ᠨᠡᠪᠲᠡᠷᠡᠨ ᠤᠷᠤᠬᠤ
ᠬᠠᠢ᠌ᠷ᠎ᠠ ᠶᠢᠨ ᠭᠤᠷᠪᠠᠨ ᠣᠶᠠᠭ᠎ᠠ

ᠪᠠᠶᠠᠨ ᠴᠠᠭᠠᠨ ᠮᠠᠩᠬ᠎ᠠ


ᠬᠤᠷᠸ᠎ᠠ ᠳᠤ ᠵᠤᠯᠳᠠᠢ᠌ᠬᠠᠨ ᠣᠨᠠᠬᠤ ᠳ᠋ᠤ

ᠬᠤᠷᠮᠤᠢ ᠳᠡᠪᠢᠰᠦᠭ᠍ᠰᠡᠨ ᠡᠵᠢ

ᠬᠤᠭᠤᠯᠠᠢ ᠵᠠᠰᠠᠨ ᠳᠠᠭᠤᠯᠠᠬᠤ ᠳ᠋ᠤ

ᠭᠦᠭ᠌ ᠨᠡᠮᠡᠭ᠍ᠰᠡᠨ ᠡᠭᠡᠰᠢᠭ᠌

ᠬᠤᠪᠢᠰ ᠵᠦᠩ ᠤᠨ ᠳᠦᠷᠦᠭᠡᠨ ᠳ᠋ᠤ

ᠬᠣᠢ᠌ᠨ᠎ᠠ ᠡᠴᠡ ᠡᠷᠭᠦᠭ᠍ᠰᠡᠨ ᠭᠠᠷ

ᠬᠤᠪᠢᠳᠠᠢ ᠨᠤᠳᠤᠭ ᠶᠢᠡᠨ ᠮᠠᠨᠠᠭᠰᠠᠨ

ᠬᠤᠪᠢᠷᠠᠰᠢ ᠦᠭᠡᠶ ᠰᠠᠭᠢᠭᠤᠯ

ᠭᠦᠰᠡᠯ ᠶᠠᠭᠠᠨ ᠳᠡᠭ᠍ᠷᠢ ᠵᠢᠨ

ᠨᠥᠮᠵᠦᠭ᠌ ᠴᠠᠭᠠᠨ ᠭᠦᠭᠦ

ᠭᠦᠭ᠍ᠵᠢᠯ ᠨᠤᠭᠤᠭᠠᠨ ᠨᠤᠳᠤᠭ ᠤᠨ

ᠨᠤᠷ᠎ᠠ ᠴᠠᠭᠠᠨ ᠡᠯᠢᠭᠡ

ᠪᠠᠶᠠᠨ ᠴᠠᠭᠠᠨ ᠮᠠᠩᠬ᠎ᠠ ᠮᠢᠨᠢ

ᠪᠠᠭ᠎ᠠ ᠶᠢᠨ ᠰᠠᠢ᠌ᠬᠠᠨ ᠨᠤᠳᠤᠭ

ᠪᠠᠯᠠᠷᠠᠭᠰᠠᠨ ᠵᠡᠭᠦᠳᠤ ᠶᠢ ᠳᠡᠷᠪᠠᠭᠦᠯᠦᠭ᠍ᠰᠡᠨ

ᠪᠠᠶᠠᠯᠢᠭ ᠰᠠᠢ᠌ᠬᠠᠨ ᠣᠷᠤᠨ᠃


ᠭᠠᠯᠪᠠ ᠶᠢᠨ ᠴᠡᠩᠭᠡᠷ ᠨᠠᠭᠤᠷ


ᠮᠠᠯ ᠤᠨ ᠴᠤᠪᠣᠭ᠎ᠠ ᠠᠷᠭᠠᠮᠵᠢᠭᠰᠠᠨ

ᠮᠢᠩᠭ᠋ᠠᠨ ᠰᠥᠷᠦᠭ᠌ ᠤᠨ ᠣᠮᠳᠠᠭᠠᠨ

ᠮᠠᠩᠬᠠᠨ ᠪᠠᠯᠠᠷ ᠲᠤ ᠰᠢᠩᠭᠡᠭ᠍ᠰᠡᠨ

ᠲᠦᠮᠡᠨ ᠦᠶ᠎ᠡ ᠶᠢᠨ ᠳᠤᠮᠤᠭ

ᠡᠩᠭᠡ ᠶᠢᠨ ᠴᠠᠭ ᠲᠤ ᠳᠤᠭᠳᠠᠭᠰᠠᠨ

ᠮᠥᠩᠭᠡ ᠶᠢᠨ ᠶᠠᠭᠠᠨ ᠳᠤᠷᠠᠰᠤᠮᠵᠢ

ᠭᠠᠯᠪᠠ ᠶᠢᠨ ᠵᠢᠰᠤ ᠶᠢ ᠰᠢᠡᠵᠢᠭ᠍ᠰᠡᠨ

ᠭᠠᠵᠠᠷ ᠤᠨ ᠴᠡᠩᠭᠡᠷ ᠨᠢᠳᠤ

ᠳᠡᠦᠭᠡ ᠶᠢᠨ ᠮᠦᠷ ᠢ ᠬᠠᠳᠠᠭᠠᠯᠠᠭᠰᠠᠨ

ᠳᠤᠩᠭ᠋ᠠᠯᠠᠭ ᠠᠷᠢᠭᠤᠨ ᠪᠦᠷᠢᠳᠤ

ᠲᠦᠷᠦᠯ ᠠᠷᠠᠯᠵᠢᠭᠰᠠᠨ ᠴᠤ ᠰᠠᠨᠠᠭᠳᠠᠮᠠᠷ

ᠳᠦᠭᠦᠷᠢᠭ᠌ ᠰᠠᠢ᠌ᠬᠠᠨ ᠨᠠᠭᠤᠷ

ᠭᠠᠯᠪᠠ ᠶᠢᠨ ᠴᠡᠩᠭᠡ ᠨᠠᠭᠤᠷ ᠮᠢᠨᠢ

ᠭᠠᠵᠠᠷ ᠤᠨ ᠬᠤᠯᠠ ᠡᠴᠡ ᠬᠠᠷᠠᠭᠳᠠᠨ᠎ᠠ

ᠭᠠᠩᠳᠠᠵᠤ ᠬᠠᠭᠰᠠᠭᠰᠠᠨ ᠰᠠᠤᠠᠭᠢᠯ ᠳ᠋ᠤ

ᠰᠡᠷᠢᠭᠦᠤ ᠳᠠᠳᠠᠳᠠᠯ᠎ᠠ ᠳᠤᠷᠠᠰᠤᠭᠳᠠᠨ᠎ᠠ᠃


ᠡᠵᠢ ᠮᠤᠳᠤ


ᠪᠠᠢ᠌ᠭᠠᠯᠢ ᠪᠠᠷᠭᠡ ᠡᠯᠡᠰᠤᠨ ᠳ᠋ᠤ

ᠪᠠᠢ᠌ᠷᠢ ᠪᠠᠨ ᠣᠯᠤᠭᠰᠠ ᠬᠠᠷᠠᠭᠤᠯ

ᠭᠦᠮᠤᠨ ᠤ ᠠᠮᠢ ᠪᠠᠷ ᠪᠣᠰᠳᠠᠭ

ᠭᠦᠰᠡᠯ ᠪᠣᠰᠤᠭ᠎ᠠ ᠨᠠᠮᠳᠠᠷ

ᠠᠩᠭᠢᠷ ᠭᠦᠭᠦᠭᠡ ᠰᠢᠪᠠᠭᠤᠳ ᠊ᠤᠨ

ᠠᠮᠠᠷᠠᠬᠤ ᠶᠢᠨ ᠭᠠᠭᠴᠠ ᠥᠷᠳᠡᠭᠡ

ᠠᠳᠠᠷ ᠰᠢᠭᠦᠷᠯᠡᠭ᠍ᠰᠡᠨ ᠰᠢᠭᠣᠢ᠌ᠤᠨ ᠊ᠤᠨ

ᠠᠮᠢᠯᠠᠯ ᠰᠤᠶᠤᠷᠬᠠᠭᠰᠠᠨ ᠡᠭᠡ

ᠦᠶ᠎ᠡ ᠰᠤᠨᠤᠭᠰᠠᠨ ᠠᠷᠠᠤᠨ ᠊ᠤᠨ

ᠦᠨᠡᠠᠴᠢ ᠵᠢᠦᠡᠭᠦᠯ ᠤᠨ ᠦᠷ᠎ᠡ

ᠦᠨᠳᠦᠰᠦ ᠭᠦᠢᠭᠡᠨ ᠨᠠᠭᠢᠶ᠎ᠠ ᠵᠢᠨ

ᠦᠨᠦᠴᠢᠨ ᠭᠠᠭᠴᠠ ᠳᠦᠰᠢᠭ᠌

ᠴᠠᠭ ᠤᠨ ᠵᠠᠢ ᠰᠥᠡᠳᠡᠷᠯᠡᠭ᠍ᠰᠡᠨ

ᠴᠠᠯ ᠨᠤᠭᠤᠭᠠᠨ ᠭᠦᠰᠢᠶ᠎ᠡ

ᠴᠢᠮᠢ᠋ᠢ ᠨᠠᠮᠢ᠋ᠢ ᠪᠦᠪᠠᠢ᠌ᠯᠡᠭ᠍ᠰᠡᠨ

ᠴᠠᠭᠠᠨ ᠪᠣᠭᠤᠷᠤᠯ ᠰᠠᠮᠠᠭᠠᠨ

ᠭᠦᠴᠢᠷ ᠤᠨ ᠡᠮᠦᠨ᠎ᠡ ᠨᠤᠭᠤᠷᠠᠬᠤ ᠥᠭᠡᠢ

ᠵᠤᠷᠢᠭ ᠰᠦᠰᠦ ᠶᠢ ᠳᠠᠢ᠌ᠯᠪᠣᠷᠢᠯᠠᠭᠰᠠᠨ

ᠭᠦᠴᠦᠳᠡᠨ ᠤ ᠡᠮᠦᠨ᠎ᠡ ᠪᠦᠭᠦᠢᠭᠦ ᠥᠭᠡᠢ

ᠭᠦᠮᠤᠨ ᠶᠠᠰᠤ ᠶᠢ ᠳᠠᠨᠢᠭᠤᠯᠤᠭᠰᠠᠨ

ᠮᠠᠩᠬᠠᠨ ᠳᠤ ᠥᠡᠳᠦᠰᠦᠯᠡᠭ᠍ᠰᠡᠨ ᠡᠵᠢ ᠮᠤᠳᠤ

ᠮᠢᠨᠤ ᠬᠠᠢ᠌ᠷ᠎ᠠ ᠶᠢᠨ ᠣᠶᠠᠭ᠎ᠠ ᠪᠠᠢ᠌ᠨᠠᠮ᠃

ᠵᠤᠬᠢᠶᠠᠭᠴᠢ᠄ ᠰ·ᠤᠯᠠᠭᠠᠨᠪᠠᠲᠤ
ᠢᠷᠡᠯᠲᠡ᠄ ᠵᠤᠬᠢᠶᠠᠭᠴᠢ ᠡᠴᠡ ᠬᠠᠩᠭ᠋ᠠᠪᠠ
ᠬᠠᠷᠢᠶ᠎ᠠ᠄ ᠰᠢᠯᠦᠭ
ᠳᠠᠷᠤᠮ᠄ 3353
ᠴᠠᠭ᠄ 2005 ᠤᠨ ᠤ 08 ᠰᠠᠷ᠎ᠠ ᠶᠢᠨ 04
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ