ᠨᠡᠪᠲᠡᠷᠡᠨ ᠤᠷᠤᠬᠤ
ᠵᠢᠷᠦᠭᠡᠨ ᠤ ᠪᠢᠴᠢᠯᠭᠡ

ᠡᠮᠴᠢ

᠊᠊᠊᠊᠊᠊᠊᠊᠊᠊᠊᠊᠊᠊᠊ ᠵᠢᠷᠦᠭᠡᠨ ᠤ ᠪᠢᠴᠢᠯᠭᠡ ᠭᠢᠯᠭᠡ︕ ᠭᠡᠵᠤ ᠳᠤᠰᠢᠶᠠᠪᠠ᠃

ᠡᠷᠪᠠᠭᠡᠷ ᠨᠢᠳᠤᠳᠤ ᠪᠦᠰᠡᠭᠦᠢ

᠊᠊᠊᠊᠊᠊᠊᠊᠊᠊᠊᠊᠊᠊᠊ ᠨᠢᠴᠦᠭᠡᠯᠡᠭᠡᠤᠨ ᠭᠡᠪᠳᠡ︕ ᠭᠡᠵᠤ ᠳᠤᠰᠢᠶᠠᠪᠠ᠃

ᠡᠷᠳᠡᠨ ᠤ ᠾᠸᠷᠢᠰᠲ᠋ᠤᠰ ᠰᠢᠭ ᠳᠦᠷᠪᠡᠨ ᠮᠦᠴᠢ ᠪᠠᠨ ᠪᠢ ᠣᠭᠤᠰᠤᠷᠯᠠᠭᠤᠯᠵᠤ

ᠡᠴᠦᠰ ᠤᠨ ᠳ᠋ᠦ᠋ᠩ ᠢ ᠴᠠᠭᠢᠯᠭᠠᠨ ᠪᠠᠭᠠᠵᠢᠨ ᠳᠤ ᠳᠤᠰᠢᠶᠠᠪᠠ᠃

ᠬᠠᠪᠢᠷᠭᠠᠨ ᠰᠠᠷᠠᠯᠵᠢᠨ ᠤ ᠴᠠᠭᠠᠨ᠎ᠠ

ᠨᠠᠰᠤ ᠪᠠᠷ ᠶᠢᠡᠨ ᠰᠠᠭᠤᠬᠤ ᠬᠤᠷᠢᠭᠳᠠᠯ ᠰᠢᠭ

ᠬᠠᠷᠠᠩᠭ᠋ᠤᠢ ᠡᠴᠡ ᠵᠢᠷᠦᠭᠡ

ᠦᠪᠡᠷᠤᠨ ᠭᠡᠯᠡ ᠪᠠᠷ ᠦᠴᠢᠪᠠ᠃

ᠬᠠᠮᠠᠭᠠᠯᠠᠯᠳᠠ ᠰᠢᠯ ᠤᠨ ᠴᠠᠭᠠᠨ᠎ᠠ᠂

ᠥᠴᠢᠭ᠌ ᠢ ᠭᠦᠳᠦᠯᠭᠦ ᠪᠠᠢ᠌ᠴᠠᠭᠠᠭᠴᠢ ᠰᠢᠭ

ᠬᠠᠷᠢ ᠭᠢᠴᠠ ᠶᠢᠨ ᠠᠫᠫᠷᠠᠲ᠋ ①

ᠦᠪᠡᠷ ᠤᠨ ᠭᠡᠯᠡ ᠪᠠᠷ ᠪᠢᠴᠢᠪᠠ᠃

ᠰᠢᠯᠦᠭᠤᠨ᠂ ᠴᠢᠴᠢᠭᠡᠨᠡᠭ᠍ᠰᠡᠨ ᠵᠢᠷᠤᠭᠠᠰᠤ

ᠰᠢᠭᠤᠳ᠂ ᠥᠭ᠍ᠰᠦᠭ᠍ᠰᠡᠨ ᠢᠷᠮᠡᠭ᠌ ᠤᠳ᠁

ᠦᠨᠳᠦᠷ ᠦᠨᠳᠦᠷ ᠱᠤᠪᠬᠤ ᠣᠷᠤᠢ᠂

ᠥᠷᠭᠡᠨ ᠨᠠᠷᠢᠨ ᠠᠩᠭ᠋ᠠᠯ ᠁

ᠦᠨᠦᠴᠢᠨ ᠵᠢᠷᠦᠭᠡᠨ ᠤ ᠥᠴᠢᠭ᠌ ᠡᠨᠡ ᠪᠠᠢ᠌ᠨ᠎ᠠ᠃

ᠥᠴᠢᠭ᠌ ᠢ ᠨᠢ ᠪᠢᠴᠢᠭ᠍ᠰᠡᠨ ᠪᠢᠴᠢᠭ᠌ ᠡᠨᠡ ᠪᠠᠢ᠌ᠨ᠎ᠠ᠃

ᠳᠤᠳᠤᠷ ᠤᠨ ᠡᠮᠴᠢ᠂

ᠵᠢᠷᠦᠭᠡ ᠶᠢ ᠮᠢᠨᠢ ᠡᠪᠠᠦᠡᠴᠢᠳᠡᠢ ᠭᠡᠵᠤ

ᠳᠤᠤᠷ᠎ᠠ ᠬᠠᠶᠠᠭᠠᠤᠨ

ᠸᠠᠯᠢᠳᠤᠯ ② ᠪᠢᠴᠢᠭᠦ ᠨᠢ ᠪᠠᠢ᠌ᠨ᠎ᠠ᠃

ᠠᠬᠠᠯᠠᠬᠤ ᠰᠤᠪᠢᠯᠠᠭᠴᠢ᠂

ᠯᠠ ᠶᠢᠨ ᠳᠤᠰᠤ ᠰᠢᠭ ᠴᠢᠷᠠᠢ᠌ᠯᠠᠵᠤ

ᠠᠯᠢ ᠡᠷᠳᠡᠨ ᠤ ᠪᠠᠪᠢᠯᠤᠨ ③ ᠪᠢᠴᠢᠭᠡᠰᠤ ᠣᠩᠰᠢᠬᠤ ᠮᠠᠳᠤ

ᠳᠠᠭᠠᠵᠤ ᠶᠠᠳᠠᠨ ᠳᠤᠪ ᠳᠤᠭᠤᠢ ᠰᠠᠭᠤᠨ᠎ᠠ ᠦᠦ ᠳ᠋ᠠ᠃

᠊᠊᠊᠊᠊᠊᠊᠊᠊᠊᠊᠊᠊᠊᠊ ᠳᠠᠨ ᠳᠤ ᠪᠢ ᠦᠪᠡᠷ ᠶᠢᠡᠨ ᠳᠠᠢ᠌ᠯᠵᠤ ᠦᠭ‍ᠭᠦᠶ᠎ᠡ︕

ᠡᠨᠡ ᠴᠢᠴᠢᠭᠡᠨᠡᠭ᠍ᠰᠡᠨ ᠵᠢᠷᠤᠭᠠᠰᠤ ᠴᠢᠨᠢ ᠵᠡᠷᠭᠡᠯᠭᠡᠨ ᠳᠠᠳᠠᠭᠰᠠᠨ ᠳᠠᠯ᠎ᠠ᠂

ᠡᠭ᠍ᠴᠡ ᠦᠨᠳᠦᠷ ᠢᠷᠮᠡᠭ᠌ ᠤᠳ ᠴᠢᠨᠢ ᠮᠢᠨᠤ ᠨᠤᠳᠤᠭ ᠤᠨ ᠠᠭᠤᠯᠠ᠂

ᠠᠰᠠᠷᠠᠯᠳᠤ ᠬᠠᠢ᠌ᠷᠬᠠᠨ ᠣᠷᠤᠢ ᠲᠡᠶ

ᠠᠬᠠᠢ ᠳᠠᠪᠤᠨ ᠭᠡ᠊ᠨᠳᠡᠢ ᠠᠭᠤᠯᠠ

ᠠᠩᠭ᠋ᠠᠯ ᠵᠢᠯᠠᠭ᠎ᠠ᠂ ᠴᠡᠩᠭᠡᠷ ᠭᠦᠡᠳᠡᠢ ᠨᠤᠭᠦᠳ ᠲᠡᠶ ᠪᠠᠨ

ᠠᠷᠤ ᠶᠢᠨ ᠮᠤᠳᠤ᠂ ᠠᠩ ᠭᠦᠷᠦᠭᠡᠰᠤ ᠲᠡᠶ ᠪᠠᠨ

ᠠᠭᠰᠤᠮ ᠴᠡᠩᠭᠡᠷ ᠭᠤᠤᠯ ᠮᠦᠷᠠᠨ ᠲᠡᠶ ᠪᠠᠨ

ᠠᠯᠢ ᠴᠤ ᠨᠤᠳᠤᠭ ᠲᠤ ᠶᠠᠪᠣᠬᠤ ᠳᠤ ᠵᠢᠷᠦᠭᠡᠨ ᠳᠤ ᠮᠢᠨᠢ ᠪᠠᠭᠳᠠᠵᠤ ᠶᠠᠪᠣᠳᠠᠭ ᠶᠤᠮ᠃

᠊ᠭ᠍ᠱᠡᠨ ᠪᠦᠭᠦᠨ ᠳᠤ ᠵᠢᠷᠦᠭᠡ ᠮᠢᠨᠢ ᠳᠡᠭᠦᠨ ᠢ ᠳᠤᠷᠠᠰᠤᠨ ᠴᠤᠭᠢᠯᠠᠳᠠᠭ ᠶᠤᠮ᠃

ᠵᠢᠷᠦᠭᠡ ᠶᠢ ᠮᠢᠨᠢ ᠳᠠᠢ᠌ᠪᠣᠰᠢᠷᠠᠭᠤᠯᠬᠤ ᠳᠤ ᠸᠠᠯᠢᠳᠤᠯ ᠭᠡᠷᠡᠭ᠌ ᠦᠭᠡᠶ᠂

ᠵᠥᠢᠳᠡᠢ᠌ᠭᠡᠨ ᠳᠦᠷᠦᠭ᠍ᠰᠡᠨ ᠪᠠᠯᠵᠢᠮ᠎ᠠ ᠭᠡᠷᠡᠭ᠌ ᠲᠡᠶ︕


1979.3.21


᠊᠊᠊᠊᠊᠊᠊᠊᠊᠊᠊᠊᠊᠊᠊ ᠲ᠋ᠠᠢ᠌ᠯᠪᠣᠷᠢ

① ᠡᠡᠫᠫᠷᠡᠲ᠋᠄ ᠳᠦᠭᠦᠭᠡᠷᠦᠮᠵᠢ ᠪᠠᠭᠠᠵᠢ

② ᠸᠡᠯᠢᠳᠦᠯ᠄ ᠡᠮ ᠤᠨ ᠵᠤᠷ

③ ᠪᠠᠪᠢᠯᠤᠨ᠄ ᠡᠷᠳᠡᠨ ᠤ ᠬᠤᠳᠠ

ᠵᠤᠬᠢᠶᠠᠭᠴᠢ᠄ ᠷ·ᠴᠣᠢ᠌ᠨᠤᠮ
ᠢᠷᠡᠯᠲᠡ᠄ ᠪᠢᠴᠢᠭ᠍ᠰᠡᠨ ᠥᠭᠡᠢ
ᠬᠠᠷᠢᠶ᠎ᠠ᠄ ᠰᠢᠯᠦᠭ
ᠳᠠᠷᠤᠮ᠄ 5862
ᠴᠠᠭ᠄ 2007 ᠤᠨ ᠤ 06 ᠰᠠᠷ᠎ᠠ ᠶᠢᠨ 30
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ