☆ ᠡ᠊·ᠳᠠᠮᠤᠷ
ᠮᠦᠷᠦᠭᠡᠳᠦᠯ ᠤᠨ ᠮᠢᠩᠭ᠋ᠠᠨ ᠭᠡᠯᠳᠡᠰ
᠊᠊᠊᠊᠊᠊᠊᠊᠊᠊᠊᠊᠊᠊᠊ ᠬᠠᠩᠰᠢᠨ ᠤ ᠡᠳᠦᠷ ᠠᠪᠣ ᠶᠢᠨ ᠪᠣᠩᠬᠤᠨ ᠳᠤ ᠪᠠᠷᠠᠭᠠᠳᠠᠭᠠᠤᠨ
ᠨᠠᠮᠵᠢᠭᠤᠨ ᠱᠤᠤᠭᠢᠬᠤ ᠭᠦᠡᠳᠡᠯᠡᠨ ᠭᠤᠤᠯ
᠊ᠭ᠍ᠬᠢᠷ ᠦᠭᠡᠶ ᠳᠤᠩᠭ᠋ᠠᠯᠠᠭ ᠰᠢᠵᠢᠷᠳᠦᠭᠡᠳ
ᠨᠠᠭᠢᠶᠠᠯᠠᠨ ᠨᠤᠭᠤᠭᠠᠷᠠᠬᠤ ᠪᠣᠷᠭᠠᠰᠤᠨ ᠮᠦᠴᠢᠷ ᠲᠤ
ᠮᠦᠷᠦᠭᠡᠳᠦᠯ ᠤᠨ ᠭᠡᠯᠳᠡᠰ ᠨᠠᠭᠢᠶᠠᠯᠠᠨᠠ
ᠭᠡᠯᠭᠢᠶᠡᠷᠡᠨ ᠨᠢᠰᠭᠦ ᠭᠠᠯᠠᠭᠤᠨ ᠴᠤᠪᠣᠭᠠᠤᠨ ᠤᠨ
ᠭᠠᠩᠭ᠋ᠠᠨᠠᠩᠬᠠᠨ ᠬᠤᠯᠠᠳᠠᠬᠤ ᠪᠠᠷ᠎ᠠ
ᠠᠪᠣ ᠪᠠᠨ ᠳᠠᠭᠠᠵᠤ ᠰᠤᠶᠤᠯ ᠭᠦᠭᠡᠭᠡᠭ᠍ᠰᠡᠨ
ᠬᠡᠦᠬᠡᠳ ᠨᠠᠰᠤ ᠶᠢ ᠮᠢᠨᠢ ᠰᠠᠨᠠᠭᠳᠠᠭᠤᠯᠤᠨ᠎ᠠ
ᠳᠤᠷᠠᠰᠤᠯ ᠮᠦᠷᠦᠭᠡᠳᠦᠯ ᠤᠨ ᠨᠤᠮᠢᠨ ᠳᠠᠯ᠎ᠠ ᠡᠴᠡ
ᠠᠪᠣ ᠶᠢᠨ ᠮᠢᠨᠢ ᠴᠤᠭᠤᠷ ᠰᠤᠨᠤᠰᠳᠠᠵᠤ
ᠳᠤᠭ᠎ᠠ ᠲᠡᠶ ᠵᠠᠭᠢᠳᠠᠭ ᠭᠡᠳᠦᠭᠡᠨ ᠥᠭᠡ ᠨᠢ
ᠴᠢᠭᠢᠨ ᠰᠤᠨᠤᠷ ᠲᠤ ᠬᠠᠳᠠᠩᠰᠢᠭᠰᠠᠭᠠᠷ
ᠰᠠᠷᠠᠭᠤᠯ ᠳᠢᠩᠭᠢᠮ ᠳᠤ ᠴᠡᠭᠡᠯᠭᠡᠨ ᠣᠩᠰᠢᠯᠭ᠎ᠠ
ᠰᠡᠳᠭᠢᠯ ᠤᠨ ᠭᠦᠭ᠌ ᠢ ᠳᠡᠯᠡᠳᠦᠭ᠍ᠰᠡᠭᠡᠷ
ᠰᠠᠨᠠᠭ᠎ᠠ ᠠᠭᠤᠵᠢᠮ ᠠᠪᠣ ᠶᠢᠨ ᠮᠢᠨᠢ
ᠭᠦᠯ ᠤᠨ ᠮᠦᠷ ᠢ ᠳᠠᠮᠠᠭᠠᠯᠠᠭᠰᠠᠭᠠᠷ
ᠣᠸ᠎ᠠ ᠶᠢᠨ ᠪᠢᠷ ᠤᠨ ᠭᠡᠮᠭᠡᠳᠡᠭ᠌
ᠣᠷᠤᠢ ᠶᠢᠨ ᠴᠢᠨᠢ ᠦᠰᠦ ᠶᠢ ᠪᠣᠭᠤᠷᠤᠯᠳᠤᠯᠠᠭᠠ ᠦᠭᠡᠶ
ᠣᠷᠤᠭ᠎ᠠ ᠪᠣᠰᠬᠠᠭ᠎ᠠ ᠡᠳᠦᠷ ᠬᠤᠨᠤᠭ ᠲᠤ
ᠠᠤᠭ᠎ᠠ ᠭᠦᠰᠡᠯ ᠴᠢᠨᠢ ᠭᠣᠢ᠌ᠪᠠᠭᠠ ᠦᠭᠡᠶ
ᠬᠤᠷᠢᠨ ᠭᠡᠳᠤᠨ ᠭᠠᠵᠠᠷ ᠤᠨ ᠬᠤᠯᠠ ᠶᠢ
ᠬᠤᠷᠢᠨ ᠭᠡᠳᠤᠨ ᠵᠢᠯ ᠠᠶᠠᠯᠠᠭᠰᠠᠭᠠᠷ ᠳᠠᠰᠤᠯ᠎ᠠ
ᠬᠤᠨᠤᠭ ᠳᠠᠰᠤᠷᠠᠮᠠᠷᠬᠠᠨ ᠬᠠᠳᠠᠭᠤ ᠡᠷᠡᠨ ᠢ
ᠭᠦᠴᠤ ᠮᠦᠰᠤ ᠪᠠᠷ ᠶᠢᠡᠨ ᠳᠠᠭᠤᠯᠠᠵᠤ ᠢᠷᠠᠯ᠎ᠠ
ᠰᠢᠪᠠᠷᠡᠭᠡ ᠬᠤᠷ᠎ᠠ ᠲᠡᠶ ᠬᠠᠩᠰᠢᠨ ᠤ ᠡᠳᠦᠷ
ᠪᠣᠩᠬᠤᠨ ᠳᠤ ᠴᠢᠨᠢ ᠪᠠᠷᠠᠭᠠᠳᠠᠬᠤ ᠳᠤ
ᠬᠠᠭᠤᠴᠢᠨ ᠳᠤᠷᠠᠰᠤᠮᠵᠢ ᠨᠤᠯᠭᠤᠷᠤᠨ ᠪᠣᠰᠴᠤ
ᠰᠡᠳᠭᠢᠯ ᠤᠨ ᠦᠷᠢ ᠲᠡᠶ ᠰᠢᠨᠠᠯᠤᠨ᠎ᠠ
ᠴᠢᠭᠢᠭ᠌ ᠤᠨ ᠦᠨᠦᠷ ᠬᠠᠮᠠᠷ ᠴᠤᠷᠭᠢᠵᠤ
ᠭᠦᠭᠡ ᠡᠪᠠᠰᠤ ᠨᠠᠭᠢᠶᠠᠯᠠᠭᠰᠠᠨ ᠴᠤ
ᠭᠤᠯᠭᠤᠢ ᠴᠡᠴᠡᠭ᠌ ᠳᠡᠯᠭᠡᠷᠡᠭᠦ ᠭᠠᠵᠠᠷ ᠥᠭᠡᠢ᠌ᠳᠡᠨ
ᠮᠠᠨᠠᠷᠠᠬᠤ ᠡᠯᠡᠰᠤ ᠨᠠᠷᠠ ᠶᠢ ᠵᠠᠯᠭᠢᠭᠰᠠᠭᠠᠷ ᠢᠷᠠᠨ᠎ᠠ
ᠠᠪᠣ ᠶᠢᠨ ᠠᠳᠤᠭᠤ ᠳᠠᠯ᠎ᠠ ᠡᠴᠡ ᠪᠠᠨ ᠳᠠᠰᠤᠷᠠᠵᠤ
ᠠᠶᠠᠷ ᠠᠶᠠᠷᠬᠠᠨ ᠬᠤᠯᠳᠠᠭᠰᠠᠭᠠᠷ
ᠠᠪᠣ ᠶᠢᠨ ᠬᠡᠦᠬᠡᠳ ᠠᠷᠢᠭᠢ ᠲᠡᠶ ᠨᠤᠤᠷᠠᠵᠤ
ᠠᠯᠭᠤᠷ ᠠᠯᠭᠤᠷᠬᠠᠨ ᠴᠠᠰᠢᠯᠠᠭᠰᠠᠭᠠᠷ
ᠳᠠᠩᠰᠤᠭ ᠪᠣᠶᠠᠠᠳᠤ ᠳᠠᠪᠤᠨ ᠬᠤᠰᠢᠭᠤᠳᠤ ᠪᠠᠨ
ᠰᠦᠷᠦᠭ᠌ ᠰᠦᠷᠦᠭ᠌ ᠶᠢᠡᠷ ᠴᠥᠯᠡᠭ᠍ᠰᠡᠭᠡᠷ
ᠮᠢᠬᠠᠨ ᠳᠠᠭᠢᠶ᠎ᠠ ᠵᠠᠭᠤᠭᠠᠤᠨ ᠳᠡᠵᠢᠭᠡᠵᠤ
ᠣᠷᠤᠯᠭ᠎ᠠ ᠰᠠᠢ᠌ᠨ ᠭᠡᠵᠤ ᠮᠢᠯᠢᠶᠠᠭᠰᠠᠭᠠᠷ ᠁
ᠨᠠᠮᠵᠢᠭᠤᠨ ᠱᠤᠤᠭᠢᠬᠤ ᠭᠦᠡᠳᠡᠯᠡᠨ ᠭᠤᠤᠯ
᠊ᠭ᠍ᠬᠢᠷ ᠦᠭᠡᠶ ᠳᠤᠩᠭ᠋ᠠᠯᠠᠭ ᠰᠢᠵᠢᠷᠳᠦᠭᠡᠳ
ᠨᠠᠭᠢᠶᠠᠯᠠᠨ ᠨᠤᠭᠤᠭᠠᠷᠠᠬᠤ ᠪᠣᠷᠭᠠᠰᠤᠨ ᠮᠦᠴᠢᠷ
ᠶᠠᠭᠤ ᠨᠢᠭᠡ ᠶᠢ ᠰᠡᠳᠭᠢᠭᠦᠯᠭᠦ ᠦᠭᠡᠶ ᠦᠦ︖
ᠡᠷᠳᠡ ᠢᠷᠡᠭ᠍ᠰᠡᠨ ᠷᠠᠰᠢᠶᠠᠨ ᠬᠤᠷ᠎ᠠ
ᠡᠯᠪᠠᠭ᠌ ᠵᠢᠯ ᠢ ᠮᠡᠳᠡᠭᠡᠯᠡᠪᠡ
ᠡᠰᠡᠷᠡᠭ᠌ ᠠᠮᠢᠳᠤᠷᠠᠯ᠂ ᠳᠦᠷᠤ ᠶᠢᠨ ᠪᠣᠳᠤᠯᠭ᠎ᠠ
ᠵᠠᠰᠠᠭ ᠤᠨ ᠰᠠᠢ᠌ᠬᠠᠨ ᠢ ᠮᠡᠳᠡᠭᠦᠯᠪᠡ
ᠲᠦᠮᠡᠨ ᠪᠣᠳᠠᠰ ᠲᠦᠯᠵᠢᠨ ᠡᠰᠡᠨᠢᠭᠦ
ᠣᠷᠢᠬᠠᠨ ᠬᠠᠪᠣᠷ ᠢᠷᠠᠯ᠎ᠠ
ᠰᠡᠷᠢᠭᠡᠴᠢ︕
ᠵᠡᠭᠦᠳᠤᠨ ᠨᠤᠭᠤᠭᠠᠨ ᠳᠠᠯ᠎ᠠ ᠮᠢᠨᠢ
ᠰᠡᠷᠢᠭᠡᠴᠢ︕
ᠳᠡᠦᠭᠡ ᠪᠦᠳᠦᠭᠡᠭ᠍ᠰᠡᠨ ᠠᠷᠠᠤᠨ ᠲᠦᠮᠡᠨ ᠮᠢᠨᠢ ᠡ ᠁
ᠵᠤᠬᠢᠶᠠᠭᠴᠢ ᠶᠢᠨ ᠬᠠᠶᠢᠭ ᠄ ᠲᠦᠰᠢᠶᠠᠳᠤ ᠬᠤᠰᠢᠭᠤᠨ ᠤ ᠭᠦᠡᠳᠡᠯᠡᠨ ᠰᠤᠷᠭᠠᠭᠤᠯᠢ
ᠵᠤᠬᠢᠶᠠᠭᠴᠢ᠄ ᠡ᠊·ᠳᠠᠮᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2640
ᠴᠠᠭ᠄ 2011 ᠤᠨ ᠤ 05 ᠰᠠᠷ᠎ᠠ ᠶᠢᠨ 04
ᠨᠠᠢ᠌ᠷᠠᠭᠤᠯᠤᠭᠴᠢ᠄ ᠪᠦᠬᠡᠡᠷᠳᠡᠨᠢ