☆ ᠠᠮᠤᠷ
ᠮᠠᠨ ᠤ ᠭᠢ
ᠪᠦᠭᠡᠰᠤ ᠨᠠᠢ᠌ᠳᠠᠭᠠᠬᠤ ᠳᠤ ᠰᠢᠷ ᠭᠡᠳ ᠭᠢᠮᠤᠷᠠᠴᠢᠬᠠᠳᠠᠭ
ᠪᠦᠳᠦᠨ᠎ᠡ ᠥᠷᠭᠦᠭᠦ ᠳᠤ ᠰᠠᠷ ᠭᠡᠳ ᠬᠤᠯᠭᠢᠴᠢᠬᠠᠳᠠᠭ
ᠪᠣᠮᠪᠣ ᠶᠢᠨ ᠶᠤᠰᠤ ᠪᠢᠴᠢᠭ᠌ ᠤᠨ ᠰᠤᠷᠭᠠᠯ ᠢ
ᠪᠣᠭᠳᠠ ᠪᠠᠭᠰᠢ ᠡᠴᠡ ᠨᠢ ᠢᠯᠡᠭᠦᠤ ᠣᠬᠠᠭᠰᠠᠨ
ᠭᠡᠷᠡᠮ ᠤᠨ ᠰᠡᠭᠦᠳᠡᠷ ᠶᠢᠡᠷ ᠭᠡᠷᠰᠤᠯᠡᠵᠤ ᠵᠢᠷᠤᠭᠠᠯᠠᠳᠠᠭ
ᠭᠡᠷᠡᠭ᠌ ᠤᠨ ᠰᠡᠵᠢᠭ᠌ ᠡᠴᠡ ᠬᠠᠯᠳᠤᠰᠭᠢᠵᠤ ᠵᠠᠢ᠌ᠯᠠᠳᠠᠭ
ᠭᠡᠯᠡᠭᠦ ᠳᠡᠭᠡᠨ ᠭᠡᠳᠤ ᠣᠳᠠᠭ᠎ᠠ ᠳᠤᠩᠭ᠋ᠠᠳᠠᠭ
ᠭᠢᠭᠦ ᠳᠡᠭᠡᠨ ᠭᠡᠭᠦᠳᠡᠭ᠌ ᠳᠦᠭᠦᠷᠡᠩ ᠪᠢᠰᠢᠯᠭᠠᠳᠠᠭ
ᠳᠤᠯᠤᠭᠠᠢ ᠶᠢ ᠨᠢ ᠭᠢᠰᠭᠢᠭᠦ ᠳᠤ ᠳᠤᠭᠤᠰᠤ ᠯᠠ ᠭᠡᠳ ᠳᠤᠩᠭᠣᠢ᠌ᠳᠠᠭ
ᠳᠤᠭᠤᠭᠠᠨ ᠳ᠋ᠤᠨᠢ ᠪᠠᠭᠠᠬᠤ ᠳᠤ ᠳᠤᠰᠤ ᠭᠡᠳ ᠯᠠ ᠳᠠᠮᠰᠢᠶᠠᠯᠠᠳᠠᠭ
ᠳᠤᠪᠴᠢ ᠶᠢᠨ ᠶᠢᠡᠨ ᠳᠤᠭ᠎ᠠ ᠶᠢ ᠨᠢ ᠡᠳᠦᠷᠵᠢᠨ ᠳᠤᠭᠠᠯᠠᠳᠠᠭ
ᠳᠦᠪᠦᠩᠭᠡᠢ ᠶᠢᠨ ᠶᠢᠡᠨ ᠴᠠᠷ ᠢ ᠰᠦᠨᠢᠵᠢᠨ ᠵᠠᠯᠭᠢᠳᠠᠭ
ᠬᠤᠠᠳᠠᠭ᠎ᠠ ᠣᠷᠤᠭᠤᠯ ᠤᠨ ᠬᠤᠶᠠᠷ ᠦᠨᠦᠰᠤᠯᠳᠠ ᠪᠠᠷ
ᠬᠤᠷᠤᠢ ᠭᠡᠢ᠌ᠮᠦᠷᠢ ᠨᠢ ᠳᠠᠷᠤᠢ ᠰᠡᠷᠭᠦᠳᠡᠭ᠌
ᠪᠠᠯᠭᠤᠭᠰᠠᠭᠠᠷ ᠪᠠᠭᠠᠳᠤᠷ ᠰᠡᠷᠭᠦᠭ᠍ᠰᠡᠭᠡᠷ ᠰᠡᠷᠡᠮᠵᠢᠭᠦᠨ
ᠪᠠᠬᠠᠷᠤᠯᠳᠠᠢ ᠭᠦᠭᠡᠷᠦᠭᠦᠢᠯᠡᠯᠳᠡᠢ ᠮᠠᠨ ᠤ ᠭᠢᠳ᠃
ᠰᠠᠷ᠎ᠠ ᠴᠤ ᠦᠭᠡᠶ ᠨᠠᠷᠠ ᠴᠤ ᠦᠭᠡᠶ ᠳᠤ
ᠰᠡᠮᠭᠡᠨ ᠬᠤᠯᠭᠤᠵᠤ ᠬᠤᠨᠢ ᠪᠠᠨ ᠪᠠᠯᠴᠢᠭᠡᠳᠡᠭ᠌
ᠰᠠᠯᠭᠢ ᠴᠤ ᠦᠭᠡᠶ ᠴᠢᠭᠢ ᠴᠤ ᠦᠭᠡᠶ ᠳᠤ
ᠰᠡᠷᠭᠡᠢ ᠴᠢᠩᠨᠠᠵᠤ ᠮᠤᠩᠭ᠋ᠤᠯ ᠶᠢᠡᠷ ᠶᠢᠡᠨ ᠶᠠᠷᠢᠳᠠᠭ
ᠨᠤᠳᠤᠭ ᠤᠨ ᠠᠯᠳᠠ ᠪᠠᠨ ᠰᠢᠷᠤᠢ ᠰᠢᠭ᠌ ᠥᠵᠡᠳᠡᠭ᠌
ᠨᠤᠳᠤᠭ ᠤᠨ ᠰᠢᠷᠤᠢ ᠪᠠᠨ ᠬᠤᠮᠠᠭ ᠭᠡᠵᠤ ᠪᠣᠳᠤᠳᠠᠭ
ᠨᠤᠭᠤᠰᠤᠯᠠᠨᠠ ᠭᠡᠭᠦ ᠳᠤ ᠨᠣᠢ᠌ᠷ ᠭᠡᠵᠤ ᠭᠦᠯᠢᠶᠡᠳᠡᠭ᠌
ᠨᠢᠳᠤᠯᠠᠨ᠎ᠠ ᠭᠡᠭᠦ ᠳᠤ ᠨᠢᠭᠦᠯ ᠭᠡᠳ ᠭᠡᠪᠳᠡᠳᠡᠭ᠌᠃
ᠳᠡᠯᠡᠭᠡᠢ ᠪᠠᠷ ᠶᠢᠠᠨ ᠮᠠᠭᠳᠠᠳᠠᠭ ᠳᠡᠭᠡᠳᠦᠰ ᠤᠨ ᠥᠰᠦᠭ᠌ ᠶᠢᠡᠨ
ᠳᠡᠭᠡᠵᠢᠯᠡᠭᠦ ᠶᠢ ᠪᠠᠢ᠌ᠳᠤᠭᠠᠢ ᠬᠠᠮᠠᠭᠤ ᠭᠡᠳ ᠣᠭᠤᠷᠳᠠᠭ
ᠳᠡᠯᠡᠭᠡᠢ ᠪᠠᠷ ᠶᠢᠡᠨ ᠮᠡᠳᠡᠷᠡᠳᠡᠭ᠌ ᠳᠡᠭᠡᠳᠦᠰ ᠤᠨ ᠳᠡᠦᠭᠡ ᠪᠠᠨ
ᠳᠡᠯᠭᠡᠷᠡᠭᠦᠯᠭᠦ ᠶᠢ ᠪᠠᠢ᠌ᠳᠤᠭᠠᠢ ᠬᠠᠯᠠᠭᠤ ᠭᠡᠳ ᠣᠠᠳᠤᠭᠤᠴᠠᠳᠠᠭ
ᠠᠮᠠᠷ ᠳᠠᠷᠢᠭᠢ ᠠᠮᠤᠷ ᠰᠠᠨᠠᠭ᠎ᠠ ᠲᠡᠶ
ᠠᠯᠳᠠᠢ ᠶᠢᠨ ᠠᠷᠤᠭ ᠡᠭᠦᠷᠦᠭ᠍ᠰᠡᠨ ᠭᠣᠢ᠌ᠷᠠᠠᠴᠢ
ᠠᠮᠢ ᠰᠥᠰᠦᠭ᠌ ᠶᠢᠡᠨ ᠠᠷᠠᠭ ᠮᠢᠬ᠎ᠠ ᠭᠡᠵᠤ
ᠠᠰᠳᠠᠭᠠᠨ ᠰᠠᠯᠭᠠᠭᠰᠠᠨ ᠮᠠᠨ ᠤ ᠭᠢ᠃
2009/09/18 ᠪᠣᠭᠤᠳᠤ
ᠵᠤᠬᠢᠶᠠᠭᠴᠢ᠄ ᠠᠮᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2641
ᠴᠠᠭ᠄ 2009 ᠤᠨ ᠤ 09 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ