠠᠳᠠᠵᠤ

ᠣᠷᠳᠤ ᠰᠤᠷᠮᠤᠤᠰᠤᠨ ᠳᠤ ᠴᠢᠨᠢ ᠴᠠᠩ ᠪᠣᠯᠤᠨ ᠴᠠᠷᠴᠠᠵᠠᠢ

ᠣᠳᠠᠭᠠᠨ ᠭᠦᠯᠢᠶᠡᠭ᠍ᠰᠡᠨ ᠰᠠᠤᠠᠭᠢᠯ ᠶᠢᠡᠨ ᠵᠠᠭᠠᠮᠠᠨ ᠡᠴᠡ ᠴᠢᠨᠢ ᠡᠷᠢᠭᠦ ᠳ᠋ᠤ

ᠡᠪᠠᠰᠤᠨ ᠤ ᠰᠢᠭᠦᠳᠡᠷᠢ ᠰᠢᠭ ᠮᠡᠯᠳᠡᠯᠵᠡᠩᠭᠡᠨ ᠪᠠᠢ᠌ᠪᠠ

ᠣᠳᠤᠳ ᠤᠨ ᠵᠥᠭᠡᠯᠡᠨ ᠨᠢᠯᠪᠣᠰᠤ

ᠣᠷᠴᠢᠯᠠᠩ ᠡᠴᠡ ᠪᠠᠭᠤᠬᠤ ᠳᠠᠭᠠᠨ ᠴᠠᠷᠴᠠᠭᠰᠠᠨ ᠰᠠᠤᠠᠭᠢᠯ

ᠠᠩᠬᠠᠨ ᠤ ᠴᠠᠰᠤ

ᠳᠡᠯᠡᠭᠡᠢ ᠳᠡᠭᠡᠨ ᠬᠠᠢ᠌ᠷ᠎ᠠ ᠳᠡᠭᠡᠳᠦᠯᠡᠭ᠍ᠰᠡᠨ ᠪᠠᠢ᠌ᠪᠠ


ᠨᠠᠮᠤᠷ ᠤᠨ ᠥᠩᠭᠡ


ᠠᠯᠤᠰ ᠤᠨ ᠭᠦᠳᠦᠯ ᠣᠢ᠌ᠷ᠎ᠠ ᠶᠢᠨ ᠡᠪᠠᠰᠤ ᠴᠦᠮ ᠰᠢᠷᠠᠯᠠᠵᠠᠢ

ᠠᠨᠢᠰᠬ᠎ᠠ ᠴᠢᠯᠠᠳᠠᠯ᠎ᠠ ᠰᠤᠠᠵᠢᠷᠠᠭᠰᠠᠨ ᠵᠠᠮ ᠮᠦᠨ ᠬᠤᠭᠤᠰᠤᠨ

ᠳᠡᠭ᠍ᠷᠢ ᠶᠢᠨ ᠭᠦᠨ ᠳᠤ ᠨᠡᠭᠦᠳᠡᠯ ᠤᠨ ᠰᠢᠪᠠᠭᠤᠳ ᠬᠠᠶᠠ ᠭᠡᠳᠤ ᠬᠠᠷᠠᠭᠳᠠᠨ᠎ᠠ

ᠳᠡᠷᠳᠡᠭᠡ ᠠᠯᠤᠰ ᠶᠢᠡᠷ ᠬᠤᠨᠢᠨ ᠰᠥᠷᠦᠭ᠌ ᠢᠳᠠᠰᠢᠯᠠᠨ᠎ᠠ

ᠳᠠᠷᠠ ᠨᠠᠮᠤᠷ ᠬᠤᠳᠠ ᠭᠡᠵᠤ ᠳᠡᠷᠪᠠᠰᠭᠢᠭ᠍ᠰᠡᠨ ᠡᠴᠡ ᠴᠢᠨᠢ ᠬᠣᠢ᠌ᠰᠢ

ᠳᠡᠮᠡᠭᠡᠨ ᠪᠠᠯᠴᠢᠭᠡᠷ ᠳᠤ ᠲᠦᠯ ᠤᠨ ᠳᠠᠭᠤᠨ ᠳᠤ ᠰᠠᠤᠠᠭᠢᠯ ᠪᠦᠷ ᠴᠢᠪᠳᠡᠭ᠌

ᠨᠠᠰᠤ ᠨᠠᠰᠤᠨ ᠤ ᠨᠠᠮᠤᠷ ᠤᠳ ᠡᠭᠦᠯᠡᠨ ᠤ ᠰᠡᠭᠦᠳᠡᠷ ᠰᠢᠭ᠌ ᠥᠩᠭᠡᠷᠡᠭ᠍ᠰᠡᠭᠡᠷ ᠯᠠ

ᠨᠠᠷᠠᠪᠴᠢᠨ ᠳᠤ ᠳᠡᠯᠭᠡᠭ᠍ᠰᠡᠨ ᠠᠭᠠᠷᠤᠤᠯ ᠴᠢᠨᠢ ᠡᠷᠳᠡ ᠪᠦᠷ ᠬᠠᠳᠠᠴᠢᠬᠠᠵᠠᠢ

ᠣᠳᠠᠰᠤ ᠵᠡᠭᠦᠤ ᠣᠭᠠᠯᠵᠠ ᠭᠡ ᠤᠷᠢᠳᠤ ᠡᠩᠭᠡᠷ ᠨᠢ ᠣᠶᠠᠭᠳᠠᠭ᠎ᠠ ᠦᠭᠡᠶ ᠭᠦᠤ ᠶᠢᠨ ᠴᠢᠨᠢ ᠪᠠᠷᠢᠠᠳᠠᠭ

ᠣᠷᠤ ᠶᠢᠨ ᠴᠢᠨᠢ ᠵᠡᠭᠦᠡᠳᠡᠭᠡ ᠭᠡᠪ ᠶᠢᠡᠷ ᠵᠢᠠᠨ

ᠣᠷᠤᠭᠠᠤᠨ ᠢᠷᠠᠯ᠎ᠠ ᠭᠡᠵᠤ ᠵᠡᠭᠦᠳᠤᠨ ᠳᠡᠭᠡᠨ ᠪᠢ ᠲ᠋ᠠᠩᠳᠠ ᠥᠭᠡᠢ᠌ᠯᠡᠨ᠎ᠡ

ᠣᠷᠳᠤ ᠰᠦᠨᠢ ᠶᠢᠨ ᠴᠠᠭ ᠨᠢᠯᠪᠣᠰᠤᠨ ᠳᠤᠮᠳᠠ ᠥᠩᠭᠡᠷᠡᠨ᠎ᠡ

ᠢᠷᠠᠨ᠎ᠠ ᠰᠢᠤ᠂ ᠭᠡᠦᠭᠡᠨ ᠮᠢᠨᠢ ᠭᠡᠵᠤ ᠡᠵᠢ ᠴᠠᠢ ᠪᠠᠨ ᠳᠠᠩᠳᠠ ᠬᠠᠯᠠᠭᠠᠨ᠎ᠠ

ᠢᠷᠡᠭᠡ ᠦᠭᠡᠶ ᠳᠤ ᠴᠢᠨᠢ ᠭᠤᠮᠤᠳᠠᠵᠤ ᠳᠠᠯ᠎ᠠ ᠬᠤᠭᠤᠰᠤᠷᠠᠳᠠᠯ᠎ᠠ ᠰᠡᠭᠦᠷᠡᠰᠦᠯᠡᠨ᠎ᠡ

ᠠᠢ ᠳ᠋ᠠ︕

ᠨᠠᠮᠤᠷ ᠤᠨ ᠥᠩᠭᠡ ᠰᠠᠤᠠᠭᠢᠯ ᠡᠴᠡ ᠮᠢᠨᠢ ᠭᠦᠨ


ᠵᠤᠬᠢᠶᠠᠭᠴᠢ ᠶᠢᠨ ᠳᠤᠬᠠᠢ᠄ ᠪᠣᠷᠵᠢᠭᠢᠨ·ᠲ᠋ᠤᠤᠯᠢ᠃ 2003 ᠣᠨ ᠳᠤ ᠦᠪᠣᠷ ᠮᠤᠩᠭ᠋ᠤᠯ ᠤᠨ ᠪᠠᠭᠰᠢ ᠶᠢᠨ ᠶᠡᠭᠡ ᠰᠤᠷᠭᠠᠭᠤᠯᠢ ᠶᠢᠨ ᠣᠯᠤᠰ ᠲᠦᠷᠦ ᠠᠵᠤ ᠠᠬᠤᠢ ᠶᠢᠨ ᠰᠠᠯᠪᠣᠷᠢ ᠡᠴᠡ ᠳᠡᠭᠦᠰᠴᠤ᠂ ᠤᠳᠤ ᠭᠦᠯᠤᠨ ᠪᠣᠢ᠌ᠷ ᠳᠡᠭᠡᠳᠤ ᠰᠤᠷᠭᠠᠭᠤᠯᠢ ᠶᠢᠨ ᠮᠠᠷᠺᠠᠰ ᠯᠸᠨᠢᠨ ᠤ ᠦᠵᠡᠯ ᠤᠨ ᠵᠢᠯᠤᠭᠤᠤᠠᠬᠤ ᠳᠠᠰᠤᠭ ᠲᠤ ᠶᠦᠩ ᠹᠤ ᠨᠠᠷ᠎ᠠ ᠪᠠᠷ ᠠᠵᠢᠯᠯᠠᠵᠤ ᠪᠠᠢ᠌ᠭ᠎ᠠ

ᠵᠤᠬᠢᠶᠠᠭᠴᠢ᠄ ᠪᠣᠷᠵᠢᠭᠢᠨ·ᠳᠤᠤᠯᠢ
ᠢᠷᠡᠯᠲᠡ᠄ ᠪᠣᠷᠵᠢᠭᠢᠨ·ᠳᠤᠤᠯᠢ
ᠬᠠᠷᠢᠶ᠎ᠠ᠄ ᠰᠢᠯᠦᠭ
ᠳᠠᠷᠤᠮ᠄ 5092
ᠴᠠᠭ᠄ 2007 ᠤᠨ ᠤ 12 ᠰᠠᠷ᠎ᠠ ᠶᠢᠨ 01
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ