☆ ᠪᠠ᠊·ᠨᠡᠭᠦᠳᠡᠯᠴᠢ
ᠵᠤᠯᠠ ᠡ (ᠨᠢᠭᠡ)
ᠰᠠᠢ᠌ᠨ ᠪᠠᠢ᠌ᠨᠠᠤ ᠵᠤᠯᠠ ᠡ᠂ ᠰᠠᠨᠠᠵᠤ ᠪᠠᠢ᠌ᠨᠠᠤ ᠵᠤᠯᠠ ᠡ
ᠰᠠᠷᠠᠪᠴᠢᠯᠠᠵᠤ ᠬᠣᠢ᠌ᠨ᠎ᠠ ᠡᠴᠡ ᠬᠠᠷᠠᠭᠠᠤᠨ ᠣᠭᠢᠯᠠᠵᠤ ᠰᠠᠭᠤᠨ᠎ᠠ ᠦᠦ ᠵᠤᠯᠠ ᠡ
ᠰᠠᠯᠤᠭᠠᠤᠨ ᠪᠢᠳᠠ ᠡᠳᠦᠢ ᠳᠤ ᠳᠠᠪᠤᠨ ᠮᠦᠴᠡ ᠪᠣᠯᠤᠭ᠎ᠠ ᠦᠭᠡᠶ ᠴᠤ
ᠰᠠᠨᠠᠭᠠᠨ ᠳᠤᠳᠤᠷ᠎ᠠ ᠶᠠᠷᠤᠨᠢ ᠡᠵᠡᠭᠦᠢᠷᠡᠭᠡᠤᠨ ᠪᠠᠢ᠌ᠨ᠎ᠠ ᠵᠤᠯᠠ ᠡ
ᠠᠶᠠᠨ ᠤ ᠳᠡᠷᠭᠡ ᠭᠡᠳᠦᠢ ᠬᠤᠷᠳᠤᠯᠠᠵᠤ ᠶᠠᠪᠣᠬᠤ ᠳᠤᠰᠤᠮ ᠶᠢᠡᠨ
ᠠᠯᠠᠭ ᠨᠢᠳᠤᠨ ᠳᠤ ᠴᠢ ᠮᠢᠨᠢ ᠬᠠᠷᠠᠭᠳᠠᠭᠠᠤᠨ ᠪᠠᠢ᠌ᠨ᠎ᠠ ᠵᠤᠯᠠ ᠡ
ᠠᠭᠢᠭᠠᠤᠨ ᠭᠡᠵᠢᠶ᠎ᠡ ᠠᠭᠤᠯᠵᠠᠨ᠎ᠠ ᠭᠡᠵᠤ ᠰᠠᠨᠠᠭ᠎ᠠ ᠪᠣᠯᠬᠤ ᠳᠤᠳᠤᠮ ᠶᠢᠡᠨ
ᠠᠶᠤᠤᠯᠢᠬᠠᠢ ᠴᠡᠭᠡᠵᠢ ᠮᠢᠨᠢ ᠪᠠᠭ᠍ᠳᠡᠷᠡᠭᠡᠤᠨ ᠪᠠᠢ᠌ᠨ᠎ᠠ ᠵᠤᠯᠠ ᠡ
ᠭᠠᠯ ᠠᠶᠠᠨ ᠤ ᠮᠢᠨᠢ ᠣᠯᠤᠰ ᠭᠦᠭᠡᠷᠦᠯᠳᠦᠵᠤ ᠭᠡᠳᠦᠢ ᠥᠢᠮᠡᠭ᠍ᠰᠡᠨ ᠴᠤ
ᠭᠠᠭᠴᠠᠭᠠᠷᠳᠠᠭᠰᠠᠨ ᠶᠤᠮᠰᠢᠭ ᠪᠢ ᠮᠡᠯᠡᠷᠡᠭᠡᠤᠨ ᠶᠠᠪᠣᠨ᠎ᠠ ᠵᠤᠯᠠ ᠡ
ᠭᠠᠳᠠᠨ᠎ᠠ ᠵᠢᠷᠢᠯᠵᠡᠭᠦ ᠦᠵᠡᠮᠵᠢ ᠶᠠᠮᠠᠷ ᠰᠠᠢ᠌ᠬᠠᠨ ᠢ ᠮᠠᠳᠠᠯ ᠦᠭᠡᠶ
ᠭᠠᠭᠴᠠᠬᠠᠨ ᠴᠢᠨᠤ ᠳᠦᠷᠢ ᠯᠠ ᠳᠤᠳᠤᠷᠠᠭᠠᠤᠨ ᠪᠠᠢ᠌ᠨ᠎ᠠ ᠵᠤᠯᠠ ᠡ
ᠬᠣᠢ᠌ᠨ᠎ᠠ ᠡᠴᠡ ᠠᠪᠣᠭᠰᠠᠨ ᠣᠳᠠᠰᠤ ᠶᠢ ᠴᠢᠨᠢ ᠬᠤᠭᠤᠯᠠᠢ ᠴᠡᠴᠡᠷᠡᠭᠦᠯᠡᠨ ᠳᠤᠰᠤᠭᠠᠤᠨ
ᠬᠤᠶᠠᠷ ᠨᠢᠳᠤ ᠮᠢᠨᠢ ᠡᠷᠭᠡ ᠦᠭᠡᠶ ᠪᠦᠷᠳᠡᠯᠵᠡᠭᠡᠤᠨ ᠪᠠᠢ᠌ᠨ᠎ᠠ ᠵᠤᠯᠠ ᠡ
ᠬᠤᠶᠠᠷᠬᠠᠨ ᠬᠤᠨᠤᠭ ᠲᠠᠭᠠᠨ ᠳᠠᠰᠤᠭᠰᠠᠨ ᠬᠤᠩᠭ᠋ᠤᠷ ᠵᠢᠭᠠᠬᠠᠨ ᠴᠢᠮ᠎ᠠ ᠲᠡᠶ ᠪᠠᠨ
ᠬᠤᠵᠢᠮ ᠤᠨ ᠢᠷᠦᠭᠡᠯ ᠶᠠᠮᠠᠷ ᠭᠡᠭᠦ ᠡᠴᠡ ᠣᠶᠠᠷᠠᠭᠠᠤᠨ ᠪᠠᠢ᠌ᠨ᠎ᠠ ᠵᠤᠯᠠ ᠡ
ᠬᠠᠷ᠎ᠠ ᠨᠢᠳᠤᠨ ᠴᠢᠨᠤ ᠮᠢᠨᠢ ᠬᠠᠯᠠᠭᠤ ᠳᠦᠭᠡᠨᠡᠭ᠍ᠰᠡᠨ ᠰᠢᠷᠳᠠᠯᠳᠠ
ᠬᠠᠭᠠᠴᠠᠭᠠᠤᠨ ᠭᠠᠷᠤᠭᠠᠤᠨ ᠢᠷᠡᠭ᠍ᠰᠡᠨ ᠴᠤ ᠳᠦᠯᠡᠭᠡᠤᠨ ᠪᠠᠢ᠌ᠨ᠎ᠠ ᠵᠤᠯᠠ ᠡ
ᠬᠠᠨ᠎ᠠ ᠲᠦᠰᠢᠨ ᠵᠤᠭᠰᠤᠭᠰᠠᠨ ᠰᠡᠳᠭᠢᠯ ᠰᠡᠷᠭᠦᠭᠡᠮ᠎ᠡ ᠢᠨᠢᠶᠠᠳᠤ ᠴᠢᠨᠢ
ᠬᠠᠮᠢᠭ᠎ᠠ ᠡᠨᠡ ᠭᠠᠵᠠᠷ ᠴᠤ ᠰᠤᠨᠤᠰᠳᠠᠭᠠᠤᠨ ᠪᠠᠢ᠌ᠨ᠎ᠠ ᠵᠤᠯᠠ ᠡ
ᠨᠠᠮᠤᠭᠤᠨ ᠳᠦᠯᠭᠡᠨ ᠠᠭᠠᠯᠢ᠂ ᠨᠠᠢ᠌ᠷᠰᠠᠭ ᠰᠠᠢ᠌ᠬᠠᠨ ᠵᠠᠩ ᠴᠢᠨᠢ
ᠨᠠᠭᠠᠭᠰᠠᠨ ᠶᠤᠮᠰᠢᠭ ᠳᠤᠳᠤᠷ᠎ᠠ ᠡᠴᠡ ᠰᠠᠯᠬᠤ ᠦᠭᠡᠶ ᠪᠠᠢ᠌ᠨ᠎ᠠ ᠵᠤᠯᠠ ᠡ
ᠨᠠᠮᠪᠠᠭᠠᠳᠠᠢ᠌ᠬᠠᠨ ᠠᠯᠬᠤᠬᠤ ᠣᠷᠢ ᠳᠡᠭ᠍ᠰᠢᠭᠡᠨ ᠪᠠᠶ᠎ᠠ ᠴᠢᠨᠢ
ᠨᠠᠢ᠌ᠷᠠᠭ ᠰᠢᠯᠦᠭ᠌ ᠤᠨ ᠬᠠᠭᠤᠳᠠᠰᠤ ᠶᠢ ᠡᠵᠡᠯᠡᠭᠡᠤᠨ ᠪᠠᠢ᠌ᠨ᠎ᠠ ᠵᠤᠯᠠ ᠡ
ᠰᠡᠳᠭᠢᠯ ᠤᠨ ᠮᠢᠨᠢ ᠵᠤᠯᠠ᠂ ᠢᠳᠡᠭᠡᠯ ᠤᠨ ᠮᠢᠨᠢ ᠲᠦᠯᠦ
ᠰᠠᠷᠢᠪᠠᠴᠤ ᠣᠠᠳᠠᠪᠠᠴᠤ ᠨᠠᠳᠠ ᠡᠴᠡ ᠵᠠᠢ᠌ᠳᠠᠬᠤ ᠦᠭᠡᠶ ᠪᠠᠢ᠌ᠨ᠎ᠠ ᠵᠤᠯᠠ ᠡ
ᠵᠢᠦᠡᠭᠦᠯ ᠤᠨ ᠮᠢᠨᠢ ᠭᠦᠪᠴᠢ᠂ ᠵᠢᠷᠦᠭᠡᠨ ᠤ ᠮᠢᠨᠢ ᠨᠠᠪᠴᠢ
ᠵᠣᠢ᠌ᠷᠯᠠᠰᠢ ᠦᠭᠡᠶ ᠨᠠᠮ᠎ᠠ ᠶᠢ ᠡᠵᠡᠮᠳᠡᠭᠡᠤᠨ ᠪᠠᠢ᠌ᠨ᠎ᠠ ᠵᠤᠯᠠ ᠡ
ᠵᠦᠷᠵᠢ ᠶᠢᠨ ᠰᠢᠭᠦᠰᠤ ᠭᠡᠵᠤ ᠴᠢᠮ᠎ᠠ ᠳᠠᠭᠠᠨ ᠨᠢᠭᠡ ᠴᠤᠮᠤ ᠪᠠᠷᠢᠶ᠎ᠠ
ᠵᠦᠳᠡᠷᠡᠯ ᠶᠢᠡᠨ ᠪᠠᠭ᠎ᠠ ᠴᠤ ᠭᠡᠰᠡᠨ ᠳᠠᠢ᠌ᠯᠤᠭᠠᠤᠨ ᠠᠪ ᠳ᠋ᠠ ᠵᠤᠯᠠ ᠡ
ᠵᠦᠰᠤᠮ ᠴᠤ ᠭᠡᠰᠡᠨ ᠳᠠᠯᠬ᠎ᠠ ᠴᠢᠮ᠎ᠠ ᠳᠠᠭᠠᠨ ᠭᠡᠵᠤ ᠪᠠᠯᠠᠳᠤᠶᠠ
ᠵᠥᠭᠡᠯᠡᠨ ᠪᠣᠯᠪᠠᠷᠠᠢ ᠪᠠᠶ᠎ᠠ ᠳᠡᠭᠡᠨ ᠳᠠᠮᠢᠷ ᠨᠥᠭᠦ ᠳ᠋ᠠ ᠵᠤᠯᠠ ᠡ
ᠥᠷᠦᠪᠴᠢᠭᠡᠨ ᠬᠠᠢ᠌ᠷ᠎ᠠ ᠪᠠᠨ ᠨᠠᠢ᠌ᠵᠢ ᠴᠢᠮ᠎ᠠ ᠳᠠᠭᠠᠨ ᠦᠭᠭᠦᠶ᠎ᠡ
ᠥᠩᠭᠡᠷᠡᠭ᠍ᠰᠡᠨ ᠤ ᠭᠤᠨᠢᠭ ᠶᠢᠡᠨ ᠮᠠᠷᠳᠠᠵᠤ ᠶᠠᠪᠣ ᠳ᠋ᠠ ᠵᠤᠯᠠ ᠡ
ᠥ ᠶᠡᠭᠡᠳᠡᠢ ᠬᠤᠷᠸ᠎ᠠ ᠳᠤ ᠰᠡᠳᠭᠢᠯ ᠨᠢᠭᠡᠳᠡᠢ ᠶᠠᠪᠣᠶ᠎ᠠ
ᠢᠷᠡᠭᠡᠳᠦᠢ ᠶᠢᠨ ᠢᠳᠡᠭᠡᠯ ᠶᠢᠡᠨ ᠭᠦᠪᠴᠢᠯᠡᠵᠤ ᠶᠠᠪᠣ ᠳ᠋ᠠ ᠵᠤᠯᠠ ᠡ᠃
ᠵᠤᠬᠢᠶᠠᠭᠴᠢ᠄ ᠪᠠ᠊·ᠨᠡᠭᠦᠳᠡᠯᠴᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2814
ᠴᠠᠭ᠄ 2008 ᠤᠨ ᠤ 12 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ