☆ ᠮᠤᠩᠭ᠋ᠤᠯᠰᠤᠶᠤᠯ
ᠠᠢ᠌ᠯ ᠡᠴᠡ ᠠᠷᠭᠠᠯ ᠬᠤᠯᠠᠳᠠᠯ᠎ᠠ᠁
ᠬᠠᠷᠠᠭ᠎ᠠ ᠬᠠᠯᠢᠷᠠᠮ᠎ᠠ
ᠬᠠᠳᠠᠵᠤ ᠰᠢᠷᠠᠯᠠᠭᠰᠠᠨ ᠪᠠᠯᠴᠢᠭᠡᠷ
ᠬᠠᠳᠠᠭᠤ ᠳᠡᠯᠡᠭ᠍ᠰᠡᠨ ᠰᠠᠷᠠᠯᠵᠢ ᠪᠠᠷ
ᠴᠢᠨᠤ ᠮᠢᠨᠤ ᠭᠡᠵᠤ ᠵᠠᠭᠠᠭᠯᠠᠭᠳᠠᠨᠠ
ᠰᠠᠭᠠᠯᠢ ᠰᠦᠨ ᠤ ᠬᠠᠩᠬᠤᠯᠤᠭᠤᠨ ᠦᠨᠦᠷ
ᠡᠩᠭᠡᠷ ᠬᠤᠷᠮᠤᠢ ᠡᠴᠡ ᠵᠠᠢ᠌ᠳᠠᠵᠤ
ᠰᠠᠪᠠ ᠭᠦᠨᠦᠭ᠌
ᠲᠤᠰᠤ ᠦᠷᠦᠮ᠎ᠡ ᠪᠠᠨ ᠥᠭᠡᠢ᠌ᠯᠡᠵᠤ
ᠭᠤᠠᠳᠠᠨᠠ
ᠮᠠᠯ ᠤᠨ ᠮᠦᠷ ᠴᠥᠭᠡᠷᠡᠯᠡ
ᠮᠥᠭᠡᠷᠡᠭᠦ ᠳᠠᠭᠤᠨ ᠨᠢ
ᠮᠠᠰᠢᠨ ᠳᠤ ᠳᠡᠭᠡᠭᠡᠭ᠍ᠳᠡᠵᠤ
ᠠᠯᠤᠰᠷᠠᠨᠠ
ᠮᠢᠨᠤ ᠵᠢᠷᠦᠭᠡ ᠵᠢᠮ ᠶᠢᠡᠨ ᠠᠯᠳᠠᠨ
ᠵᠢᠩᠳᠡᠭᠦᠷᠡᠨᠡ
ᠠᠪᠣ ᠶᠢᠨ ᠮᠢᠨᠢ
ᠠᠷᠤ ᠶᠢᠨ ᠭᠦᠯᠦᠰᠤ ᠪᠠᠷ
ᠪᠠᠭᠢᠵᠢᠵᠤ
ᠡᠵᠢ ᠶᠢᠨ ᠮᠢᠨᠢ
ᠡᠪᠠᠷᠰᠢᠭ᠍ᠰᠡᠨ ᠭᠠᠷ ᠲᠤ
ᠰᠢᠯᠡᠷᠡᠭ᠍ᠰᠡᠨ
ᠠᠷᠤᠭ ᠰᠠᠪᠠᠷ ᠬᠤᠶᠠᠷ
ᠲᠡᠳᠬᠦᠪᠦᠷᠢ ᠳᠤ ᠭᠠᠷᠤᠯ᠎ᠠ
ᠠᠷᠭᠠᠯ ᠤᠨ ᠴᠡᠩᠭᠡᠷ
ᠣᠳᠤᠭ᠎ᠠ ᠪᠠᠷ ᠶᠢᠡᠷ ᠶᠢᠡᠨ
ᠥᠨᠡᠭᠡᠨ ᠬᠠᠷᠠᠩᠭ᠋ᠤᠢ ᠶᠢ
ᠦᠯᠳᠠᠵᠤ
ᠨᠠᠷᠠᠨ ᠤ ᠠᠯᠳᠠᠨ ᠰᠠᠴᠤᠷᠠᠭ ᠶᠢᠡᠷ
ᠴᠠᠩ ᠰᠢᠭᠦᠳᠡᠷᠢ ᠪᠠᠨ
ᠡᠭ᠍ᠰᠢᠭᠡᠳᠡᠭ᠌
ᠮᠠᠯᠴᠢᠨ ᠠᠢ᠌ᠯ ᠤᠨ
ᠮᠤᠩᠭ᠋ᠤᠯ ᠬᠤᠯᠠᠩ
ᠨᠡᠭᠦᠷᠡᠰᠤᠨ ᠣᠳᠤᠭ᠎ᠠ ᠪᠠᠷ
ᠭᠦᠴᠢᠷᠳᠡᠢ᠌ᠭᠡᠨ ᠠᠮᠢᠰᠬᠤᠨ᠎ᠠ
ᠭᠠᠩ ᠤᠨ ᠣᠯᠠᠭᠠᠨ
ᠨᠠᠷᠠ ᠬᠠᠷᠠᠵᠤ
ᠬᠠᠭᠤᠷᠮᠠᠭ ᠴᠠᠭᠠᠨ ᠡᠭᠦᠯᠡ
ᠰᠢᠷᠪᠢᠨ
ᠰᠠᠯᠭᠢ ᠳᠠᠭᠠᠵᠤ ᠳᠡᠷᠪᠠᠭ᠍ᠰᠡᠨ
ᠰᠢᠷ᠎ᠠ ᠰᠢᠭᠤᠷᠭᠠᠨ
ᠳᠤᠮᠳᠠᠭᠤᠷ
ᠮᠢᠨᠤ ᠮᠠᠯᠴᠢᠨ ᠠᠪᠣ
ᠮᠠᠯ ᠤᠨ ᠶᠢᠡᠨ
ᠴᠥᠭᠡᠪᠦᠷᠢ ᠮᠦᠷ
ᠣᠩᠰᠢᠵᠤ
ᠮᠠᠷᠭᠠᠰᠢ ᠶᠢᠨ ᠶᠢᠡᠨ ᠳᠦᠯᠦᠭᠡ
ᠮᠠᠬᠠᠷᠠᠨ ᠵᠢᠦᠡᠭᠦᠵᠤ
ᠭᠦᠯᠦᠷᠡᠨᠡ᠁
ᠠᠢ ᠳ᠋ᠠ ︕
ᠠᠢ᠌ᠯ ᠡᠴᠡ
ᠠᠷᠭᠠᠯ ᠬᠤᠯᠠᠳᠠᠯ᠎ᠠ᠁
ᠵᠤᠬᠢᠶᠠᠭᠴᠢ ᠶᠢᠨ ᠬᠠᠶᠢᠭ ᠄ ᠵᠠᠷᠤᠳ ᠬᠤᠰᠢᠭᠤᠨ ᠤ ᠮᠤᠩᠭ᠋ᠤᠯ ᠳᠤᠷᠰᠢᠯᠳᠠ ᠶᠢᠨ ᠪᠠᠭ᠎ᠠ ᠰᠤᠷᠭᠠᠭᠤᠯᠢ
ᠵᠤᠬᠢᠶᠠᠭᠴᠢ᠄ ᠮᠤᠩᠭ᠋ᠤᠯᠰᠤᠶᠤᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2646
ᠴᠠᠭ᠄ 2009 ᠤᠨ ᠤ 12 ᠰᠠᠷ᠎ᠠ ᠶᠢᠨ 10
ᠨᠠᠢ᠌ᠷᠠᠭᠤᠯᠤᠭᠴᠢ᠄ ᠪᠦᠬᠡᠡᠷᠳᠡᠨᠢ