☆ ᠴ·ᠮᠦᠩᠭᠦᠨᠡᠷᠳᠡᠨᠢ
ᠮᠢᠨᠤ ᠡᠭᠡ ᠣᠷᠤᠨ
ᠰᠠᠷ᠎ᠠ ᠬᠤᠨᠤᠵᠤ ᠨᠠᠷᠠ ᠵᠤᠷᠴᠢᠭᠰᠠᠨ
ᠰᠠᠷᠠᠭᠤᠯ ᠳᠠᠯ᠎ᠠ ᠴᠡᠴᠡᠭ᠌ ᠤᠨ ᠭᠦᠷᠢᠶᠡᠯᠡᠩ
ᠰᠠᠷᠬᠤᠤᠨ ᠭᠡᠮᠨᠡᠵᠤ ᠨᠠᠢ᠌ᠷ ᠥᠷᠭᠦᠯᠵᠢᠯᠡᠭ᠍ᠰᠡᠨ
ᠰᠠᠨᠠᠭ᠎ᠠ ᠳᠡᠯᠭᠡᠷ ᠵᠢᠷᠭᠠᠯᠠᠩ ᠤᠨ ᠴᠡᠴᠡᠷᠯᠢᠭ᠌
ᠮᠢᠨᠤ ᠡᠭᠡ ᠣᠷᠤᠨ︕
ᠬᠠᠷᠠᠵᠠ ᠶᠢᠨ ᠥᠶᠡᠯᠵᠡᠭᠡ ᠭᠡᠦᠭᠡᠨ ᠤ ᠳᠠᠯᠮᠢᠶᠠ
ᠬᠠᠪᠣᠷ ᠡᠩᠭᠡᠷᠡᠵᠤ ᠨᠠᠮᠤᠷ ᠮᠥᠩᠭᠡᠷᠡᠭ᠍ᠰᠡᠨ
ᠭᠡᠭᠡᠷ᠎ᠡ ᠶᠢᠨ ᠰᠠᠯᠭᠢ ᠵᠡᠭᠡᠷ᠎ᠡ ᠶᠢᠨ ᠳᠠᠭᠰᠢᠭᠠ
ᠭᠦᠮᠤᠨ ᠴᠡᠩᠭᠡᠯᠳᠦᠵᠤ ᠬᠠᠢ᠌ᠷ᠎ᠠ ᠳᠤᠶᠠᠭᠠᠷᠠᠭᠰᠠᠨ
ᠮᠢᠨᠤ ᠡᠭᠡ ᠣᠷᠤᠨ︕
ᠭᠠᠯᠠᠭᠤ ᠰᠢᠪᠠᠭᠤᠳ ᠤᠨ ᠰᠠᠨᠠᠭᠠᠨ ᠤ ᠡᠭᠡᠰᠢᠭᠯᠡᠭᠡ
ᠡᠳᠦᠷ ᠤᠨ ᠪᠠᠶᠠᠰᠤᠯ ᠰᠦᠨᠢ ᠶᠢᠨ ᠠᠮᠤᠭᠤᠯᠠᠩ
ᠭᠠᠵᠠᠷ ᠳᠡᠯᠡᠭᠡᠢ ᠶᠢᠨ ᠦᠨᠡᠨ ᠤ ᠵᠢᠪᠬᠤᠯᠠᠩ
ᠠᠷᠠᠤᠨ ᠤᠨ ᠪᠠᠬᠠᠳᠤᠯ᠂ ᠦᠨᠦᠳᠤᠷ ᠤᠨ ᠵᠢᠷᠭᠠᠯᠠᠩ
ᠮᠢᠨᠤ ᠡᠭᠡ ᠣᠷᠤᠨ︕
ᠵᠤᠬᠢᠶᠠᠭᠴᠢ᠄ ᠴ·ᠮᠦᠩᠭᠦᠨᠡᠷᠳᠡᠨᠢ
ᠢᠷᠡᠯᠲᠡ᠄ ᠴ·ᠮᠦᠩᠭᠦᠨᠡᠷᠳᠡᠨᠢ
ᠬᠠᠷᠢᠶ᠎ᠠ᠄
ᠰᠢᠯᠦᠭᠳᠠᠷᠤᠮ᠄ 5267
ᠴᠠᠭ᠄ 2008 ᠤᠨ ᠤ 10 ᠰᠠᠷ᠎ᠠ ᠶᠢᠨ 22
ᠨᠠᠢ᠌ᠷᠠᠭᠤᠯᠤᠭᠴᠢ᠄ ᠪᠦᠬᠡᠡᠷᠳᠡᠨᠢ