☆ ᠪᠣᠷᠵᠢᠭᠢᠨ ᠷᠢᠠᠴᠢᠨ
ᠪᠠᠯᠭᠠᠠᠰᠠᠩ ᠭᠢᠭᠡᠳ ᠮᠠᠨᠠᠢ᠌ᠭᠢᠨ
ᠮᠠᠨᠠᠢ᠌ᠭᠢᠨ ᠪᠠᠯᠭᠠᠠᠰᠠᠩ ᠢ ᠶᠡᠭᠡ ᠶᠠᠭᠤᠮ᠎ᠠ ᠥᠵᠡᠭ᠍ᠰᠡᠨ ᠥᠯᠢᠭᠡᠷ ᠤᠨ ᠣᠭᠤᠳᠠ ᠭᠡᠵᠤ ᠮᠠᠯᠠᠭᠠᠢ᠌ᠳᠠᠨᠠ᠃
ᠪᠠᠯᠭᠠᠠᠰᠠᠩ ᠢ ᠥᠵᠡᠭ᠍ᠰᠡᠭᠡᠷ ᠪᠠᠭᠯᠠᠷᠠᠵᠤ ᠰᠠᠭᠤᠭᠠᠤᠨ ᠥᠯᠢᠭᠡᠷ ᠶᠠᠷᠢᠭᠤᠯᠤᠨ᠎ᠠ᠃
᠊᠊᠊᠊᠊᠊᠊᠊᠊᠊᠊᠊᠊᠊᠊ ᠡᠪᠦᠭᠡ ᠠᠪᠣ ᠶᠢ ᠳᠦᠷᠦᠭᠡᠳᠦᠢ ᠪᠠᠢ᠌ᠬᠤ ᠳᠤ᠂ ᠦᠪᠡᠷ ᠤᠨ ᠠᠪᠣ ᠶᠢ ᠥᠯᠦᠭᠡᠢ ᠲᠡᠶ ᠪᠠᠢ᠌ᠬᠤ ᠳᠤ ᠭᠡᠳ ᠥᠯᠢᠭᠡᠷ ᠶᠢᠡᠨ ᠡᠭᠢᠯᠡᠨ᠎ᠡ᠃
᠊᠊᠊᠊᠊᠊᠊᠊᠊᠊᠊᠊᠊᠊᠊ ᠮᠠᠨᠢᠳᠤ ᠶᠢᠨ ᠰᠦᠮ᠎ᠡ ᠶᠢᠨᠳ᠋ᠩᠭᠡᠷ ᠳ᠋ᠠ ᠯᠠᠮᠠ ᠭᠢᠠᠳᠠᠨ ᠳᠤ ᠣᠷᠤᠴᠢᠬᠠᠭᠰᠠᠨ ᠭᠡᠨ᠎ᠡ ᠰᠢᠤ ︕ ᠭᠦᠭᠡᠷᠦᠭᠦᠢ ᠭᠡᠭᠦ ᠪᠠᠷ ᠨᠢ᠄
᠊᠊᠊᠊᠊᠊᠊᠊᠊᠊᠊᠊᠊᠊᠊ ᠸᠠᠰᠢ ︕ ᠭᠦᠭᠡᠷᠦᠭᠦᠢ ᠳ᠋ᠠ᠂ ᠶᠠᠭᠠᠭᠢᠭᠠᠤᠨ ᠭᠡᠵᠤ ᠣᠬᠤᠴᠢᠯᠠᠵᠠᠭᠠᠨᠠ᠃
᠊᠊᠊᠊᠊᠊᠊᠊᠊᠊᠊᠊᠊᠊᠊ ᠳᠠᠠᠬᠤᠸᠠᠷ ᠲᠠᠭᠠᠨ ᠠᠰᠠᠷ ᠪᠠᠷᠢᠭᠠᠤᠨ ᠪᠠᠷᠢᠭᠳᠠᠴᠢᠬᠠᠭᠰᠠᠨ ᠭᠡᠨ᠎ᠡ᠃
᠊᠊᠊᠊᠊᠊᠊᠊᠊᠊᠊᠊᠊᠊᠊ ᠠᠰᠠᠷ ᠪᠠᠷᠢᠬᠤ ᠨᠢ ᠶᠠᠮᠠᠷ ᠶᠠᠯ᠎ᠠ ᠲᠡᠶ ᠪᠣᠢ ︖
᠊᠊᠊᠊᠊᠊᠊᠊᠊᠊᠊᠊᠊᠊᠊ ᠮᠠᠨᠢᠳᠤ ᠶᠢᠨ ᠰᠦᠮ᠎ᠡ ᠶᠢᠨ ᠪᠣᠷᠬᠠᠤᠨ ᠶᠢᠡᠨ ᠵᠤᠭᠤᠰ ᠬᠤᠪᠢᠯᠭᠠᠴᠢᠬᠠᠭᠠᠤᠨ ᠠᠰᠠᠷ ᠪᠠᠷᠢᠭᠰᠠᠨ ᠪᠠᠢ᠌ᠬᠤᠢ ᠳ᠋ᠠ ᠭᠡᠭᠦ ᠪᠠᠷ ᠨᠢ᠄
᠊᠊᠊᠊᠊᠊᠊᠊᠊᠊᠊᠊᠊᠊᠊ ᠢᠱᠢ ︕ ᠨᠢᠭᠦᠯ ᠤᠨ ᠰᠠᠪᠠ ᠨᠢ ᠳᠦᠭᠦᠷᠦᠭ᠍ᠰᠡᠨ ᠳᠠᠮᠰᠢᠭ ︕ ᠪᠣᠷᠬᠠᠨ ᠲᠡᠶ ᠬᠠᠯᠳᠠᠪᠠᠯ ᠰᠠᠢ᠌ᠨ ᠶᠢᠡᠨ ᠥᠵᠡᠭᠦ ᠦᠭᠡᠶ᠂ ᠬᠤᠭᠢ ᠨᠢ ᠳᠠᠷᠠ ︕ ᠭᠡᠵᠤ ᠬᠠᠷᠢᠶᠠᠯ ᠳᠠᠯᠪᠢᠵᠠᠭᠠᠨᠠ᠃
᠊᠊᠊᠊᠊᠊᠊᠊᠊᠊᠊᠊᠊᠊᠊ ᠭᠠᠳᠠ ᠮᠠᠢ᠌ᠷᠠᠨ ᠵᠡᠷᠭᠡ ᠳᠡᠪᠰᠢᠭᠡᠳ ᠬᠤᠰᠢᠭᠤᠨ ᠸᠠᠩ ᠪᠣᠯᠤᠭᠰᠠᠨ ᠭᠡᠨ᠎ᠡ ᠭᠡᠭᠦ ᠪᠠᠷ ᠨᠢ᠄
᠊᠊᠊᠊᠊᠊᠊᠊᠊᠊᠊᠊᠊᠊᠊ ᠣᠳᠤ ᠴᠤ ᠨᠢᠭᠡ ᠬᠤᠰᠢᠭᠤ ᠨᠤᠳᠤᠭ ᠮᠢᠨᠢ ᠳᠡᠭ᠍ᠵᠢᠷᠡᠭᠦ ᠨᠢ ᠳ᠋ᠠ ᠭᠡᠵᠤ ᠰᠡᠳᠭᠢᠯ ᠶᠢᠡᠨ ᠪᠠᠷᠢᠵᠤ ᠳᠡᠢ᠌ᠯᠭᠦ ᠦᠭᠡᠶ ᠪᠠᠶᠠᠷᠯᠠᠵᠠᠭᠠᠨ᠎ᠠ᠃
᠊᠊᠊᠊᠊᠊᠊᠊᠊᠊᠊᠊᠊᠊᠊ ᠳᠡᠭᠡᠭᠡᠳ ᠳᠠᠷᠬᠠᠨ ᠸᠠᠩ ᠶᠠᠭᠠᠭᠢᠭᠰᠠᠨ ᠪᠣᠯ ᠳ᠋ᠠ ︖
᠊᠊᠊᠊᠊᠊᠊᠊᠊᠊᠊᠊᠊᠊᠊ ᠪᠠᠷᠢᠭᠳᠠᠴᠢᠬᠠᠭᠰᠠᠨ᠃
᠊᠊᠊᠊᠊᠊᠊᠊᠊᠊᠊᠊᠊᠊᠊ ᠶᠠᠭᠠᠭᠢᠭᠠᠤᠨ ︖
᠊᠊᠊᠊᠊᠊᠊᠊᠊᠊᠊᠊᠊᠊᠊ ᠳᠠᠯ᠎ᠠ ᠨᠤᠳᠤᠭ ᠢ ᠬᠤᠳᠠᠯᠳᠤᠭᠠᠤᠨ ᠳᠠᠴᠢᠷ ᠡᠯᠡᠰᠤ ᠪᠣᠯᠭᠠᠵᠤ ᠳᠠᠯᠪᠠ ᠪᠠᠶᠠᠵᠢᠭᠰᠠᠨ ᠶᠠᠯ᠎ᠠ ᠪᠠᠷ ᠭᠡᠭᠦ ᠳᠤ ᠮᠠᠨᠠᠢ᠌ᠭᠢᠨ᠄
᠊᠊᠊᠊᠊᠊᠊᠊᠊᠊᠊᠊᠊᠊᠊ ᠠᠬᠤ ᠴᠤ ᠪᠣᠯᠵᠤ ᠭᠡᠮ᠂ ᠣᠳᠤ ᠴᠤ ᠨᠢᠭᠡ ᠡᠯᠡᠰᠤᠨ ᠰᠢᠭᠤᠷᠭ᠎ᠠ ᠪᠠᠭᠠᠳᠠᠬᠤ ᠶᠤᠮ ᠪᠠᠢ᠌ᠨ᠎ᠠ ᠭᠡᠵᠤ ᠮᠡᠷᠭᠡᠯᠡᠨ᠎ᠡ᠃
᠊᠊᠊᠊᠊᠊᠊᠊᠊᠊᠊᠊᠊᠊᠊ ᠳᠡᠭᠡᠭᠡᠳ ᠳᠠᠷᠬᠠᠨ ᠸᠠᠩ ᠢ ᠶᠠᠭᠠᠭᠢᠵᠤ ᠰᠢ᠌ᠳᠭᠡᠭ᠍ᠰᠡᠨ ᠶᠤᠮ ᠪᠣᠯ ᠳ᠋ᠠ ︖
᠊᠊᠊᠊᠊᠊᠊᠊᠊᠊᠊᠊᠊᠊᠊ ᠡᠯᠡᠰᠤᠨ ᠴᠦᠯ ᠳᠤ ᠠᠪᠠᠴᠢᠵᠤ ᠬᠠᠮᠠᠷ ᠤᠨ ᠨᠢᠭᠡ ᠨᠥᠭᠡ ᠪᠠᠷ ᠨᠢ ᠡᠯᠡᠰᠤ ᠴᠢᠳᠬᠤᠵᠤ ᠨᠥᠭᠦᠭᠡ ᠨᠥᠭᠡ ᠪᠠᠷ ᠨᠢ ᠮᠦᠩᠭᠦ ᠴᠢᠳᠬᠤᠵᠤ ᠠᠯᠠᠬᠤ ᠪᠠᠷ ᠰᠢ᠌ᠳᠭᠡᠪᠡ ᠭᠡᠭᠦ ᠳᠤ ᠮᠠᠨᠠᠢ᠌ᠭᠢᠨ ᠠᠯᠠᠭ᠎ᠠ ᠳᠠᠰᠢᠨ ᠪᠠᠶᠠᠷᠯᠠᠵᠠᠭᠠᠨ᠎ᠠ᠃
᠊᠊᠊᠊᠊᠊᠊᠊᠊᠊᠊᠊᠊᠊᠊ ᠭᠦᠢ ︕ ᠰᠤᠮᠤᠨ ᠵᠠᠩᠭᠢ ᠡᠷᠳᠡᠨᠢᠪᠢᠯᠢᠭ᠌ ᠴᠢᠨᠢ ᠵᠡᠷᠭᠡ ᠪᠠᠨ ᠬᠤᠰᠤᠭᠤᠯᠴᠢᠬᠠᠭᠰᠠᠨ ᠭᠡᠨ᠎ᠡ ᠰᠢᠤ ᠭᠡᠭᠦ ᠪᠠᠷ᠄
᠊᠊᠊᠊᠊᠊᠊᠊᠊᠊᠊᠊᠊᠊᠊ ᠣᠳᠤ ᠴᠤ ᠨᠢᠭᠡ ᠵᠢᠳᠠ ᠦᠭᠡᠶ ᠯᠠᠢ᠌ᠴᠢᠩᠳᠠᠬᠤ ᠶᠢ ᠨᠢ ᠦᠵᠡᠶ᠎ᠠ ᠭᠡᠳ ᠮᠠᠨᠠᠢ᠌ᠭᠢᠨ ᠪᠠᠬ᠎ᠠ ᠨᠢ ᠬᠠᠨᠤᠵᠤ ᠭᠦᠭᠡᠷᠤᠨ᠎ᠡ᠃
᠊᠊᠊᠊᠊᠊᠊᠊᠊᠊᠊᠊᠊᠊᠊ ᠪᠠᠯᠳᠠᠠᠫᠧᠷᠯᠠᠢ ᠰᠤᠯᠢᠶᠠᠳᠤᠭᠰᠠᠨ ᠭᠡᠨ᠎ᠡ᠃
᠊᠊᠊᠊᠊᠊᠊᠊᠊᠊᠊᠊᠊᠊᠊ ᠶᠠᠭᠠᠭᠢᠭᠠᠤᠨ ︖
᠊᠊᠊᠊᠊᠊᠊᠊᠊᠊᠊᠊᠊᠊᠊ ᠵᠢᠠᠰᠢᠶᠠᠩ ᠨᠢ ᠣᠷᠤᠭ ᠰᠠᠯᠤᠭᠠᠤᠨ ᠳᠠᠨᠠᠪᠠᠯ ᠭᠡ ᠭᠡ ᠲᠡᠶ ᠪᠠᠨ ᠬᠤᠷᠢᠮᠯᠠᠵᠤ᠂ ᠠᠮᠸᠷᠢᠺᠠ ᠳᠤ ᠣᠴᠢᠭᠠᠤᠨ ᠨᠤᠳᠤᠭᠰᠢᠴᠢᠭᠰᠠᠨ ᠭᠡᠨ᠎ᠡ᠃
᠊᠊᠊᠊᠊᠊᠊᠊᠊᠊᠊᠊᠊᠊᠊ ᠪᠣᠯᠵᠤ ᠪᠠᠢ᠌ᠨ᠎ᠠ ᠭᠡᠵᠤ ᠮᠠᠨᠠᠢ᠌ᠭᠢᠨ ᠡᠷᠡᠭᠡᠢ ᠬᠤᠷᠤᠭᠤ ᠭᠤᠵᠣᠢ᠌ᠯᠭᠠᠨᠠ᠃
ᠮᠠᠨᠠᠢ᠌ᠭᠢᠨ ᠪᠠᠯᠭᠠᠠᠰᠠᠩ ᠤᠨ ᠡᠩᠭᠡᠷ ᠳᠡᠭᠡᠷᠡᠭᠢ ᠭᠦᠳᠡᠯᠮᠦᠷᠢ ᠶᠢᠨ ᠵᠢᠱᠢᠶᠠᠴᠢ ᠶᠢᠨ ᠣᠳᠤᠨ ᠢ (ᠳᠠᠷᠠ ᠨᠢ ᠣᠯᠵᠤ ᠠᠪᠣᠭᠠᠤᠨ ᠵᠡᠭᠦᠭ᠍ᠰᠡᠨ ᠪᠠᠢ᠌ᠵᠠᠢ) ᠥᠵᠡᠭᠡᠳ᠄
᠊᠊᠊᠊᠊᠊᠊᠊᠊᠊᠊᠊᠊᠊᠊ ᠳᠠ ᠴᠢᠨᠢ ᠭᠡᠳᠦᠢ ᠳ᠋ᠤᠨᠢ ᠵᠢᠱᠢᠶᠠᠴᠢ ᠪᠣᠯᠴᠢᠬᠠᠪᠠ ᠳ᠋ᠠ ︖
᠊᠊᠊᠊᠊᠊᠊᠊᠊᠊᠊᠊᠊᠊᠊ ᠬᠠᠢ ︕ ᠳᠠ ᠨᠡᠷ ᠮᠡᠳᠡᠭᠦ ᠦᠭᠡᠶ ᠨᠢ ᠠᠷᠭ᠎ᠠ ᠦᠭᠡᠶ᠂ ᠪᠢ ᠴᠢᠨᠢ ᠢᠷᠡᠭᠦ ᠵᠢᠯ ᠳᠠᠷᠢᠶᠠᠯᠠᠩ ᠳ᠋ᠠᠵᠠᠢ ᠡᠴᠠ ᠰᠤᠷᠤᠯᠴᠠᠭᠰᠠᠨ ᠪᠦᠭᠦ ᠣᠯᠤᠰ ᠤᠨ ᠭᠦᠳᠡᠯᠮᠦᠷᠢ ᠶᠢᠨ ᠵᠢᠱᠢᠶᠠᠴᠢ ᠪᠣᠯᠤᠭᠰᠠᠨ ᠪᠠᠢ᠌ᠬᠤᠢ ᠳ᠋ᠠ᠂ ᠪᠢ ᠴᠢᠨᠢ ᠳᠠᠪᠠᠷᠢ ᠪᠠᠭᠳᠠᠬᠤ ᠦᠭᠡᠶ ᠪᠦᠳᠦᠭᠦᠨ ᠯᠤᠤᠪᠠᠩ ᠳᠠᠷᠢᠵᠤ᠂ ᠳᠡᠷᠭᠡ ᠳᠠᠭᠠᠭᠠᠬᠤ ᠦᠭᠡᠶ ᠳᠤᠮᠤ ᠳᠠᠷᠪᠣᠰ ᠪᠣᠯᠪᠠᠰᠤᠷᠠᠭᠤᠯᠤᠭᠠᠤᠨ ᠳᠡᠯᠡᠭᠡᠢ ᠶᠢᠨ ᠭᠢᠨᠢᠰ ᠮᠢᠨᠢᠰ ᠤᠨ ᠳᠡᠮᠳᠡᠭᠯᠡᠯ ᠢ ᠨᠢ ᠴᠤ ᠡᠭᠦᠳᠦᠭ᠍ᠰᠡᠨ ᠭᠦᠮᠤᠨ ᠰᠢᠤ ᠳ᠋ᠠ ᠭᠡᠭᠦ ᠪᠠᠷ ᠨᠢ ᠮᠠᠨᠠᠢ᠌ᠭᠢᠨ ᠪᠠᠯᠭᠠᠠᠰᠠᠩ ᠢ ᠶᠡᠭᠡ ᠯᠠ ᠪᠢᠰᠢᠷᠡᠵᠡᠭᠡᠨᠡ᠃
᠊᠊᠊᠊᠊᠊᠊᠊᠊᠊᠊᠊᠊᠊᠊ ᠳᠡᠭᠡᠭᠡᠳ ᠳᠠᠷᠠ ᠳᠤᠮᠤ ᠯᠤᠤᠪᠠᠩ ᠳᠠᠷᠪᠣᠰ ᠢ ᠨᠢ ᠨᠢᠭᠡ ᠣᠯᠵᠤ ᠥᠵᠡᠭ᠍ᠰᠡᠨ ᠪᠣᠯ ︖
᠊᠊᠊᠊᠊᠊᠊᠊᠊᠊᠊᠊᠊᠊᠊ ᠳᠠᠷᠠ ᠴᠤ ᠭᠠᠢ᠌ᠭᠤᠢ᠂ ᠪᠢ ᠳᠠᠷᠠ ᠭᠦᠳᠡᠯᠮᠦᠷᠢ ᠶᠢᠨ ᠵᠢᠱᠢᠶᠠᠴᠢ ᠮᠢᠱᠢᠶᠠᠴᠢ ᠶᠢᠨ ᠬᠤᠷᠠᠯ ᠳ᠋ᠤᠨᠢ ᠣᠷᠤᠯᠴᠠᠭᠠᠤᠨ ᠮᠠᠤ ᠵᠦᠰᠢ ᠲᠡᠶ ᠭᠠᠷ ᠠᠳᠬᠤᠭᠰᠠᠨ ᠰᠢᠤ ᠭᠡᠭᠦ ᠳᠤ ᠮᠠᠨᠠᠢ᠌ᠭᠢᠨ ᠪᠠᠯᠭᠠᠠᠰᠠᠩ ᠤᠨ ᠭᠠᠷ ᠢ ᠨᠢ ᠪᠣᠯᠢᠶᠠᠯᠴᠠᠨ ᠠᠳᠬᠤᠵᠤ᠂ ᠶᠠᠭ ᠯᠠ ᠮᠠᠤ ᠵᠦᠰᠢ ᠶᠢᠨ ᠭᠠᠷ ᠢ ᠣᠯᠤᠭᠠᠤᠨ ᠠᠳᠬᠤᠴᠢᠬᠠᠭᠰᠠᠨ ᠰᠢᠭ ᠣᠮᠤᠭᠰᠢᠵᠠᠭᠠᠨᠠ᠃
ᠮᠠᠨᠠᠢ᠌ᠭᠢᠨ ᠪᠠᠯᠭᠠᠠᠰᠠᠩ ᠢ ᠶᠡᠭᠡ ᠶᠠᠭᠤᠮ᠎ᠠ ᠥᠵᠡᠭ᠍ᠰᠡᠨ ᠥᠯᠢᠭᠡᠷ ᠤᠨ ᠣᠭᠤᠳᠠ ᠭᠡᠵᠤ ᠮᠠᠯᠠᠢ᠌ᠭᠠᠳᠠᠨᠠ᠃
ᠪᠠᠯᠭᠠᠠᠰᠠᠩ ᠶᠢᠡᠷ ᠶᠢᠷᠳᠢᠠᠴᠤ ᠶᠢᠨ ᠵᠤᠭᠤᠭ ᠢ ᠶᠠᠷᠢᠭᠤᠯᠵᠤ ᠮᠠᠨᠠᠢ᠌ᠭᠢᠨ ᠨᠢᠳᠤ ᠪᠠᠨ ᠨᠡᠭᠡᠭᠡᠯᠭᠡᠨ᠎ᠡ᠃
᠊᠊᠊᠊᠊᠊᠊᠊᠊᠊᠊᠊᠊᠊᠊ ᠡᠪᠦᠭᠡ ᠠᠪᠣ ᠶᠢ ᠳᠦᠷᠦᠭᠡᠳᠦᠢ ᠪᠠᠢ᠌ᠬᠤ ᠳᠤ᠂ ᠦᠪᠡᠷ ᠤᠨ ᠠᠪᠣ ᠶᠢ ᠥᠯᠦᠭᠡᠢ ᠲᠡᠶ ᠪᠠᠢ᠌ᠬᠤ ᠳᠤ᠂ ᠦᠪᠡᠷ ᠤᠨ ᠪᠠᠶ᠎ᠠ ᠥᠡᠵᠢᠭᠡᠯ ᠪᠠᠳᠠᠭᠠᠨ᠎ᠠ ᠭᠦᠯᠦᠭᠯᠡᠵᠤ᠂ ᠦᠪᠣᠷ ᠳᠦᠴᠢ ᠶᠢᠰᠤ ᠪᠠᠷ ᠨᠢ ᠣᠷᠢᠳᠠᠪᠠᠷ ᠠᠢ᠌ᠯᠴᠢᠯᠠᠨᠠ ᠭᠡᠳ ᠪᠠᠯᠭᠠᠠᠰᠠᠩ ᠶᠠᠪᠣᠵᠤ ᠣᠳᠤᠨ᠎ᠠ᠁
ᠵᠤᠬᠢᠶᠠᠭᠴᠢ ᠶᠢᠨ ᠬᠠᠶᠢᠭ ᠄ ᠭᠦᠯᠤᠨ ᠪᠣᠢ᠌ᠷ ᠬᠤᠳᠠ ᠶᠢᠨ ᠰᠢᠨ᠎ᠡ ᠪᠠᠷᠭᠤ ᠵᠡᠭᠦᠨ ᠬᠤᠰᠢᠭᠤᠨ ᠤ ᠠᠵᠢᠯ ᠮᠡᠷᠭᠡᠵᠢᠯ ᠤᠨ ᠳᠤᠮᠳᠠᠳᠤ ᠰᠤᠷᠭᠠᠭᠤᠯᠢ
ᠵᠤᠬᠢᠶᠠᠭᠴᠢ᠄ ᠪᠣᠷᠵᠢᠭᠢᠨ ᠷᠢᠠᠴᠢᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠥᠭᠥᠯᠡᠯᠭᠡᠳᠠᠷᠤᠮ᠄ 68536
ᠴᠠᠭ᠄ 2012 ᠤᠨ ᠤ 06 ᠰᠠᠷ᠎ᠠ ᠶᠢᠨ 28
ᠨᠠᠢ᠌ᠷᠠᠭᠤᠯᠤᠭᠴᠢ᠄ ᠪᠦᠬᠡᠡᠷᠳᠡᠨᠢ