ᠨᠡᠪᠲᠡᠷᠡᠨ ᠤᠷᠤᠬᠤ
ᠨᠤᠳᠤᠭ ᠮᠢᠨᠢ ᠰᠠᠨᠠᠭᠳᠠᠨ᠎ᠠ

ᠡᠯᠢᠭᠡᠨ ᠳᠡᠭᠡᠨ ᠬᠤᠷᠮᠣᠢ᠌ᠯᠠᠵᠤ ᠬᠠᠭᠤᠷᠠᠢ᠌ᠯᠠᠭᠰᠠᠨ

ᠡᠯᠡᠰᠤᠨ ᠨᠤᠳᠤᠭ ᠮᠢᠨᠢ ᠪᠣᠳᠤᠭᠳᠠᠨ᠎ᠠ

ᠡᠩᠭᠡᠷ ᠶᠢᠡᠨ ᠢᠷᠠᠵᠤ ᠮᠥᠮᠦᠭᠦᠯᠦᠭ᠍ᠰᠡᠨ

ᠡᠨᠡᠷᠢᠯᠳᠤ ᠡᠵᠢ ᠮᠢᠨᠢ ᠰᠠᠨᠠᠭᠳᠠᠨ᠎ᠠ

ᠡᠪᠦᠷ ᠲᠡᠭᠡᠨ ᠣᠠᠳᠠᠭᠤᠯᠵᠤ ᠡᠩᠭᠦᠷᠡᠢ᠌ᠯᠡᠭ᠍ᠰᠡᠨ

ᠡᠪᠦᠭᠡ ᠶᠢᠨ ᠮᠢᠨᠢ ᠪᠠᠷ᠎ᠠ ᠳᠤᠷᠠᠰᠤᠭᠳᠠᠨ᠎ᠠ

ᠡᠪᠠᠢ᠌ᠯᠡᠵᠤ ᠨᠠᠮᠢ᠋ᠢ ᠥᠭᠦᠭᠡᠷᠳᠡᠭ᠍ᠰᠡᠨ

ᠡᠴᠢᠭᠡ ᠶᠢᠨ ᠮᠢᠨᠢ ᠴᠢᠷᠠᠢ ᠮᠦᠷᠦᠭᠡᠳᠦᠭ᠍ᠳᠡᠨ᠎ᠡ᠃

ᠬᠠᠯᠠ ᠪᠠᠷ ᠪᠠᠷᠭᠡ ᠶᠢ ᠳᠠᠨᠢᠭᠤᠯᠤᠭᠰᠠᠨ

ᠬᠠᠭᠤᠷᠠᠢ ᠡᠯᠡᠰᠤ ᠳᠡᠮᠳᠡᠷᠢᠭ᠍ᠳᠡᠨ᠎ᠡ

ᠬᠠᠨᠢ ᠪᠠᠷ ᠦᠨᠦᠴᠢᠷᠠᠯ ᠢ ᠮᠠᠷᠳᠠᠭᠤᠯᠤᠭᠰᠠᠨ

ᠬᠠᠯᠠᠮᠵᠢ ᠬᠠᠪᠰᠤᠷᠠᠯ ᠥᠭᠡᠢ᠌ᠯᠡᠭ᠍ᠳᠡᠨ᠎ᠡ

ᠬᠠᠢ᠌ᠷᠠᠯᠠᠵᠤ ᠭᠠᠮᠨᠠᠬᠤ ᠶᠢ ᠵᠢᠭᠠᠭᠰᠠᠨ

ᠬᠠᠳᠠᠭᠤ ᠴᠠᠭ ᠠᠮᠳᠠᠯᠠᠭᠳᠠᠨ᠎ᠠ

ᠬᠠᠷᠢᠨ ᠳᠡᠭᠡᠭᠦ ᠳᠤ ᠨᠤᠳᠤᠭ ᠮᠢᠨᠢ

ᠬᠠᠪᠳᠠᠭᠠᠢ ᠴᠡᠭᠡᠵᠢᠨ ᠳᠤ ᠰᠡᠢ᠌ᠯᠦᠭ᠍ᠳᠡᠨ᠎ᠡ ᠡ ︕


ᠵᠤᠬᠢᠶᠠᠭᠴᠢ ᠶᠢᠨ ᠬᠠᠶ‍ᠢᠭ ᠄ ᠨᠢ᠋ᠮᠠᠨ ᠬᠤᠰᠢᠭᠤᠨ ᠤ ᠣᠰᠤᠨ ᠤ ᠶᠠᠪᠣᠳᠠᠯ ᠤᠨ ᠳᠤᠪᠴᠢᠶ᠎ᠠ

ᠵᠤᠬᠢᠶᠠᠭᠴᠢ᠄ ᠰ᠊·ᠠᠭᠤᠯᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2643
ᠴᠠᠭ᠄ 2010 ᠤᠨ ᠤ 05 ᠰᠠᠷ᠎ᠠ ᠶᠢᠨ 09
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ