ᠨᠡᠪᠲᠡᠷᠡᠨ ᠤᠷᠤᠬᠤ
ᠬᠠᠳᠠ ᠶᠢᠨ ᠵᠤᠬᠢᠶᠠᠯ ᠤᠨ ᠳᠤᠬᠠᠢ ᠥᠭᠦᠯᠡᠭᠦ ᠨᠢ


    ᠬᠠᠳᠠ ᠪᠣᠯ 1908 ᠊᠊᠊᠊᠊᠊᠊᠊᠊᠊᠊᠊᠊᠊᠊ 1972 ᠣᠨ ᠪᠣᠯᠳᠠᠯ᠎ᠠ ᠠᠮᠢᠳᠤᠷᠠᠵᠤ᠂ ᠳᠤᠮᠳᠠᠳᠤ ᠣᠯᠤᠰ ᠤᠨ ᠣᠷᠴᠢᠨ ᠦᠶ᠎ᠡ ᠪᠠ ᠣᠳᠤ ᠦᠶ᠎ᠡ ᠶᠢ ᠰᠤᠠᠳᠠᠯᠠᠭᠰᠠᠨ ᠵᠤᠬᠢᠶᠠᠭᠴᠢ ᠮᠦᠨ᠃ ᠭᠡᠭᠦ ᠳᠤ ᠣᠯᠳᠠᠭᠳᠠᠭᠠᠤᠨ ᠪᠠᠢ᠌ᠭ᠎ᠠ ᠨᠢ ᠣᠷᠴᠢᠨ ᠦᠶ᠎ᠡ ᠳᠤ ᠪᠢᠴᠢᠭ᠍ᠰᠡᠨ ᠨᠠᠢ᠌ᠷᠠᠭᠤᠯᠤᠯ ᠤᠨ ᠵᠤᠬᠢᠶᠠᠯ ᠭᠤᠤᠯᠯᠠᠵᠤ᠂ ᠣᠳᠤ ᠦᠶ᠎ᠡ ᠳᠤ ᠪᠢᠴᠢᠭ᠍ᠰᠡᠨ ᠨᠢ ᠡᠳᠦᠷ ᠤᠨ ᠣᠳᠤᠨ ᠮᠠᠳᠤ ᠴᠥᠭᠡᠨ ᠪᠠᠢ᠌ᠭ᠎ᠠ᠃ ᠡᠢ᠌ᠮᠤ ᠡᠴᠠ ᠪᠢ ᠥᠭᠦᠯᠡᠯ ᠳᠡᠭᠡᠨ ᠣᠳᠤᠬᠠᠨ ᠳᠤ ᠣᠯᠳᠠᠭᠠᠤᠨ ᠪᠠᠢ᠌ᠭ᠎ᠠ 《ᠳᠠᠮᠤᠵᠢᠨ》  ᠂ 《ᠰᠢᠡᠵᠢᠯᠡᠭᠦ ᠣᠬᠠᠭᠠᠨ》  ᠂ 《ᠶᠡᠭᠡ ᠬᠤᠳᠠ ᠪᠠᠯᠭᠠᠤᠨ》  ᠂ 《ᠨᠡᠭᠦᠳᠡᠯ ᠠᠮᠢᠳᠤᠷᠠᠯᠳᠤ ᠮᠠᠨ ᠤ ᠮᠤᠩᠭ᠋ᠤᠯ》  ᠂ 《  ᠣᠢ ᠳᠤᠳᠤᠷᠠᠭᠢ ᠨᠢᠭᠡ ᠰᠢᠪᠠᠭᠤᠨ ᠤ ᠠᠮᠢᠳᠤᠷᠠᠯ》  ᠂ 《ᠡᠷᠳᠡᠮ ᠪᠣᠯᠪᠠᠰᠤᠷᠠᠯ》  ᠂ 《ᠣᠨᠤᠨ ᠮᠦᠷᠡᠨ ᠤ ᠭᠦᠪᠠᠭᠡᠨ ᠳᠡᠭᠡᠷ᠎ᠡ ᠶᠡᠭᠡ ᠬᠤᠷᠠᠯᠳᠤᠭᠠᠨ ᠪᠣᠯᠤᠭᠰᠠᠨ ᠡᠡᠨᠤ》  ᠂ 《ᠰᠡᠯᠡᠩᠭᠡ ᠮᠦᠷᠡᠨ ᠳᠤ ᠮᠤᠩᠭ᠋ᠤᠯ ᠳᠠᠢ᠌ᠴᠢᠭᠤᠳ ᠤᠨ ᠴᠡᠷᠢᠭ᠌ ᠪᠠᠢ᠌ᠯᠳᠤᠭᠰᠠᠨ ᠠᠨᠤ》   ᠵᠤᠬᠢᠶᠠᠯ ᠶᠢᠡᠷ ᠰᠠᠭᠤᠷᠢᠯᠠᠨ᠂ ᠳᠡᠳᠡᠭᠡᠷ ᠲᠤ ᠵᠤᠬᠢᠶᠠᠭᠴᠢ ᠶᠢᠨ ᠳᠤᠰᠠᠠᠬᠠᠭᠰᠠᠨ ᠭᠤᠤᠯ ᠭᠡᠳᠤᠨ ᠦᠵᠡᠯ ᠴᠢᠭᠯᠡᠯ ᠤᠨ ᠳᠤᠬᠠᠢ ᠥᠭᠦᠯᠡᠶ᠎ᠡ ᠭᠡᠵᠤ ᠪᠣᠳᠤᠵᠤ ᠪᠠᠢ᠌ᠨ᠎ᠠ᠃


    ᠨᠢᠭᠡ᠂ ᠡᠷᠳᠡᠨ ᠤ ᠭᠢ ᠶᠢ ᠪᠢᠴᠢᠵᠤ ᠡᠳᠦᠭᠡ ᠶᠢ ᠳᠤᠯᠢᠳᠬᠠᠭᠰᠠᠨ


    ᠵᠤᠬᠢᠶᠠᠭᠴᠢ ᠡᠨᠡ ᠰᠠᠳᠤᠪᠳᠤ ᠨᠠᠢ᠌ᠷᠠᠭᠤᠯᠤᠯ ᠳᠠᠭᠠᠨ ᠡᠷᠳᠡᠨ ᠤ ᠰᠠᠳᠤᠪ ᠶᠢᠡᠷ ᠡᠳᠦᠭᠡ ᠶᠢᠨ ᠰᠠᠨᠠᠭ᠎ᠠ ᠶᠢ ᠨᠡᠪᠳᠡᠷᠡᠭᠦᠯᠵᠤ᠂ ᠥᠩᠭᠡᠷᠡᠭ᠍ᠰᠡᠨ ᠳᠡᠦᠭᠡ ᠪᠠᠨ ᠡᠰᠢᠯᠡᠵᠤ᠂ ᠣᠳᠤᠭᠢ ᠮᠤᠩᠭ᠋ᠤᠯ ᠶᠢᠡᠨ ᠣᠬᠠᠭᠠᠷᠠᠭᠤᠯᠬᠤ ᠶᠢ ᠣᠠᠴᠠ ᠴᠢᠬᠤᠯᠠᠴᠢᠯᠠᠭᠰᠠᠨ ᠪᠠᠢ᠌ᠳᠠᠭ᠃ ᠡᠭᠦᠨ ᠳ᠋ᠤ《ᠣᠨᠤᠨ ᠮᠦᠷᠢᠨ ᠤ ᠭᠦᠪᠠᠭᠡᠨ ᠳᠡᠭᠡᠷ᠎ᠡ ᠶᠡᠭᠡ ᠬᠤᠷᠠᠯᠳᠤᠭᠠᠨ ᠪᠣᠯᠤᠭᠰᠠᠨ ᠠᠨᠤ》  ᠂ 《ᠳᠠᠮᠤᠵᠢᠨ》  ᠂ 《ᠰᠡᠯᠡᠩᠭᠡ ᠮᠦᠷᠡᠨ ᠳᠤᠷ ᠮᠤᠩᠭ᠋ᠤᠯ ᠳᠠᠢ᠌ᠴᠢᠭᠤᠳ ᠤᠨ ᠴᠡᠷᠢᠭ᠌ ᠪᠠᠢ᠌ᠯᠳᠤᠭᠠᠨ ᠠᠨᠤ》 ᠵᠡᠷᠭᠡ ᠨᠠᠢ᠌ᠷᠠᠭᠤᠯᠤᠯ ᠪᠣᠢ᠃

    ᠬᠠᠳᠠ ᠶᠠᠫᠣᠨ ᠳᠤ ᠭᠤᠷᠪᠠᠠᠳᠠ ᠣᠴᠢᠵᠤ ᠰᠤᠷᠤᠯᠴᠠᠬᠤ ᠳᠠᠭᠠᠨ ᠬᠠᠷᠢ ᠭᠦᠷᠤᠨ ᠤ ᠡᠭᠦᠳᠦᠯᠳᠡ ᠳᠠᠪᠰᠢᠯᠳᠠ᠂ ᠰᠢᠡᠵᠢᠯᠡᠭᠦ ᠣᠬᠠᠭᠠᠨ᠂ ᠠᠵᠤ ᠣᠢ᠌ᠯᠠᠳᠪᠣᠷᠢ᠂ ᠡᠭᠦᠳᠦᠯᠳᠡ ᠰᠢᠠᠵᠢᠯᠳᠠ ᠶᠢᠨ ᠰᠤᠶᠤᠯ ᠪᠣᠯᠪᠠᠰᠤᠷᠠᠯ ᠤᠨ ᠨᠥᠯᠦᠭᠡ ᠶᠢ ᠭᠦᠷᠳᠡᠵᠤ ᠶᠠᠪᠣᠬᠤ ᠳᠠᠭᠠᠨ ᠢᠮᠠᠭᠳᠠ ᠮᠤᠩᠭ᠋ᠤᠯ ᠦᠨᠳᠦᠰᠦᠳᠠᠨ ᠤ ᠥᠩᠭᠡᠷᠡᠭ᠍ᠰᠡᠨ᠂ ᠡᠳᠦᠭᠡ᠂ ᠢᠷᠡᠭᠡᠳᠦᠢ ᠭᠡᠭᠦ ᠶᠢᠨ ᠣᠯᠠᠨ ᠪᠣᠳᠤᠯ ᠢ ᠠᠪᠴᠤ ᠶᠠᠪᠣᠵᠠᠢ᠃ ᠰᠤᠷᠤᠭᠰᠠᠨ ᠮᠡᠷᠭᠡᠵᠢᠯ ᠨᠢ ᠡᠮᠨᠡᠯᠭᠡ᠂ ᠹᠢᠽᠢᠺ ᠤᠨ ᠮᠡᠷᠭᠡᠵᠢᠯ ᠶᠢᠡᠷ ᠭᠤᠤᠯᠯᠠᠵᠤ ᠪᠠᠢ᠌ᠭᠰᠠᠨ ᠴᠤ ᠥᠵᠦᠭ᠌ ᠠᠳᠬᠤᠵᠤ ᠵᠤᠬᠢᠶᠠᠯ ᠪᠢᠴᠢᠭ᠍ᠰᠡᠨ ᠨᠢ ᠳᠡᠭᠦᠨ ᠤ ᠠᠪᠢᠶᠠᠰ ᠪᠢᠯᠢᠭ᠌ ᠤᠨ ᠭᠢᠨᠢ ᠪᠠᠰᠠ ᠨᠢᠭᠡ ᠢᠯᠠᠷᠠᠯ ᠳᠠᠳᠤᠢ ᠦᠭᠡᠶ᠂ ᠣᠷᠠᠨ ᠵᠤᠬᠢᠶᠠᠯ ᠤᠨ ᠶᠢᠡᠨ ᠨᠥᠯᠦᠭᠡ ᠪᠠᠷ ᠣᠠᠳᠠᠵᠤ ᠪᠠᠢ᠌ᠭ᠎ᠠ ᠮᠤᠩᠭ᠋ᠤᠯᠴᠤᠳ ᠶᠢᠡᠨ ᠣᠬᠠᠭᠠᠷᠠᠭᠤᠯᠵᠤ ᠣᠷᠢᠶᠠᠯᠠᠬᠤ ᠶᠢᠨ ᠳᠤᠰᠠᠳᠠ ᠶᠤᠮ᠃ ᠳᠡᠭᠡᠭᠦ ᠳᠡᠭᠡᠨ ᠵᠤᠬᠢᠶᠠᠭᠴᠢ᠂ ᠦᠨᠳᠦᠰᠦᠳᠠᠨ ᠤ ᠬᠤᠴᠤᠷᠤᠩᠭ᠋ᠤᠢ ᠪᠣᠯᠭᠢ᠂ ᠮᠢᠡᠴᠦᠭᠦᠷᠡᠯ ᠠᠯᠮᠠᠢ᠌ᠷᠠᠯ ᠤᠨ ᠣᠳᠤᠭᠢ ᠪᠠᠢ᠌ᠳᠠᠯ ᠳᠤ ᠵᠤᠷᠢᠭᠤᠯᠤᠨ ᠡᠩ ᠳᠡᠷᠢᠭᠦᠨ ᠳᠤ ᠥᠩᠭᠡᠷᠡᠰᠡᠨ ᠤ ᠳᠡᠦᠭᠡ ᠶᠢᠨ ᠥᠩᠭᠡ ᠭᠡᠷᠡᠯᠳᠤ ᠴᠤᠭ ᠪᠠᠳᠠᠷᠠᠩᠭ᠋ᠤᠢ ᠰᠦᠷ ᠵᠢᠪᠬᠤᠭᠠᠳᠤ ᠵᠣᠢ᠌ᠯᠠᠰ ᠢ ᠰᠤᠩᠭ᠋ᠤᠨ ᠵᠤᠭᠢᠰᠳᠠᠢ ᠡᠰᠭᠡᠨ ᠡᠪᠳᠡᠢ ᠡᠰᠢᠯᠡᠭ᠍ᠰᠡᠨ ᠨᠢ ᠦᠨᠳᠦᠰᠦᠳᠠᠨ ᠤ ᠢᠳᠡᠭᠡᠯ ᠢ ᠨᠡᠮᠡᠭ᠍ᠳᠡᠭᠦᠯᠭᠦ ᠶᠢᠨ ᠭᠦᠨ ᠰᠠᠨᠠᠭ᠎ᠠ᠂ ᠣᠷ᠎ᠠ ᠮᠡᠷᠭᠡᠵᠢᠯ ᠠᠭᠤᠯᠤᠭᠳᠠᠵᠤ ᠪᠠᠢ᠌ᠭ᠎ᠠ ᠪᠦᠭᠡᠳ ᠦᠷᠭᠡᠯᠡᠨ ᠪᠠᠢ᠌ᠭ᠎ᠠ ᠦᠨᠳᠦᠰᠦᠳᠠᠨ ᠤ ᠰᠠᠨᠠᠭ᠎ᠠ ᠶᠢ ᠡᠷᠴᠢᠯᠡᠨ᠂ ᠣᠷᠮ᠎ᠠ ᠵᠤᠷᠢᠭ ᠬᠤᠭᠤᠷᠠᠵᠤ ᠪᠠᠢ᠌ᠭᠰᠠᠨ ᠮᠤᠩᠭ᠋ᠤᠯᠴᠤᠳ ᠶᠢᠡᠨ ᠣᠷᠮᠠᠰᠢᠭᠤᠯᠤᠨ ᠵᠤᠷᠢᠭᠵᠢᠭᠤᠯᠬᠤ ᠶᠢᠨ ᠡᠭᠦᠳᠡᠨ ᠡᠴᠠ ᠨᠢᠭᠡᠳᠦᠯ ᠪᠦᠯᠭᠦᠮᠳᠡᠯ ᠤᠨ ᠵᠤᠷᠢᠭ ᠰᠠᠨᠠᠭ᠎ᠠ ᠶᠢ ᠭᠦᠦᠷᠨᠢᠨ᠂ ᠡᠷᠳᠡᠮ ᠢᠳᠡᠭᠡᠮᠵᠢ ᠶᠢ ᠴᠢᠬᠤᠯᠠᠴᠢᠯᠠᠨ᠂ ᠦᠨᠳᠦᠰᠦᠳᠠᠨ ᠤ ᠣᠯᠠᠮᠵᠢᠯᠠᠯᠳᠤ ᠡᠷᠴᠢ ᠵᠤᠷᠢᠭ ᠢ ᠳᠠᠭᠤᠳᠠᠨ ᠣᠷᠢᠶᠠᠯᠠᠵᠤ᠂ ᠣᠯᠠᠮ ᠶᠢᠡᠷ ᠳᠤᠷᠣᠢ᠌ᠳᠠᠵᠤ ᠪᠦᠭᠦᠢ ᠦᠨᠳᠦᠰᠦᠳᠠᠨ ᠤ ᠪᠠᠨ ᠪᠠᠭᠠᠳᠤᠷ ᠰᠦᠰᠦ ᠶᠢ ᠭᠦᠪᠴᠢᠯᠡᠭᠦ ᠶᠢᠨ ᠲᠦᠯᠦᠭᠡ ᠶᠤᠮ᠃

    13 ᠳ᠋ᠤᠭᠠᠷ ᠵᠠᠭᠤᠨ ᠤ ᠡᠭᠢᠨ ᠶᠢᠡᠷ ᠰᠠᠯᠤᠩᠭᠢ ᠪᠣᠳᠠᠷᠬᠠᠢ ᠪᠠᠢ᠌ᠭᠰᠠᠨ ᠠᠢ᠌ᠮᠠᠭ ᠤᠳ ᠶᠢᠡᠨ ᠡᠵᠡᠨ ᠴᠢᠩᠭᠢᠰ ᠨᠢᠭᠡᠳᠭᠡᠨ᠂ ᠣᠨᠤᠨ ᠮᠦᠷᠡᠨ ᠤ ᠭᠦᠪᠠᠭᠡᠨ ᠳᠤ ᠶᠡᠭᠡ ᠬᠤᠷᠠᠯᠳᠤᠭᠠᠨ ᠪᠣᠯᠤᠭᠰᠠᠨ ᠪᠠᠢ᠌ᠳᠠᠯ ᠢ ᠳᠤᠰᠠᠭᠭᠰᠠᠨ《  ᠣᠨᠤᠨ ᠮᠦᠷᠡᠨ ᠤ ᠭᠦᠪᠠᠭᠡᠨ ᠳᠡᠭᠡᠷ᠎ᠡ ᠶᠡᠭᠡ ᠬᠤᠷᠠᠯᠳᠤᠭᠠᠨ ᠪᠣᠯᠤᠭᠰᠠᠨ ᠠᠨᠤ》   ᠭᠡᠭᠦ ᠵᠤᠬᠢᠶᠠᠯ ᠨᠢ《  ᠭᠦᠭᠡ ᠮᠤᠩᠭ᠋ᠤᠯ ᠤᠨ ᠭᠦᠭᠡ ᠳᠤᠭ》   ᠊ᠢ ᠥᠡᠳᠦᠰᠦᠯᠡᠭ᠍ᠰᠡᠨ ᠪᠣᠯᠪᠠᠴᠤ ᠣᠭ ᠵᠤᠬᠢᠶᠠᠯ ᠤᠨ《  ᠮᠤᠬᠤᠰᠢ ᠦᠭᠡᠶ ᠵᠤᠷᠢᠭᠳᠤ ᠮᠤᠩᠭ᠋ᠤᠯᠴᠤᠳ ᠮᠢᠨᠤ ᠵᠠᠰᠠᠭ ᠢ ᠵᠢᠷᠤᠮᠯᠠᠨ ᠳᠠᠭᠠᠪᠠᠰᠤ᠂ ᠪᠦᠭᠦᠢ ᠶ‍ᠢᠷᠳᠢᠠᠴᠤ ᠳᠠᠨ ᠤ ᠳᠤᠤᠷ᠎ᠠ ᠣᠨᠠᠵᠤ ᠦᠭ‍ᠭᠦᠮᠦᠢ︕》   ᠭᠡᠰᠡᠨ ᠢ ᠶᠠᠩᠵᠤ ᠪᠠᠷ ᠨᠢ ᠬᠠᠭᠤᠯᠪᠣᠷᠢᠯᠠᠯ ᠦᠭᠡᠶ᠂ ᠬᠠᠷᠢᠨ ᠡᠢ᠌ᠮᠦᠷᠭᠦᠤ ᠳᠡᠦᠭᠡᠨ ᠵᠠᠪᠰᠢᠶᠠᠨ ᠠᠭᠢᠭᠠᠤᠨ ᠢᠷᠠᠵᠤ ᠪᠣᠯᠤᠰᠢ ᠦᠭᠡᠶ ᠶᠢ ᠰᠠᠷᠠᠵᠤ ᠳᠠᠨᠢᠭᠰᠠᠨ ᠬᠠᠳᠠ ᠮᠤᠩᠭ᠋ᠤᠯᠴᠤᠳ ᠤᠨ ᠡᠷᠳᠡᠨ ᠤ ᠳᠡᠦᠭᠡᠨ ᠳᠡᠭᠡᠨ ᠪᠠᠷᠳᠠᠮᠨᠠᠵᠤ ᠰᠤᠭᠳᠤᠭᠤᠷᠠᠭᠠᠤᠨ ᠪᠠᠢ᠌ᠬᠤ ᠪᠠᠢ᠌ᠳᠠᠯ ᠡᠴᠠ ᠰᠡᠷᠢᠭᠡᠨ ᠵᠠᠢ᠌ᠯᠠᠭᠤᠯᠬᠤ ᠶᠢ ᠵᠤᠷᠢᠵᠤ《  ᠮᠤᠬᠤᠰᠢ ᠦᠭᠡᠶ ᠵᠤᠷᠢᠭᠳᠤ ᠮᠤᠩᠭ᠋ᠤᠯ ᠤᠳ᠂ ᠮᠢᠨᠤ ᠡᠨᠡ ᠵᠠᠰᠠᠭ ᠢ ᠵᠢᠷᠤᠮᠯᠠᠨ ᠳᠠᠭᠠᠪᠠᠰᠤ᠂ ᠳᠡᠯᠡᠭᠡᠢ ᠣᠷᠴᠢᠯᠠᠩ ᠯᠤᠭ᠎ᠠ ᠬᠠᠮᠳᠤ ᠭᠡᠵᠶᠡᠳᠡ ᠳᠡᠭᠡᠭ᠍ᠰᠢᠯᠡᠨ ᠮᠠᠠᠳᠤᠮᠤᠢ》   ᠭᠡᠮᠡᠨ ᠡᠭᠦᠳᠤᠨ ᠪᠦᠳᠦᠭᠡᠯᠴᠢ ᠪᠦᠭᠡᠳ ᠰᠡᠩᠭᠡᠷᠡᠭᠦᠯᠦᠯ ᠤᠨ ᠭᠦᠴᠤᠨ ᠲᠡᠶ 《ᠥᠭᠡᠷᠡᠴᠢᠯᠡᠵᠤ》   ᠪᠢᠴᠢᠭ᠍ᠰᠡᠨ ᠨᠢ ᠳᠤᠬᠠᠢ ᠶᠢᠨ ᠮᠤᠩᠭ᠋ᠤᠯᠴᠤᠳ ᠲᠠᠭᠠᠨ ᠳᠤᠭᠢᠷᠠᠭᠤᠯᠤᠭᠰᠠᠨ ᠣᠴᠢᠷ ᠲᠡᠶ᠃ ᠡᠷᠳᠡ ᠡᠳᠦᠭᠡ ᠶᠢᠨ ᠡᠷᠳᠡᠮ ᠮᠡᠳᠡᠯᠭᠡ ᠶᠢ ᠡᠵᠡᠮᠰᠢᠵᠤ᠂ ᠳᠤᠳᠤᠭᠠᠳᠤ ᠭᠠᠳᠠᠭᠠᠳᠤ ᠶᠢᠨ ᠠᠬᠤᠢ ᠪᠠᠢ᠌ᠳᠠᠯ ᠲᠡᠶ ᠳᠠᠨᠢᠯᠴᠠᠨ᠂ ᠨᠡᠢ᠌ᠭᠡᠮ ᠤᠨ ᠭᠦᠭ᠍ᠵᠢᠯ ᠬᠤᠪᠢᠰᠤᠯ ᠤᠨ ᠴᠠᠭ ᠤᠨ ᠪᠠᠢ᠌ᠳᠠᠯ ᠢ ᠠᠵᠢᠭᠯᠠᠵᠤ ᠰᠠᠨᠠᠭᠠᠰᠢᠷᠠᠵᠤ ᠪᠠᠢ᠌ᠭᠰᠠᠨ ᠬᠠᠳᠠ᠂ ᠮᠤᠩᠭ᠋ᠤᠯᠴᠤᠳ ᠶᠢᠡᠨ ᠳᠡᠯᠡᠭᠡᠢ ᠶ‍ᠢᠷᠳᠢᠠᠴᠤ ᠲᠡᠶ ᠡᠩ ᠵᠡᠷᠭᠡᠴᠡᠨ ᠪᠣᠰᠤᠳ ᠡᠴᠠ ᠬᠤᠴᠤᠷᠤᠯ ᠦᠭᠡᠶ ᠣᠷᠤᠭᠰᠢᠯᠠᠬᠤ ᠶᠢᠨ ᠭᠦᠰᠡᠯ ᠡᠷᠢᠯ ᠶᠢᠡᠨ ᠢᠩᠭᠢᠵᠤ ᠢᠯᠡᠳᠭᠡᠭ᠍ᠰᠡᠨ ᠪᠠᠢ᠌ᠨ᠎ᠠ᠃

    ᠡᠷᠳᠡᠨ ᠤ ᠮᠤᠩᠭ᠋ᠤᠯᠴᠤᠳ ᠤᠨ ᠢᠯᠭᠤᠭᠰᠠᠨ ᠳᠡᠦᠭᠡ ᠨᠢ ᠭᠠᠭᠴᠠ ᠢᠳᠠ ᠭᠦᠴᠤᠨ ᠳᠡᠭᠡᠨ ᠪᠢᠰᠢ᠂ ᠡᠷᠳᠡᠮ ᠢᠳᠡᠭᠡᠮᠵᠢ ᠳᠡᠭᠡᠨ ᠪᠣᠢ ᠭᠡᠰᠡᠨ ᠰᠠᠨᠠᠭ᠎ᠠ ᠶᠢ ᠳᠤᠪᠣᠢ᠌ᠯᠠᠭᠠᠭᠰᠠᠨ 《ᠳᠠᠮᠤᠵᠢᠨ》   ᠭᠡᠭᠦ ᠵᠤᠬᠢᠶᠠᠯ ᠳᠤ᠂ ᠳᠠᠮᠤᠵᠢᠨ ᠡᠷᠢᠯ ᠶᠢᠡᠷ ᠶᠠᠪᠣᠵᠤ ᠪᠠᠢ᠌ᠳᠠᠯ᠎ᠠ᠂ ᠨᠢᠭᠡᠨ ᠪᠠᠭᠠᠳᠤᠷ ᠡᠷ᠎ᠡ ᠥᠭᠡᠷ ᠢ ᠡᠪᠳᠡᠭᠦ ᠳᠡᠭᠡᠨ ᠭᠢᠳᠤᠭ᠎ᠠ ᠪᠠᠨ ᠮᠢᠷᠠᠭᠠᠭᠠᠤᠨ ᠰᠥᠭᠡ ᠪᠠᠷ ᠴᠠᠪᠴᠠᠵᠤ ᠪᠠᠢ᠌ᠵᠠᠢ᠃ ᠳᠠᠷᠠ ᠭᠦᠮᠤᠨ ᠭᠦᠴᠤᠨ ᠶᠢᠡᠨ ᠭᠦᠭᠡᠷᠭᠦ ᠰᠠᠨᠠᠭᠠᠨ ᠤ ᠡᠭᠦᠳᠡᠨ ᠡᠴᠠ 《ᠨᠥᠭᠦᠷ ᠴᠢ ᠭᠡᠳᠤᠨ ᠭᠦᠪᠴᠢᠳᠤ ᠨᠤᠮᠤ ᠶᠢ ᠳᠠᠳᠠᠵᠤ᠂ ᠭᠡᠳᠥᠢᠴᠢᠨᠡᠭᠡᠨ ᠭᠦᠡᠳᠤ ᠴᠢᠯᠠᠭᠤ ᠶᠢ ᠡᠷᠭᠦᠭᠦ ᠭᠦᠴᠤᠨ ᠲᠡᠶ ᠪᠣᠢ︖》   ᠭᠡᠵᠤ ᠠᠰᠠᠭᠤᠭᠰᠠᠨ ᠤ ᠬᠠᠷᠢᠭᠤ ᠳ᠋ᠤ《ᠥᠭᠡᠷ ᠢ ᠡᠪᠳᠡᠵᠤ ᠦᠯᠦ ᠴᠢᠳᠠᠬᠤ ᠠᠷᠠᠤᠨ ᠥᠭᠡᠷ ᠤᠨ ᠵᠠᠪᠰᠠᠷ ᠵᠠᠭᠠᠭ ᠢ ᠦᠯᠦ ᠮᠡᠳᠡᠭᠦ ᠶᠢᠨ ᠳᠤᠯᠠ ᠨᠢᠳᠤᠨ ᠳᠤᠷ ᠥᠵᠡᠭ᠍ᠳᠡᠭᠦ ᠢᠨᠤ ᠭᠠᠭᠴᠠ ᠨᠢᠭᠡᠨ ᠪᠦᠭᠦᠯᠢ ᠥᠭᠡᠷ ᠪᠣᠯᠠᠢ᠃ ᠥᠭᠡᠷ ᠡᠪᠳᠡᠵᠤ ᠴᠢᠳᠠᠭᠴᠢᠳ ᠪᠣᠯᠪᠠᠰᠤ ᠥᠭᠡᠷ ᠤᠨ ᠦᠶ᠎ᠡ ᠭᠡᠰᠢᠭᠦᠤ᠂ ᠵᠠᠪᠰᠠᠷ ᠵᠠᠭᠠᠭ ᠳᠡᠭᠦᠨ ᠤ ᠴᠡᠭᠡᠵᠢᠨ ᠳᠤᠷ ᠳᠤᠳᠤᠷᠬᠠᠢ ᠪᠣᠢ ᠶᠢᠨ ᠳᠤᠯᠠ ᠨᠢᠳᠤᠨ᠎ᠠ ᠥᠵᠡᠭ᠍ᠳᠡᠭᠦᠢ ᠢᠨᠤ ᠳᠤᠯᠤᠭᠠᠢ ᠰᠢᠭᠡᠷ᠎ᠡ ᠡᠪᠴᠢᠭᠦᠤ ᠣᠭᠤᠴᠠ ᠠᠨᠤ ᠳᠤᠰ ᠳᠤᠰ ᠲᠠᠭᠠᠨ ᠣᠠᠴᠠᠭᠠᠢ ᠥᠵᠡᠭ᠍ᠳᠡᠭᠦ ᠪᠣᠢ ᠊ᠶ᠎ᠠ᠃ ᠪᠦᠳᠤᠨ ᠥᠭᠡᠷ ᠥᠵᠡᠭ᠍ᠳᠡᠭᠦ ᠦᠭᠡᠶ ᠪᠣᠯᠤᠮᠤᠢ᠃ ᠳᠠᠢ᠌ᠨ ᠭᠦ ᠭᠠᠷ ᠭᠦᠳᠡᠯᠦᠮᠡᠭ᠍ᠴᠡ ᠭᠢᠳᠤᠭ᠎ᠠ ᠨᠠᠪᠳᠠᠷᠠᠵᠤ᠂ ᠥᠭᠡᠷ ᠤᠨ ᠶᠠᠰᠤ ᠮᠢᠬ᠎ᠠ ᠶᠢᠨ ᠵᠠᠪᠰᠠᠷ ᠶᠢᠡᠷ ᠶᠠᠪᠤᠨ᠂ ᠳᠠᠮᠠᠢ ᠭᠦᠴᠤᠨ ᠭᠡᠷᠡᠭᠯᠡᠭᠦ ᠦᠭᠡᠶ ᠪᠠᠷ ᠡᠪᠳᠡᠭᠡᠳ ᠭᠢᠳᠤᠭ᠎ᠠ ᠮᠦᠨ ᠦᠯᠦ ᠮᠢᠷᠠᠮᠤᠢ᠂ ᠶᠠᠭᠤᠨ ᠳᠤ ᠦᠨᠡᠨ ᠡᠷᠳᠡᠮ ᠢ ᠭᠦᠰᠡᠭᠦ ᠦᠭᠡᠶ᠂ ᠥᠭᠡᠷ ᠤᠨ ᠭᠦᠴᠤ ᠶᠢ ᠡᠷᠭᠢᠮᠯᠡᠮᠦᠢ》  ᠭᠡᠵᠤ ᠵᠢᠷᠤᠮᠯᠠᠨ ᠰᠤᠷᠭᠠᠭᠰᠠᠨ ᠪᠠ ᠡᠨᠡ ᠣᠴᠢᠷ ᠡᠴᠠ ᠴᠢᠨᠠᠭᠰᠢᠯᠠᠨ 《ᠳᠡᠯᠡᠭᠡᠢ ᠳ᠋ᠠᠭᠢᠨ ᠭᠡᠮᠡᠭ᠍ᠴᠢ ᠥᠭᠡᠷ ᠲᠤᠷ ᠠᠳᠠᠯᠢ᠂ ᠳᠡᠯᠡᠭᠡᠢ ᠳ᠋ᠠᠭᠢᠨ ᠤ ᠶᠠᠪᠣᠳᠠᠯ ᠠᠨᠤ ᠥᠭᠡᠷ ᠢ ᠡᠪᠳᠡᠭᠦ ᠮᠠᠳᠤ᠂ ᠳᠡᠯᠡᠭᠡᠢ ᠳ᠋ᠠᠭᠢᠨ ᠤ ᠶᠤᠰᠤ ᠵᠦᠢ ᠭᠡᠮᠡᠭ᠍ᠴᠢ ᠥᠭᠡᠷ ᠤᠨ ᠶᠠᠰᠤᠨ ᠤ ᠵᠠᠢ ᠵᠠᠪᠰᠠᠷ ᠰᠢᠭ᠂ ᠳᠡᠯᠡᠭᠡᠢ ᠳ᠋ᠠᠭᠢᠨ ᠤ ᠶᠠᠪᠣᠬᠤ ᠠᠷᠭ᠎ᠠ ᠣᠬᠠᠭᠠᠨ ᠠᠨᠤ ᠮᠠᠰᠠ ᠶᠢᠨ ᠢᠷ ᠯᠦᠭᠡ ᠠᠳᠠᠯᠢ ᠪᠣᠯᠠᠢ》   ᠭᠡᠮᠡᠨ ᠥᠯᠢᠭᠡᠷᠯᠡᠨ ᠶ‍ᠦᠰᠦᠴᠢᠯᠡᠵᠤ᠂ 《  ᠲ᠋ᠡᠯᠡᠭᠡᠢ ᠶᠢᠨ ᠰᠠᠢ᠌ᠨ ᠡᠷᠡᠰ ᠣᠢ᠌ᠯᠠᠰ ᠢ ᠪᠦᠳᠦᠭᠡᠭᠦᠢ ᠳᠤᠷ ᠢᠳᠡᠭᠡᠮᠵᠢ ᠡᠷᠳᠡᠮ ᠳᠡᠭᠡᠨ ᠢᠳᠡᠭᠡᠭᠦ ᠡᠴᠠ ᠪᠣᠰᠤ᠂ ᠢᠳᠠ ᠭᠦᠴᠤᠨ ᠢ ᠭᠦᠡᠳᠦᠳᠭᠡᠭᠦ ᠦᠭᠡᠶ ᠪᠣᠯᠠᠢ》   ᠭᠡᠮᠡᠨ ᠡᠷᠳᠡᠮ ᠴᠢᠳᠠᠪᠣᠷᠢ᠂ ᠪᠢᠯᠢᠭ᠌ ᠣᠬᠠᠭᠠᠨ ᠳᠡᠭᠦᠰ ᠳᠠᠮᠤᠵᠢᠨ ᠤ ᠳᠦᠷᠢ ᠶᠢ ᠪᠦᠳᠦᠭᠡᠭᠦ ᠳᠡᠭᠡᠨ ᠳᠡᠦᠭᠡᠨ ᠭᠠᠪᠢᠶ᠎ᠠ᠂ ᠠᠯᠳᠠᠷ ᠴᠤᠤ ᠶᠢ ᠨᠢ ᠮᠠᠭᠳᠠᠭᠰᠠᠨ ᠪᠢᠰᠢ᠂ ᠳᠡᠭᠦᠨ ᠤ ᠣᠷᠠᠨ ᠣᠬᠠᠭᠠᠨ ᠢᠳᠡᠭᠡᠮᠵᠢ ᠡᠷᠳᠡᠮ ᠢ ᠣᠠᠴᠠᠯᠠᠨ ᠳᠤᠪᠣᠢ᠌ᠯᠠᠭᠠᠵᠤ᠂ ᠳᠡᠭᠦᠨ ᠤ ᠠᠮᠠ ᠪᠠᠷ《  ᠰᠡᠭᠦᠵᠢ ᠳᠡᠭᠡᠨ ᠢᠳᠠᠳᠠᠨ ᠨᠢᠭᠡᠭᠡᠨ ᠪᠠᠶ᠎ᠠ ᠶᠢ ᠵᠠᠷᠤᠮᠤᠢ᠂ ᠰᠡᠳᠬᠢᠯ ᠳᠡᠭᠡᠨ ᠢᠳᠠᠳᠠᠨ ᠲᠦᠮᠡᠨ ᠭᠦᠴᠤᠨ ᠢ ᠵᠠᠷᠤᠴᠠᠯᠠᠮᠤᠢ》   ᠭᠡᠮᠡᠨ ᠰᠤᠷᠭᠠᠯ ᠬᠠᠢ᠌ᠷᠠᠯᠠᠭᠤᠯᠤᠭᠰᠠᠨ ᠨᠢ ᠡᠷᠳᠡᠨ ᠤ ᠮᠤᠩᠭ᠋ᠤᠯᠴᠤᠳ ᠤᠨ ᠢᠯᠠᠭᠤᠭᠰᠠᠨ ᠳᠡᠦᠭᠡ ᠨᠢ ᠢᠳᠠ ᠭᠦᠴᠤᠨ ᠳᠡᠭᠡᠨ ᠯᠠ ᠪᠢᠰᠢ᠂ ᠡᠷᠳᠡᠮ ᠢᠳᠡᠭᠡᠯ ᠳᠡᠭᠡᠨ ᠪᠣᠢ ᠭᠡᠰᠡᠨ ᠢ ᠳᠤᠬᠠᠢ ᠶᠢᠨ ᠮᠤᠩᠭ᠋ᠤᠯᠴᠤᠳ ᠲᠠᠭᠠᠨ ᠳᠠᠨᠢᠭᠤᠯᠬᠤ ᠶᠢᠨ ᠬᠠᠮᠳᠤ᠂ ᠭᠡᠳᠤᠨ ᠡᠷᠡᠨ ᠵᠠᠭᠤᠨ ᠡᠴᠠ ᠴᠢᠩᠭᠢᠰ ᠤᠨ ᠮᠠᠭᠳᠠᠭᠠᠯ᠂ ᠳᠡᠦᠭᠡᠨ ᠣᠢ᠌ᠯᠠ ᠨᠥᠯᠦᠭᠡ ᠳᠤ ᠰᠤᠭᠳᠤᠭᠤᠷᠠᠭᠠᠤᠨ ᠪᠠᠢ᠌ᠭᠰᠠᠨ ᠮᠤᠩᠭ᠋ᠤᠯᠴᠤᠳ ᠤᠨ ᠨᠢᠳᠤ ᠶᠢ ᠠᠷᠴᠢᠬᠤ ᠶᠢᠨ ᠳᠤᠰᠠᠳᠠ᠂ ᠮᠦᠨ ᠡᠷᠳᠡᠮ ᠢᠳᠡᠭᠡᠮᠵᠢ ᠶᠢ ᠯᠠ ᠣᠠᠴᠠᠯᠠᠪᠠᠯ ᠰᠠ‍‌ᠶᠢ ᠣᠷᠤᠰᠢᠨ ᠳᠤᠭᠳᠠᠨᠢᠬᠤ ᠭᠡᠰᠡᠨ ᠳᠠᠮ ᠰᠠᠨᠠᠭ᠎ᠠ ᠪᠠᠨ ᠡᠪᠳᠡᠢ ᠢᠯᠡᠳᠭᠡᠵᠤ ᠴᠢᠳᠠᠭᠰᠠᠨ ᠶᠤᠮ᠃

    《ᠳᠡᠯᠡᠭᠡᠢ ᠳ᠋ᠠᠭᠢᠨ ᠤ ᠭᠡᠷᠡᠭ᠌ ᠳᠠᠷᠤᠢ ᠴᠢᠨᠤ ᠡᠨᠡ ᠥᠭᠡᠷ ᠯᠦᠭᠡ ᠠᠳᠠᠯᠢ ᠪᠤᠰᠤ》  ᠂ 《  ᠲ᠋ᠡᠯᠡᠭᠡᠢ ᠳ᠋ᠠᠭᠢᠨ ᠳᠤᠷ ᠶᠠᠪᠣᠬᠤ ᠣᠬᠠᠭᠠᠨ ᠠᠨᠤ ᠮᠠᠰᠠ ᠶᠢᠨ ᠢᠷ ᠯᠦᠭᠡ ᠠᠳᠠᠯᠢ》   ᠭᠡᠮᠡᠨ᠂ ᠳᠤᠬᠠᠢ ᠶᠢᠨ ᠮᠤᠩᠭ᠋ᠤᠯᠴᠤᠳ ᠲᠤ ᠨᠡᠢ᠌ᠭᠡᠮ ᠤᠨ ᠬᠤᠪᠢᠷᠠᠯ ᠬᠤᠪᠢᠰᠤᠯ ᠤᠨ ᠪᠣᠳᠤᠯᠢᠶᠠᠨ ᠲᠡᠶ ᠳᠤᠬᠠᠢ ᠶᠢᠨ ᠴᠠᠭ ᠨᠢ ᠮᠥᠨ《  ᠥᠭᠡᠷ ᠯᠦᠭᠡ ᠠᠳᠠᠯᠢ》  ᠂ ᠢᠳᠡᠭᠡᠮᠵᠢ ᠡᠷᠳᠡᠮ ᠲᠡᠶ ᠪᠣᠯᠪᠠᠰᠤ ᠳᠡᠯᠡᠭᠡᠢ ᠳ᠋ᠠᠭᠢᠨ ᠳᠤ ᠶᠠᠪᠣᠬᠤ ᠣᠬᠠᠭᠠᠨ ᠢ ᠣᠯᠵᠤ ᠮᠠᠰᠠ ᠶᠢᠨ ᠢᠷ ᠢ ᠮᠢᠷᠠᠭᠠᠬᠤ ᠦᠭᠡᠶ ᠪᠠᠷ ᠥᠭᠡᠷ ᠶᠢᠡᠨ ᠡᠪᠳᠡᠵᠤ᠂ ᠰᠡᠭᠦᠵᠢ ᠶᠢᠨ ᠢᠳᠠᠳᠠᠨ ᠪᠢᠰᠢ᠂ ᠰᠡᠳᠭᠢᠯ ᠤᠨ ᠢᠳᠠᠳᠠᠨ ᠪᠣᠯᠵᠤ᠂ ᠨᠢᠭᠡ ᠪᠠᠶ᠎ᠠ ᠶᠢ ᠵᠠᠷᠤᠬᠤ ᠦᠭᠡᠶ᠂ ᠲᠦᠮᠡᠨ ᠤ ᠭᠦᠴᠤᠨ ᠢ ᠵᠠᠷᠤᠴᠠᠯᠠᠬᠤ ᠪᠣᠯᠤᠨ᠎ᠠ ᠭᠡᠰᠡᠨ ᠰᠡᠩᠭᠡᠷᠡᠭᠦᠯᠭᠦ ᠰᠠᠨᠠᠭ᠎ᠠ ᠢᠯᠡᠭᠡᠨ ᠪᠦᠭᠡᠳ ᠨᠢᠳᠤ ᠪᠠᠨ ᠠᠨᠢᠵᠤ᠂ ᠬᠠᠷ᠎ᠠ ᠭᠦᠴᠤ ᠭᠠᠷᠭᠠᠬᠤ ᠪᠦᠳᠦᠭᠦᠯᠢᠭ᠌ ᠰᠤᠷᠳᠠᠯ ᠶᠢᠡᠨ ᠬᠠᠶᠠᠵᠤ᠂ ᠣᠶᠤᠨ ᠶᠢᠡᠨ ᠰᠢᠪᠬᠠᠨ᠂ ᠣᠬᠠᠭᠠᠨ ᠡᠷᠳᠡᠮ ᠳᠤ ᠳᠦᠰᠢᠭᠯᠡᠭᠦ ᠭᠡᠷᠡᠭ᠍ᠳᠡᠢ ᠭᠡᠰᠡᠨ ᠭᠦᠨ ᠶᠤᠰᠤ ᠶᠢ ᠵᠢᠭᠠᠨ ᠭᠠᠷᠭᠠᠪᠠ᠃

    ᠲ᠋ᠡᠦᠭᠡ ᠶᠢᠨ ᠢᠯᠠᠭᠤᠭᠰᠠᠨ ᠣᠢ᠌ᠯᠠᠰ ᠢ ᠳᠡᠮᠳᠡᠭᠯᠡᠵᠤ᠂ ᠣᠬᠠᠭᠠᠨ ᠳᠡᠭᠦᠰ ᠡᠵᠡᠨ ᠴᠢᠩᠭᠢᠰ ᠤᠨ ᠳᠦᠷᠢ ᠶᠢ ᠪᠦᠳᠦᠭᠡᠭ᠍ᠰᠡᠨ ᠳᠡᠦᠭᠡᠳᠤ ᠰᠠᠳᠤᠪ ᠶᠢᠡᠷ ᠰᠡᠳᠦᠪᠯᠡᠭ᠍ᠰᠡᠨ ᠨᠠᠢ᠌ᠷᠠᠭᠤᠯᠤᠯ ᠨᠢ ᠠᠭᠢᠭᠠᠤᠨ ᠨᠠᠷᠢᠪᠴᠢᠯᠠᠪᠠᠯ ᠮᠤᠩᠭ᠋ᠤᠯᠴᠤᠳ᠂ ᠡᠷᠳᠡᠮ ᠵᠤᠷᠢᠭ ᠶᠢᠡᠨ ᠭᠠᠢ᠌ᠬᠠᠭᠤᠯᠤᠭᠰᠠᠨ ᠭᠢᠯᠠᠯᠵᠠᠭᠰᠠᠨ ᠳᠡᠦᠭᠡ ᠲᠡᠶ ᠶᠠᠪᠣᠭᠰᠠᠨ ᠭᠡᠳᠡᠭ᠌ ᠢ ᠬᠠᠷᠠᠭᠤᠯᠵᠤ᠂ ᠶᠠᠭ ᠯᠠ《  ᠦᠷᠯᠦᠭᠡ ᠶᠢᠨ ᠨᠠᠷᠠᠨ ᠣᠭᠳᠠᠷᠭᠤᠢ ᠳᠤᠷ ᠮᠠᠠᠳᠤᠭᠠᠤᠨ᠂ ᠡᠭᠦᠯᠡ ᠦᠭᠡᠶ ᠰᠠᠯᠭᠢᠨ ᠲᠦᠯᠭᠡᠨ ᠳᠤᠷ᠂ ᠥᠩᠭᠡ ᠪᠦᠷᠢ ᠶᠢᠨ ᠴᠡᠴᠡᠭ᠌ ᠨᠠᠪᠴᠢᠰ ᠤᠳ ᠲᠦᠮᠡᠨ ᠳᠠᠪᠬᠤᠷ ᠳᠡᠯᠭᠡᠷᠡᠨ ᠪᠣᠳᠠᠷᠠᠯᠳᠤᠵᠤ᠂ ᠵᠣᠢ᠌ᠯ ᠪᠦᠷᠢ ᠶᠢᠨ ᠡᠪᠠᠰᠤ ᠮᠤᠳᠤᠨ ᠳᠤᠷ ᠳᠤᠭᠳᠠᠭᠰᠠᠨ ᠰᠢᠭᠦᠳᠡᠷᠢ ᠶᠢᠨ ᠣᠰᠤᠨ᠂ ᠮᠢᠩᠭ᠋ᠠᠨ ᠳᠠᠪᠬᠤᠷ ᠰᠤᠪᠣᠤᠨ ᠶᠢᠡᠷ ᠴᠢᠮᠡᠭ᠍ᠰᠡᠨ ᠮᠠᠳᠤ ᠭᠡᠷᠡᠯᠳᠤᠨ ᠭᠢᠯᠪᠢᠭᠡᠨᠡᠭᠦ ᠶᠢᠨ ᠦᠶᠡᠰ ᠪᠢ ᠡᠷᠪᠠᠭᠡᠢ ᠬᠤᠷᠤᠬᠠᠢ ᠶᠢ ᠪᠠᠷᠢᠵᠤ ᠢᠳᠡᠭᠦ ᠪᠠᠷ ᠳᠡᠭᠦᠨ ᠤ ᠳᠡᠭᠡᠭᠦᠷ ᠬᠠᠯᠢᠨ ᠨᠢᠰᠤᠮᠤᠢ》   ᠭᠡᠮᠡᠨ ᠠᠮᠢᠳᠤᠷᠠᠯ ᠣᠷᠴᠢᠨ ᠳᠠᠭᠠᠨ ᠡᠵᠡᠨ ᠮᠠᠳᠠᠵᠤ ᠴᠢᠳᠠᠳᠠᠭ ᠪᠠᠢ᠌ᠭᠰᠠᠨ ᠦᠳᠦᠰᠤᠳᠠᠨ ᠤ ᠪᠠᠨ ᠥᠩᠭᠡᠷᠡᠭ᠍ᠰᠡᠨ ᠳᠡᠦᠭᠡ ᠶᠢ ᠵᠢᠷᠤᠭᠯᠠᠵᠤ᠂ ᠦᠷᠭᠡᠯᠡᠨ ᠪᠠᠢ᠌ᠭ᠎ᠠ ᠮᠤᠩᠭ᠋ᠤᠯᠴᠤᠳ ᠤᠨ ᠶᠢᠡᠨ ᠢᠳᠡᠭᠡᠯ ᠢ ᠣᠷᠢᠶᠠᠯᠠᠵᠤ᠂ ᠵᠤᠷᠢᠭ ᠰᠦᠰᠦ ᠶᠢ ᠭᠦᠪᠴᠢᠯᠡᠭᠦ ᠭᠡᠰᠡᠨ ᠣᠤᠠᠬ᠎ᠠ ᠠᠭᠤᠯᠤᠭᠳᠠᠵᠤ ᠪᠠᠢ᠌ᠭ᠎ᠠ ᠶᠤᠮ᠃ ᠮᠦᠨ ᠴᠤ ᠮᠤᠩᠭ᠋ᠤᠯᠴᠤᠳ ᠤᠨ 《  ᠬᠤᠪᠢ ᠵᠠᠶᠠᠭ᠎ᠠ ᠶᠢᠨ ᠭᠦᠯᠢᠶᠡᠰᠤ》   ᠪᠠᠨ ᠳᠠᠰᠤᠳᠠᠨ᠂ ᠳᠡᠦᠭᠡᠨ ᠪᠣᠳᠠᠳᠤ ᠭᠡᠷᠡᠭ᠌ ᠡᠴᠠ ᠰᠤᠷᠭᠠᠮᠵᠢ ᠠᠪᠴᠤ ᠪᠣᠳᠠᠳᠤ ᠠᠬᠤᠢ ᠶᠢ ᠨᠢᠭᠤᠷᠳᠠᠨ ᠳᠠᠨᠢᠬᠤ ᠶᠢ ᠣᠷᠢᠶᠠᠯᠠᠭᠰᠠᠨ ᠶᠤᠮ᠃

    ᠬᠠᠳᠠ ᠢᠩᠭᠢᠵᠤ ᠡᠷᠳᠡᠨ ᠤ ᠳᠡᠦᠭᠡ ᠶᠢ ᠪᠢᠴᠢᠵᠤ ᠡᠳᠦᠭᠡ ᠶᠢᠨ ᠪᠠᠢ᠌ᠳᠠᠯ ᠢ ᠳᠤᠯᠢᠤᠠᠬᠠᠨ᠂ ᠪᠠᠶᠠᠯᠢᠭ ᠣᠢ᠌ᠯᠠᠭᠠᠮᠵᠢᠳᠠᠢ ᠭᠡᠯᠡ ᠭᠡᠯᠯᠡᠭᠡ ᠪᠠᠷ ᠶᠤᠭᠳᠠ ᠪᠢᠳᠡᠭᠦᠤ ᠢᠯᠡᠳᠭᠡᠮᠵᠢ ᠰᠠᠨᠠᠭ᠎ᠠ ᠪᠠᠨ ᠬᠠᠪᠣᠯᠢᠭ ᠰᠠᠢ᠌ᠬᠠᠨ ᠵᠣᠢ᠌ᠷᠯᠠᠨ ᠳᠤᠰᠠᠬᠠᠭᠰᠠᠨ ᠪᠠᠢ᠌ᠳᠠᠭ᠃


    ᠬᠤᠶᠠᠷ᠂ ᠪᠣᠳᠠᠳᠤ ᠠᠮᠢᠳᠤᠷᠠᠯ ᠢ ᠳᠤᠰᠬᠠᠵᠤ ᠪᠣᠳᠤᠯ ᠤᠨ ᠰᠡᠩᠭᠡᠷᠡᠭᠦᠯᠦᠯ ᠢ ᠣᠷᠢᠶᠠᠯᠠᠭᠰᠠᠨ


    ᠡᠨᠡ ᠰᠠᠳᠤᠪᠳᠤ ᠨᠠᠢ᠌ᠷᠠᠭᠤᠯᠤᠯ ᠳᠠᠭᠠᠨ᠂ ᠳᠤᠬᠠᠢ ᠦᠶ᠎ᠡ ᠵᠢᠨ《ᠣᠷᠴᠢᠯᠠᠩ ᠤᠨ ᠪᠦᠭᠦᠨ ᠡᠯᠢᠭᠡᠨ ᠦᠭᠡᠶ ᠮᠠᠳᠤ》  ᠬᠠᠷᠩᠭ᠋ᠤᠢ ᠣᠷᠴᠢᠨ ᠳᠤᠭᠤᠷᠢᠨ ᠳᠤ ᠮᠤᠩᠭ᠋ᠤᠯᠴᠤᠳ ᠪᠦᠷᠦᠩᠭᠦᠢ ᠬᠠᠷᠠᠩᠭ᠋ᠤᠢ᠂ ᠰᠦᠷᠳᠡᠭᠦᠯᠦᠯ ᠳᠦᠭ᠍ᠰᠢᠭᠦᠷᠢ ᠳᠤ ᠳᠠᠯᠴᠢᠯᠠᠵᠤ ᠪᠠᠢ᠌ᠭ᠎ᠠ ᠪᠠ 《ᠦᠪᠡᠷ ᠤᠨ ᠪᠠᠶ᠎ᠠ ᠪᠠᠨ ᠮᠠᠰᠢ ᠪᠠᠯᠠᠷ ᠬᠠᠷᠠᠩᠭ᠋ᠤᠢ ᠳᠤ ᠦᠵᠡᠨ ᠦᠯᠦ ᠤᠯᠵᠤ》  ᠡᠳᠦᠷ ᠰᠠᠷ᠎ᠠ ᠶᠢ ᠥᠩᠭᠡᠷᠡᠭᠦᠯᠵᠤ ᠪᠠᠢ᠌ᠭ᠎ᠠ ᠪᠣᠳᠠᠳᠤ ᠪᠠᠢ᠌ᠳᠠᠯ ᠢ ᠠᠢ᠌ᠵᠢᠮ ᠭᠡᠮᠵᠢᠶᠡᠯᠢᠭ᠌ ᠪᠣᠷᠤᠭᠵᠢᠭᠤᠨ ᠭᠡᠯᠡ ᠭᠡᠯᠡᠯᠭᠡ ᠪᠠᠷ ᠭᠦᠡᠵᠡᠭᠡᠢ ᠳᠤᠰᠬᠠᠪᠠ᠃ ᠡᠭᠦᠨ ᠳᠤ ᠳᠡᠭᠦᠨ ᠤ ᠠᠮᠵᠢᠯᠳᠠ ᠲᠡᠶ ᠵᠤᠬᠢᠶᠠᠯ ᠤᠨ ᠨᠢᠭᠡ ᠪᠣᠯᠬᠤ 《ᠨᠡᠭᠦᠳᠡᠯ ᠠᠮᠢᠳᠤᠷᠠᠯᠳᠤ ᠮᠠᠨ ᠤ ᠮᠤᠩᠭ᠋ᠤᠯ》  ᠪᠠ ᠲᠦᠯᠦᠭᠡᠯᠡᠭᠦ ᠵᠤᠬᠢᠶᠠᠯ ᠪᠣᠯᠬᠤ 《ᠣᠢ ᠶᠢᠨ ᠳᠤᠳᠤᠷᠠᠭᠢ ᠨᠢᠭᠡᠨ ᠰᠢᠪᠠᠭᠤᠨ ᠤ ᠠᠮᠢᠳᠤᠷᠠᠯ》   ᠪᠠᠭᠳᠠᠨ᠎ᠠ᠃

    ᠵᠤᠬᠢᠶᠠᠭᠴᠢ᠂ ᠦᠨᠳᠦᠰᠦᠳᠠᠨ ᠤ ᠳᠡᠦᠭᠡ᠂ ᠰᠤᠶᠤᠯ ᠤᠨ ᠳᠠᠯ᠎ᠠ ᠪᠠᠷ ᠳᠠᠭᠢᠨ ᠪᠣᠳᠤᠯᠭᠢᠯᠠᠯ ᠭᠢᠵᠤ᠂ ᠠᠷᠠᠤᠨ ᠣᠯᠠᠨ ᠤ ᠪᠠᠨ ᠬᠤᠴᠤᠷᠠᠩᠭ᠋ᠤᠢ ᠳᠠᠯ᠎ᠠ ᠶᠢ ᠨᠢᠭᠤᠯ ᠦᠭᠡᠶ ᠢᠯᠠᠴᠢᠯᠠᠨ ᠰᠢᠭᠦᠮᠵᠢᠯᠡᠭᠦ ᠪᠠᠷ ᠳᠤᠪᠣᠢ᠌ᠭᠰᠠᠨ ᠠᠭᠤᠯᠭ᠎ᠠ ᠪᠠᠨ ᠪᠣᠯᠭᠠᠵᠤ᠂ ᠬᠤᠴᠤᠷᠤᠩᠭ᠋ᠤᠢ ᠪᠢᠳᠡᠭᠦᠤ ᠠᠮᠢᠳᠤᠷᠠᠯ ᠤᠨ ᠦᠩᠭᠡᠨ ᠳᠠᠯ᠎ᠠ ᠶᠢᠨ ᠨᠠᠮ ᠵᠢᠮ ᠢ ᠡᠪᠳᠡᠨ᠂ ᠪᠣᠯᠭᠢ ᠪᠢᠳᠠᠭᠤ ᠶᠢ ᠥᠭᠡᠷᠡᠴᠢᠯᠡᠭᠦ ᠰᠡᠭᠡᠭᠡᠷᠡᠳᠦᠭᠡᠢ ᠭᠡᠮᠡᠨ ᠴᠢᠩᠭ᠎ᠠ ᠣᠷᠢᠶᠠᠯᠠᠪᠠ᠃ 《ᠨᠡᠭᠦᠳᠡᠯ ᠠᠮᠢᠳᠤᠷᠠᠯᠳᠤ ᠮᠠᠨ ᠤ ᠮᠤᠩᠭ᠋ᠤᠯ》   ᠭᠡᠭᠦ ᠨᠠᠢ᠌ᠷᠠᠭᠤᠯᠤᠯ ᠳᠠᠭᠠᠨ ᠳᠤᠰ ᠵᠠᠭᠤᠨ ᠤ ᠭᠤᠴᠢᠭᠠᠤᠨ ᠣᠨ ᠤ ᠦᠶ᠎ᠡ ᠶᠢᠨ ᠨᠡᠭᠦᠳᠡᠯᠴᠢᠨ ᠮᠤᠩᠭ᠋ᠤᠯᠴᠤᠳ ᠤᠨ《ᠳᠤᠩ ᠴᠤ ᠪᠦᠳᠦᠭᠦᠯᠢᠭ᠌᠂ ᠳᠤᠩ ᠴᠤ ᠵᠢᠵᠢᠭ᠍‍ᠬᠡᠨ᠂ ᠳᠤᠩ ᠴᠤ ᠳᠤᠷᠤᠢ》   ᠪᠦᠳᠦᠭᠦᠯᠢᠭ᠌ ᠬᠤᠴᠤᠷᠤᠩᠭ᠋ᠤᠢ ᠪᠠᠢ᠌ᠳᠠᠯ ᠢ ᠳᠦᠷᠰᠤᠯᠠᠨ ᠳᠤᠰᠬᠠᠪᠠ᠃

    ᠮᠤᠩᠭ᠋ᠤᠯ ᠨᠤᠳᠤᠭ ᠤᠨ ᠭᠦᠮᠦᠰ ᠤᠨ ᠠᠬᠤᠢ ᠠᠮᠢᠳᠤᠷᠠᠯ᠂ ᠳᠠᠳᠠ ᠤ ᠵᠢᠰᠤ ᠴᠢᠷᠠᠢ᠂ ᠬᠤᠪᠴᠠᠰᠤ ᠬᠤᠨᠠᠷ ᠤᠨ ᠪᠣᠷᠤ ᠪᠦᠳᠦᠭᠦᠯᠢᠭ᠌ ᠡᠴᠠ ᠠᠪᠣᠭᠠᠤᠨ ᠢᠳᠡᠭᠡᠯ ᠪᠢᠰᠢᠷᠠᠯ᠂ ᠵᠠᠩᠰᠢᠯ ᠳᠠᠳᠬᠠᠯ ᠤᠨ ᠭᠦᠳᠡᠭᠢ ᠪᠠᠯᠠᠷ᠂ ᠪᠣᠳᠤᠯ ᠰᠡᠳᠭᠢᠯ ᠠᠵᠢᠯ ᠠᠮᠢᠳᠤᠷᠠᠯ ᠤᠨ ᠳᠦᠭᠦᠮ ᠳᠦᠳᠠ᠂ ᠵᠠᠮ ᠨᠡᠪᠳᠡᠷᠡᠯᠭᠡ ᠰᠤᠷᠠᠭ ᠴᠢᠮᠡᠭᠡᠨ ᠤ ᠪᠢᠳᠡᠭᠦᠤ ᠪᠦᠭᠯᠡᠭᠦᠤ ᠵᠡᠷᠭᠡ ᠶᠢᠨ ᠭᠠᠳᠠᠷ ᠰᠢᠠᠵᠢ ᠳᠦᠷᠭᠦ ᠡᠴᠠ ᠳᠤᠳᠤᠭᠠᠳᠤ ᠦᠵᠡᠯ ᠰᠡᠳᠬᠢᠯᠭᠡ ᠶᠢ ᠨᠠᠷᠢᠨ ᠳᠤᠰᠬᠠᠬᠤ ᠳᠠᠭᠠᠨ ᠡᠩ ᠳᠡᠷᠢᠭᠦᠨ ᠳᠤ ᠪᠠᠢ᠌ᠭᠠᠯᠢ ᠶᠢᠨ ᠣᠷᠴᠢᠨ ᠢ ᠳᠤᠭᠢᠳᠠᠢ ᠳᠤᠰᠬᠠᠨ ᠵᠢᠷᠤᠭᠯᠠᠵᠠᠢ᠃ 《ᠬᠤᠯᠠᠳᠠᠭᠢ ᠦᠨᠳᠦᠷ ᠭᠢᠩᠭ᠋ᠠᠨ ᠤ ᠨᠢᠷᠤᠭᠤᠨ ᠳᠤᠩ ᠴᠠᠭᠠᠨ ᠪᠣᠯᠵᠤ᠂ ᠣᠷᠤᠢ ᠳᠡᠭᠡᠭᠦᠷ ᠴᠠᠭᠠᠨ ᠳᠤᠭᠤᠰᠤ ᠳᠠᠳᠠᠵᠤ᠂ ᠨᠠᠷᠠᠨ ᠤ ᠭᠡᠷᠡᠯ ᠳᠤᠷ ᠭᠢᠯᠪᠠᠮᠤᠢ᠂ ᠤᠢ᠌ᠷᠠᠳᠠᠭᠢ ᠨᠢᠳᠤ ᠠᠯᠳᠠᠮ᠎ᠠ ᠳᠠᠯ᠎ᠠ ᠳᠡᠭᠡᠷ᠎ᠡ ᠭᠦᠷ ᠴᠠᠰᠤᠨ ᠶᠡᠭᠡ ᠪᠦᠭᠡᠳ ᠬᠠᠶᠠ ᠬᠠᠶᠠ ᠣᠪᠣᠭᠠᠯᠠᠭᠰᠠᠨ ᠠᠷᠭᠠᠯ ᠲᠦᠯᠠᠰᠢ ᠪᠠ ᠪᠦᠯᠦᠭ᠌ ᠴᠥᠯᠦᠭ᠌ ᠮᠠᠯ ᠰᠦᠷᠦᠭ᠌ ᠤᠳ ᠥᠵᠡᠭ᠍ᠳᠡᠭᠡᠳ ᠢᠷᠤᠭᠠᠷ ᠭᠢᠵᠠᠭᠠᠷ ᠦᠭᠡᠶ ᠴᠡᠭᠡᠨ ᠭᠦᠭᠡ ᠣᠭᠳᠠᠷᠭᠤᠢ ᠵᠠᠷᠢᠮ ᠦᠶ᠎ᠡ ᠪᠦᠷᠭᠦᠭᠯᠡᠵᠤ ᠪᠠᠷᠣᠢ᠌ᠵᠤ᠂ ᠵᠠᠷᠢᠮ ᠦᠶ᠎ᠡ ᠴᠠᠯᠠᠮᠵᠤ ᠭᠡᠭᠡᠷᠡᠵᠤ ᠪᠠᠢ᠌ᠮᠤᠢ》   ᠭᠡᠮᠡᠨ ᠮᠤᠩᠭ᠋ᠤᠯ ᠣᠷᠤᠨ ᠤ ᠬᠤᠯᠠᠭᠢ ᠠᠭᠤᠯᠠ ᠤᠢ᠌ᠷᠠᠭᠢ ᠳᠠᠯ᠎ᠠ᠂ ᠦᠨᠳᠦᠷ ᠣᠭᠳᠠᠷᠭᠤᠢ ᠶᠢ ᠳᠦᠷᠰᠤᠯᠠᠨ ᠵᠤᠬᠢᠶᠠᠯ ᠤᠨ ᠶᠢᠡᠨ ᠣᠷᠴᠢᠨ ᠳᠤᠭᠤᠷᠢᠨ ᠢ ᠪᠣᠢ ᠪᠣᠯᠭᠠᠵᠠᠢ᠃ ᠡᠨᠡ ᠭᠦ ᠦᠪᠡᠷᠮᠢᠴᠠ ᠣᠠᠴᠠᠯᠢᠭ ᠪᠦᠭᠦᠢ ᠮᠤᠩᠭ᠋ᠤᠯ ᠣᠷᠤᠨ ᠤ ᠭᠦᠳᠡᠭᠡ ᠳᠠᠯ᠎ᠠ ᠶᠢᠨ ᠡᠩ ᠤᠨ ᠮᠠᠯᠴᠢᠳ ᠠᠷᠠᠤᠨ ᠤᠨ ᠠᠮᠢᠳᠤᠷᠠᠯ ᠨᠢ ᠬᠤᠳᠠ ᠳᠦᠭᠦᠷᠡᠩ ᠮᠠᠯ ᠲᠡᠶ ᠪᠢᠰᠢ᠂ ᠬᠠᠷᠢᠨ 《ᠪᠦᠯᠦᠭ᠌ ᠴᠥᠯᠦᠭ᠌ ᠮᠠᠯ ᠰᠦᠷᠦᠭ᠌》  ᠲ᠋ᠡᠢ ᠪᠠᠢ᠌ᠵᠤ᠂ ᠨᠢᠳᠤ ᠠᠯᠳᠠᠮ᠎ᠠ ᠳᠠᠯ᠎ᠠ ᠳᠤᠷ ᠭᠦᠷ ᠴᠠᠰᠤᠨ ᠤ ᠶᠡᠭᠡ》  ᠨᠢ ᠴᠠᠭᠠᠨ ᠵᠤᠳ ᠲᠡᠶ ᠭᠠᠮᠰᠢᠭ ᠵᠢᠯ ᠤᠨ ᠡᠯᠡᠢ ᠪᠠᠯᠠᠢ᠂ ᠵᠥᠳᠡᠭᠦᠤ ᠬᠤᠴᠤᠷᠤᠩᠭ᠋ᠤᠢ ᠪᠠᠢ᠌ᠳᠠᠯ ᠪᠠ ᠬᠤᠳᠤᠭᠤᠷ ᠶᠢᠡᠷ ᠳᠦᠭᠦᠷᠡᠩ ᠠᠷᠭᠠᠯ ᠲᠦᠯᠠᠰᠢ ᠲᠡᠶ ᠪᠢᠰᠢ᠂ ᠬᠠᠷᠢᠨ《  ᠬᠠᠶᠠ ᠬᠠᠶᠠ ᠣᠪᠣᠭᠠᠯᠠᠭᠰᠠᠨ ᠠᠷᠭᠠᠯ ᠲᠦᠯᠠᠰᠢ》  ᠬᠠᠷᠠᠭᠳᠠᠭᠠᠤᠨ ᠠᠳᠠᠯ ᠠᠮᠢᠳᠤᠷᠠᠯ ᠤᠨ ᠪᠠᠭᠤᠷᠠᠯᠳᠠ ᠶᠠᠳᠠᠭᠤᠷᠠᠯ ᠢ ᠳᠤᠰᠬᠠᠭᠰᠠᠨ  ᠳᠦᠷᠰᠤᠯᠠᠯ ᠨᠢ ᠭᠦᠮᠦᠰ ᠲᠤ ᠡᠷᠭᠡ ᠥᠭᠡᠢ《ᠵᠠᠷᠢᠮ ᠦᠶ᠎ᠡ ᠪᠦᠷᠭᠦᠭᠯᠡᠵᠤ᠂ ᠵᠠᠷᠢᠮ ᠦᠶ᠎ᠡ ᠭᠡᠭᠡᠷᠡᠵᠤ ᠪᠠᠢ᠌ᠭ᠎ᠠ》  ᠂ 《ᠢᠷᠤᠭᠠᠷ ᠭᠢᠵᠠᠭᠠᠷ ᠦᠭᠡᠶ ᠴᠡᠭᠡᠨ ᠣᠭᠳᠠᠷᠭᠤᠢ》  ᠰᠢᠭ ᠦᠵᠡᠯ ᠰᠡᠳᠭᠢᠯ ᠤᠨ ᠣᠢ᠌ᠯᠤᠯ ᠢ ᠡᠭᠦᠰᠭᠡᠨ ᠠᠷᠭ᠎ᠠ ᠪᠠᠷᠠᠭᠳᠠᠯ ᠲᠡᠶ᠂ ᠵᠤᠪᠠᠨᠢᠯ ᠣᠢ᠌ᠤᠠᠬᠠᠷ ᠲᠡᠶ ᠮᠤᠩᠭ᠋ᠤᠯ ᠣᠷᠴᠢᠨ ᠳᠤ ᠡᠷᠭᠡ ᠦᠭᠡᠶ ᠰᠠᠨᠠᠭᠠᠰᠢᠷᠠᠭᠤᠯᠤᠨ᠎ᠠ᠃ ᠬᠤᠴᠤᠷᠤᠩᠭ᠋ᠤᠢ ᠣᠷᠴᠢᠨ ᠳᠤ ᠣᠳᠠᠭᠠᠨ ᠪᠠᠢ᠌ᠵᠤ ᠬᠣᠢ᠌ᠷᠭᠤ ᠪᠣᠯᠤᠭᠰᠠᠨ ᠨᠡᠭᠦᠳᠡᠯᠴᠢᠨ ᠠᠷᠠᠤᠨ ᠤᠨ ᠣᠶᠤᠨ ᠣᠬᠠᠭᠠᠨ ᠤ ᠪᠠᠢ᠌ᠳᠠᠯ ᠢ 《ᠡᠨᠡ ᠬᠤᠭᠤᠷᠤᠠᠳᠤ ᠮᠠᠨ ᠤ ᠮᠤᠩᠭ᠋ᠤᠯᠴᠤᠳ ᠡᠳᠦᠢ ᠳᠠᠳᠤᠢ ᠣᠨ ᠵᠢᠯ ᠥᠩᠭᠡᠷᠡᠪᠠᠴᠤ ᠮᠦᠨ ᠬᠠᠭᠤᠴᠢᠨ ᠭᠡᠪ ᠶᠢᠡᠷ ᠠᠵᠢᠭ ᠦᠭᠡᠶ ᠬᠤᠨᠢ ᠥᠭᠡᠷ ᠶᠢᠡᠨ ᠠᠳᠤᠭᠤᠯᠤᠭᠰᠠᠭᠠᠷ ᠪᠦᠯᠦᠭᠡ ᠁   ᠰᠤᠷᠳᠠᠯ ᠭᠢᠴᠢᠶᠠᠯ ᠢᠨᠤ ᠪᠦᠳᠦᠭᠦᠯᠢᠭ᠌᠂ ᠪᠣᠳᠤᠯᠭ᠎ᠠ ᠰᠠᠨᠠᠯ ᠠᠨᠤ ᠮᠠᠯ ᠤᠨ ᠳᠠᠷᠭᠤ ᠦᠷᠠᠵᠢᠯ ᠳᠠᠳᠤᠢ》   ᠭᠡᠮᠡᠨ ᠳᠤᠰᠬᠠᠵᠤ᠂ ᠠᠮᠢᠳᠤᠷᠠᠯ ᠵᠠᠩᠰᠢᠯ ᠢ ᠨᠢ《ᠲ᠋ᠠᠪᠠᠯ ᠬᠤᠪᠴᠠᠰᠤ ᠊ᠭ᠍‍ᠬᠢᠷ ᠭᠦᠯᠦᠰᠤᠨ ᠳᠤ ᠡᠯᠡᠭ᠍ᠳᠡᠭ᠍ᠰᠡᠨ᠂ ᠵᠤᠨ ᠤ ᠴᠠᠭ ᠲᠤ ᠭᠢᠳᠠᠤᠨ ᠤᠨ ᠪᠦᠳᠦᠭᠦᠯᠢᠭ᠌ ᠪᠦᠰ ᠶᠢᠡᠷ ᠣᠶᠤᠭᠰᠠᠨ ᠦᠮᠦᠳᠦ ᠴᠠᠮᠴᠠ ᠡᠮᠦᠰᠴᠤ᠂ ᠢᠰᠡᠭᠡᠢ ᠮᠠᠯᠠᠭᠠᠢ ᠵᠡᠭᠦᠭᠦ ᠪᠣᠶᠤ ᠳᠤᠷᠭᠠᠨ ᠠᠯᠴᠢᠭᠤᠷ ᠶᠢᠡᠷ ᠣᠷᠢᠶᠠᠵᠤ᠂ ᠪᠣᠯᠢᠭᠠᠷᠢ ᠭᠤᠳᠤᠯ᠂ ᠣᠷᠤᠰ ᠭᠤᠳᠤᠯ ᠡᠮᠦᠰᠳᠡᠭ᠌᠃ ᠡᠪᠦᠯ ᠪᠦᠳᠦᠭᠦᠨ ᠨᠡᠭᠡᠢ ᠳᠠᠪᠠᠯ᠂ ᠠᠷᠠᠰᠤᠨ ᠳᠠᠪᠠᠯ᠂ ᠢᠰᠡᠭᠡᠢ ᠭᠤᠳᠤᠯ ᠡᠮᠦᠰᠳᠡᠭ᠌》   ᠭᠡᠵᠡᠢ᠃ ᠡᠳ᠋ᠯᠡᠭᠦ ᠪᠠᠭᠠᠵᠢ ᠭᠢᠯᠪᠠᠷ ᠬᠦᠩᠭᠡᠨ᠂ 《ᠠᠷᠤᠭ ᠰᠢᠩᠭᠡᠯᠢᠭ᠌᠂ ᠬᠠᠳᠤᠭᠠᠷ ᠰᠥᠭᠡ᠂ ᠳᠡᠷᠭᠡ ᠮᠤᠬᠤᠯᠠᠭ᠂ ᠳᠤᠮᠤ ᠮᠤᠳᠤᠨ ᠭᠦᠷᠵᠡ ᠵᠡᠷᠭᠡ ᠭᠡᠳᠦᠭᠡᠨ ᠵᠣᠢ᠌ᠯ᠂ ᠢᠳᠡᠭᠦ ᠬᠤᠭᠤᠯᠠ ᠠᠨᠤ ᠮᠠᠯ ᠤᠨ ᠮᠢᠬ᠎ᠠ᠂ ᠰᠦᠨ ᠳᠤᠰᠤᠨ᠂ ᠳᠠᠯᠬ᠎ᠠ ᠭᠤᠯᠢᠷ ᠭᠢᠭᠡᠳ ᠰᠢᠭᠢᠷ ᠪᠣᠷᠠᠮ᠂ ᠴᠠᠢ ᠳᠠᠮᠠᠭᠢ᠂ ᠴᠠᠭᠠᠨ ᠬᠠᠷ᠎ᠠ ᠳᠠᠷᠢᠶ᠎ᠠ ᠶᠢᠨ ᠵᠣᠢ᠌ᠯ》   ᠭᠡᠮᠡᠨ ᠨᠢᠳᠤᠨ ᠳᠤ ᠥᠵᠡᠭ᠍ᠳᠡᠵᠤ ᠭᠠᠷ ᠲᠤ ᠪᠠᠷᠢᠭᠳᠠᠮᠠᠷ ᠨᠠᠷᠢᠯᠢᠭ ᠳᠦᠷᠰᠤᠯᠠᠪᠠ᠃

    ᠮᠤᠩᠭ᠋ᠤᠯᠴᠤᠳ ᠤᠨ ᠪᠢᠳᠡᠭᠦᠯᠵᠢᠯᠡᠯᠳᠤ ᠬᠤᠴᠤᠷᠤᠩᠭ᠋ᠤᠢ ᠪᠠᠢ᠌ᠳᠠᠯ ᠢ ᠳᠤᠭᠠᠴᠠᠬᠤ ᠳ᠋ᠠᠭᠠᠨ《ᠭᠦᠳᠡᠭᠡᠨ ᠤ ᠮᠤᠩᠭ᠋ᠤᠯ ᠭᠦᠮᠤᠨ ᠵᠢᠷᠠ ᠳᠠᠯᠠᠭᠠᠤᠨ ᠭᠠᠵᠠᠷ ᠢ ᠬᠤᠯᠠ ᠭᠡᠮᠡᠮᠦᠢ ᠨᠢᠭᠡ ᠬᠤᠶᠠᠷ ᠵᠠᠭᠤ ᠡᠴᠠ ᠭᠡᠳᠦᠷᠡᠪᠠᠰᠤ ᠶᠡᠭᠡ ᠬᠤᠯᠠ ᠭᠡᠮᠡᠮᠦᠢ᠂ ᠡᠪᠦᠯ ᠬᠠᠪᠣᠷ ᠤᠨ ᠣᠰᠤ ᠴᠠᠰᠤᠨ ᠤ ᠪᠠᠷᠭᠡ ᠴᠠᠭ ᠲᠤᠷ ᠣᠭᠳᠤ ᠭᠠᠳᠠᠭᠰᠢ ᠶᠠᠪᠣᠬᠤ ᠦᠭᠡᠶ᠂ ᠫᠢᠭ᠌ ᠪᠢᠳᠡᠭᠦᠤ ᠰᠠᠭᠤᠵᠠᠭᠠᠮᠤᠢ᠃ ᠳᠡᠯᠡᠭᠡᠢ ᠳᠡᠭᠡᠷ᠎ᠡ ᠶᠠᠭᠤᠨ ᠪᠣᠯᠵᠤ ᠪᠠᠢ᠌ᠬᠤ ᠶᠢ ᠳᠠᠭ ᠮᠡᠳᠡᠭᠦ ᠦᠭᠡᠶ᠂ ᠰᠤᠨᠢᠨ ᠪᠢᠴᠢᠭ᠌ ᠭᠢᠭᠡᠳ ᠰᠤᠳᠤᠷ ᠳᠠᠪᠳᠠᠷ ᠴᠤ ᠣᠩᠰᠢᠬᠤ ᠦᠭᠡᠶ᠂ ᠭᠠᠭᠴᠠ ᠭᠦ ᠥᠭᠡᠳᠡ ᠰᠥᠭᠡᠷᠭᠦ ᠶᠠᠪᠣᠭᠰᠠᠨ ᠡᠨᠡ ᠳᠠᠷᠠ ᠭᠦᠮᠤᠨ ᠤ ᠭᠡᠯᠡᠭ᠍ᠰᠡᠨ ᠳᠤᠷ ᠢᠳᠡᠭᠡᠵᠤ᠂ ᠬᠤᠳᠠᠯ ᠦᠨᠡᠨ ᠳᠠᠮᠠᠢ ᠠᠰᠠᠭᠤᠬᠤ ᠥᠭᠡ ᠶᠢ ᠴᠢᠩᠨᠠᠨ ᠡᠳᠦᠷ ᠴᠠᠭ ᠢ ᠨᠥᠭ᠍ᠴᠢᠭᠡᠮᠦᠢ᠃ ᠶᠠᠷᠤ ᠳᠡᠯᠡᠭᠡᠢ ᠳᠡᠭᠡᠷᠡᠭᠢ ᠣᠯᠠᠨ ᠣᠯᠤᠰ ᠶᠠᠭᠤ ᠭᠦᠰᠡᠵᠤ᠂ ᠶᠠᠮᠪᠠᠷ ᠶᠠᠭᠤᠮ᠎ᠠ ᠶᠢ ᠰᠤᠨᠢᠷᠬᠠᠵᠤ ᠪᠠᠢ᠌ᠬᠤ ᠪᠠ ᠭᠡᠷᠭᠢᠨ ᠡᠳᠦᠭᠡ ᠴᠠᠭ ᠤᠨ ᠭᠡᠭᠡᠨ ᠪᠣᠯᠪᠠᠰᠤᠷᠠᠯ ᠳᠤᠷ ᠭᠦᠷᠦᠭ᠍ᠰᠡᠨ ᠳᠠᠪᠰᠢᠭᠰᠠᠨ ᠵᠡᠷᠭᠡ ᠶᠢ ᠣᠭᠳᠤ ᠰᠤᠨᠢᠷᠬᠠᠨ ᠭᠡᠷᠡᠭᠯᠡᠭᠦ ᠥᠭᠡᠢ》  ᠂ ᠭᠠᠭᠴᠠ ᠭᠦ 《ᠪᠣᠷᠬᠠᠨ ᠵᠠᠶᠠᠭᠠᠨ ᠬᠤᠶᠠᠷ ᠪᠢᠳᠠᠨ ᠢ ᠮᠠᠳᠠᠮᠤᠢ᠂ ᠡᠳᠡ ᠪᠦᠭᠦᠳᠡ ᠪᠢᠳᠠᠨ ᠳᠤᠷ ᠬᠠᠮᠢᠶ᠎ᠠ ᠦᠭᠡᠶ ᠭᠡᠮᠡᠵᠤ᠂ ᠰᠤᠨᠢᠷᠬᠠᠪᠠᠴᠤ ᠴᠢᠭᠢᠨ ᠤ ᠴᠢᠮᠡᠭ᠌᠂ ᠠᠮᠠ ᠶᠢᠨ ᠵᠤᠭ᠎ᠠ ᠳᠡᠳᠥᠢᠭᠡᠨ ᠪᠣᠯᠭᠠᠮᠤᠢ》   ᠭᠡᠵᠤ ᠮᠠᠯᠴᠢᠨ ᠠᠷᠠᠤᠨ ᠤᠨ ᠡᠳ᠋ᠯᠡᠯ ᠭᠡᠷᠡᠭ᠍ᠰᠡᠯ᠂ ᠢᠳᠠᠵᠤ ᠣᠤᠭᠤᠬᠤ ᠵᠣᠢ᠌ᠯ᠂ ᠠᠶᠠᠨ ᠬᠤᠳᠠ ᠶᠠᠪᠣᠬᠤ ᠠᠮᠢᠳᠤᠷᠠᠯ ᠵᠠᠩᠰᠢᠯ ᠢ ᠦᠨᠡᠨ ᠪᠣᠳᠠᠳᠠᠢ ᠳᠦᠷᠰᠤᠯᠠᠨ ᠳᠤᠭᠠᠴᠢᠵᠠᠢ᠃ ᠡᠴᠦᠰ ᠲᠤ ᠳᠤᠬᠠᠢ ᠶᠢᠨ ᠦᠶ᠎ᠡ ᠶᠢᠨ ᠳᠡᠯᠡᠭᠡᠢ ᠭᠢᠭᠡᠳ ᠮᠤᠩᠭ᠋ᠤᠯ ᠣᠷᠤᠨ ᠤ ᠪᠠᠢ᠌ᠳᠠᠯ ᠢ ᠬᠠᠷᠢᠴᠠᠭᠤᠯᠤᠨ ᠳᠡᠯᠭᠡᠵᠤ᠂ 《ᠲ᠋ᠦᠯᠢ ᠶᠢ ᠰᠢᠷᠳᠠᠪᠠᠰᠤ ᠨᠢᠭᠤᠷ ᠬᠠᠷᠠᠭᠳᠠᠮᠤᠢ᠂ ᠨᠢᠭᠤᠷ ᠲᠤ ᠊ᠭ᠍ᠭᠢᠷ ᠳᠤᠭᠤᠰᠤᠨ ᠰᠠᠭᠤᠭᠰᠠᠨ ᠪᠠᠢ᠌ᠪᠠᠰᠤ᠃ ᠣᠭᠢᠶᠠᠠᠪᠠᠰᠤ ᠠᠷᠢᠯᠤᠮᠤᠢ》   ᠭᠡᠮᠡᠨ ᠳᠦᠷᠰᠦᠯᠢᠭ᠌ ᠮᠦᠷᠳᠡᠭᠡᠨ ᠭᠦᠨ ᠣᠬᠠᠭᠠᠯᠢᠭ ᠵᠤᠬᠢᠶᠠᠯ ᠶᠢᠡᠨ ᠳᠡᠭᠦᠰᠭᠡᠵᠤ᠂ ᠭᠤᠤᠯ ᠦᠵᠡᠯ ᠰᠠᠨᠠᠭ᠎ᠠ ᠪᠠᠨ ᠢᠯᠡᠳᠭᠡᠭ᠍ᠰᠡᠨ ᠪᠠᠢ᠌ᠨ᠎ᠠ᠃ ᠭᠡᠭᠦ ᠳᠤ ᠵᠤᠬᠢᠶᠠᠭᠴᠢ ᠶᠢᠨ ᠮᠤᠩᠭ᠋ᠤᠯ ᠨᠡᠭᠦᠳᠡᠯᠴᠢᠳ ᠤᠨ ᠠᠮᠢᠳᠤᠷᠠᠯ ᠤᠨ ᠬᠤᠴᠤᠷᠤᠩᠭ᠋ᠤᠢ ᠶᠢ ᠰᠢᠭᠦᠮᠵᠢᠯᠡᠭᠦ ᠳᠤ ᠭᠢᠵᠠᠭᠠᠷᠯᠠᠭᠳᠠᠭᠰᠠᠨ ᠦᠭᠡᠶ᠂ ᠬᠠᠷᠢᠨ ᠣᠳᠤᠮᠰᠢᠯᠳᠤ ᠦᠵᠡᠯ ᠰᠠᠨᠠᠭ᠎ᠠ ᠳᠤ ᠭᠦᠨ ᠥᠡᠳᠦᠰᠦᠯᠡᠭ᠍ᠰᠡᠨ ᠡᠪᠡᠳᠴᠢᠨ ᠡᠮᠭᠡᠭ᠌ ᠢ ᠠᠭᠤᠳᠠᠯᠤᠨ ᠮᠠᠯᠳᠠᠵᠤ᠂ ᠬᠤᠴᠤᠷᠤᠩᠭ᠋ᠤᠢ ᠪᠠᠯᠠᠢ ᠪᠠᠢ᠌ᠳᠠᠯ ᠢ ᠬᠠᠢ᠌ᠷ᠎ᠠ ᠨᠠᠢ᠌ᠷ ᠦᠭᠡᠶ ᠢᠯᠠᠴᠢᠯᠠᠨ ᠳᠤᠰᠬᠠᠵᠤ ᠪᠠᠢ᠌ᠭ᠎ᠠ ᠨᠢ ᠦᠨᠳᠦᠰᠦᠳᠠᠨ ᠶᠢᠡᠨ ᠭᠤᠯᠤᠵᠤ ᠭᠤᠳᠤᠭᠰᠠᠨ ᠪᠣᠶᠤ ᠭᠤᠷᠢ ᠳᠠᠰᠤᠷᠠᠭᠰᠠᠨ ᠡᠭᠦᠳᠡᠨ ᠡᠴᠠ ᠪᠢᠰᠢ᠂ ᠬᠠᠷᠢᠨ ᠦᠪᠡᠷ ᠤᠨ ᠶᠢᠡᠨ ᠨᠢᠭᠤᠷ ᠳᠡᠭᠡᠷᠡᠭᠢ ᠊ᠭ᠍‍ᠬᠢᠷ ᠳᠤᠭᠤᠰᠤ ᠪᠠᠨ ᠣᠭᠢᠶᠠᠵᠤ ᠠᠷᠢᠯᠭᠠᠪᠠᠯ ᠦᠨᠳᠦᠰᠦᠳᠠᠨ ᠤ ᠮᠠᠭᠤ ᠮᠠᠭᠤᠬᠠᠢ ᠵᠠᠩᠰᠢᠯ ᠶᠢᠡᠨ ᠳᠠᠶᠠᠭᠳᠠᠪᠠᠯ ᠰᠡᠶ‍ᠢ《  ᠲ᠋ᠡᠯᠡᠭᠡᠢ ᠣᠷᠴᠢᠯᠠᠩ ᠯᠤᠭ᠎ᠠ ᠬᠠᠮᠳᠤ ᠭᠡᠵᠢᠶᠡᠳᠡ ᠳᠡᠭᠡᠭ᠍ᠰᠢᠯᠡᠨ ᠠᠮᠢᠳᠤᠷᠠᠵᠤ》  ᠲ᠋ᠠᠷᠠ ᠭᠦ 《ᠳᠤᠷᠪᠢᠳᠠᠢ ᠰᠠᠢ᠌ᠬᠠᠨ ᠪᠦᠭᠡᠳ ᠡᠯᠳᠡᠪ ᠥᠩᠭᠡ ᠶᠢᠨ ᠪᠣᠶᠠᠨ ᠵᠢᠷᠭᠠᠯ》᠊ᠢ ᠡᠳ᠋ᠯᠡᠵᠤ ᠴᠢᠳᠠᠨ᠎ᠠ ᠭᠡᠭᠦ ᠰᠡᠩᠭᠡᠷᠡᠭᠦᠯᠦᠯ ᠤᠨ ᠰᠠᠨᠠᠭ᠎ᠠ ᠪᠠᠨ ᠢᠯᠡᠳᠭᠡᠨ᠂ 《ᠵᠤᠷᠢᠭᠳᠤ ᠮᠤᠩᠭ᠋ᠤᠯᠴᠤᠳ ᠨᠢᠳᠤᠨ ᠶᠢᠡᠨ ᠨᠡᠭᠡᠭᠡᠨ ᠠᠩᠬᠠᠷᠤᠭᠳᠤᠨ》  ᠭᠡᠮᠡᠨ ᠭᠦᠴᠦᠳᠡᠢ ᠣᠷᠢᠶᠠᠯᠠᠭᠰᠠᠨ ᠨᠢ ᠵᠤᠬᠢᠶᠠᠯ ᠤᠨ ᠦᠨ᠎ᠡ ᠦᠷᠳᠡᠭ᠌ ᠢ ᠨᠡᠮᠡᠭ᠍ᠳᠡᠭᠦᠯᠵᠡᠢ᠃

    ᠵᠤᠭᠢᠶᠠᠯ ᠳᠤ ᠰᠠᠳᠭᠢᠴᠠ ᠶᠢᠨ ᠶᠠᠪᠣᠴᠠ ᠳᠤᠳᠤᠷᠬᠠᠢ᠂ ᠥᠭᠡ ᠣᠷᠠᠯᠢᠭ ᠪᠦᠭᠡᠳ ᠦᠨᠡᠨ ᠪᠠᠢ᠌ᠳᠠᠯ ᠢ ᠳᠤᠭᠠᠴᠠᠨ ᠳᠡᠮᠳᠡᠭᠯᠡᠭᠦ ᠳᠡᠭᠡᠨ ᠴᠢᠳᠠᠮᠭᠠᠢ ᠵᠡᠷᠭᠡ ᠣᠷᠠᠯᠢᠭ ᠢᠯᠡᠭᠡᠨ ᠬᠠᠷᠠᠭᠳᠠᠨ᠎ᠠ᠃

    ᠬᠠᠳᠠ᠂ ᠲᠦᠯᠦᠭᠡᠯᠡᠭᠦ ᠵᠤᠬᠢᠶᠠᠯ 《ᠣᠢ ᠶᠢᠨ ᠳᠤᠳᠤᠷᠠᠭᠢ ᠨᠢᠭᠡᠨ ᠰᠢᠪᠠᠭᠤᠨ ᠤ ᠠᠮᠢᠳᠤᠷᠠᠯ》  ᠳ᠋ᠠᠭᠠᠨ ᠶᠤᠭᠳᠠᠯᠠᠯ ᠢ ᠭᠡᠷᠡᠭᠯᠡᠵᠤ᠂ ᠰᠢᠪᠠᠭᠤ ᠶᠢ ᠭᠦᠮᠦᠡᠴᠢᠯᠡᠨ᠂ ᠰᠢᠪᠠᠭᠤᠨ ᠤ ᠠᠮᠢᠳᠤᠷᠠᠯ ᠶᠢᠡᠷ ᠳᠠᠮᠵᠢᠭᠤᠯᠤᠨ ᠭᠦᠮᠤᠨ ᠤ ᠠᠮᠢᠳᠤᠷᠠᠯ ᠢ ᠪᠢᠴᠢᠵᠤ᠂ ᠺᠤᠯᠤᠨᠢ ᠬᠠᠭᠠᠰ ᠺᠤᠯᠤᠨᠢ ᠨᠡᠢ᠌ᠭᠡᠮ ᠳ᠋ᠠᠭᠢ ᠮᠤᠩᠭ᠋ᠤᠯ ᠣᠷᠤᠨ ᠤ ᠰᠦᠷᠳᠡᠭᠦᠯᠦᠯ ᠪᠦᠷᠭᠦᠭ᠍ᠰᠡᠨ ᠬᠠᠷᠭᠢᠰ ᠬᠠᠷᠠᠩᠭ᠋ᠤᠢ ᠠᠶᠤᠯ ᠳᠦᠭ᠍ᠰᠢᠭᠦᠷᠢ ᠶᠢᠨ ᠠᠬᠤᠢ ᠶᠢ ᠠᠭᠰᠢᠭᠠᠨ ᠳᠤᠰᠬᠠᠵᠤ᠂ ᠴᠠᠭ ᠠᠭᠱᠠᠨ᠎ᠠ ᠭᠦᠴᠦᠳᠡᠢ ᠨᠢ ᠪᠠᠭᠤᠷᠢ ᠪᠠᠨ ᠢᠳᠡᠭᠦ ᠭᠡᠵᠤ ᠪᠠᠢ᠌ᠬᠤ《ᠡᠯᠢᠭᠡᠨ ᠥᠭᠡᠢ》   ᠬᠠᠷᠢᠴᠠᠭ᠎ᠠ ᠶᠢ ᠰᠠᠨᠠᠭ᠎ᠠ ᠳᠠᠯᠳᠠ ᠪᠠᠭᠳᠠᠭᠠᠮᠵᠢ ᠲᠡᠶ ᠦᠷᠭᠡᠨ ᠢᠯᠡᠳᠭᠡᠵᠤ᠂ ᠮᠤᠩᠭ᠋ᠤᠯᠴᠤᠳ ᠤᠨ ᠳᠡᠦᠭᠡ ᠠᠮᠢᠳᠤᠷᠠᠯ ᠤᠨ ᠣᠯᠵᠤ ᠠᠯᠳᠠᠬᠤ ᠭᠤᠨᠢᠭ ᠢ ᠳᠤᠰᠬᠠᠨ᠂ ᠮᠤᠩᠭ᠋ᠤᠯ ᠣᠷᠤᠨ ᠤ ᠨᠡᠢ᠌ᠭᠡᠮ ᠤᠨ ᠪᠠᠢ᠌ᠳᠠᠯ ᠳᠤ ᠬᠤᠷᠴᠠ ᠭᠦᠡᠵᠡᠭᠡᠢ ᠪᠦᠭᠡᠳ ᠣᠢ᠌ᠯᠠᠭᠠᠮᠵᠢᠳᠠᠢ ᠵᠠᠳᠠᠯᠤᠯᠳᠠ ᠭᠢᠭ᠍ᠰᠡᠨ ᠪᠠᠢ᠌ᠨ᠎ᠠ᠃

    ᠶᠠᠭᠤᠨ ᠤ ᠡᠮᠤᠨ᠎ᠡ ᠵᠤᠬᠢᠶᠠᠭᠴᠢ ᠶᠢ ᠴᠢᠩᠭ᠎ᠠ ᠪᠠᠢ᠌ᠷᠢᠯᠠᠭᠤᠯᠵᠤ᠂ ᠰᠢᠪᠠᠭᠤᠨ ᠤ ᠠᠮᠢᠳᠤᠷᠠᠯ ᠳ᠋ᠠᠭᠢ ᠭᠤᠷᠪᠠᠨ ᠴᠢᠬᠤᠯᠠ ᠴᠠᠭ ᠦᠶ᠎ᠡ ᠶᠢᠨ ᠬᠤᠪᠢᠷᠠᠯ᠂ ᠠᠮᠢᠳᠤᠷᠠᠯ ᠤᠨ ᠶᠠᠪᠣᠴᠠ ᠪᠠᠷ ᠵᠤᠬᠢᠶᠠᠮᠵᠢᠯᠠᠨ ᠪᠢᠴᠢᠵᠠᠢ᠃ ᠰᠢᠪᠠᠭᠤᠨ ᠤ ᠦᠷᠯᠦᠭᠡ ᠶᠢᠨ ᠠᠮᠢᠳᠤᠷᠠᠯ ᠢ ᠳᠦᠷᠰᠦᠯᠡᠭᠦ ᠳᠡᠭᠡᠨ᠄ 《ᠦᠷᠯᠦᠭᠡ ᠶᠢᠨ ᠨᠠᠷᠠᠨ ᠣᠭᠳᠠᠷᠭᠤᠢ ᠳᠤᠷ ᠮᠠᠠᠳᠤᠭᠠᠤᠨ ᠡᠭᠦᠯᠡ ᠦᠭᠡᠶ ᠰᠠᠯᠭᠢᠨ ᠲᠦᠯᠭᠡᠨ ᠳᠤᠷ ᠥᠩᠭᠡ ᠪᠦᠷᠢ ᠶᠢᠨ ᠴᠡᠴᠡᠭ᠌ ᠨᠠᠪᠴᠢᠰ ᠤᠳ ᠲᠦᠮᠡᠨ ᠳᠠᠪᠬᠤᠷ ᠳᠡᠯᠭᠡᠷᠡᠨ ᠪᠣᠳᠠᠷᠠᠯᠳᠤᠵᠤ᠂ ᠵᠣᠢ᠌ᠯ ᠪᠦᠷᠢ ᠶᠢᠨ ᠡᠪᠠᠰᠤ ᠮᠤᠳᠤᠨ ᠳᠤᠷ ᠳᠤᠭᠳᠠᠭᠰᠠᠨ ᠰᠢᠭᠦᠳᠡᠷᠢ ᠶᠢᠨ ᠣᠰᠤᠨ ᠮᠢᠩᠭ᠋ᠠᠨ ᠳᠠᠪᠬᠤᠷ ᠰᠤᠪᠣᠤᠨ ᠶᠢᠡᠷ ᠴᠢᠮᠡᠭ᠍ᠰᠡᠨ ᠮᠠᠳᠤ ᠭᠡᠷᠡᠯᠳᠤᠨ ᠭᠢᠯᠪᠢᠭᠡᠨᠡᠭᠦ ᠶᠢᠨ ᠦᠶᠡᠰ᠂ ᠪᠢ ᠡᠷᠪᠠᠭᠡᠢ ᠬᠤᠷᠤᠬᠠᠢ ᠶᠢ ᠪᠠᠷᠢᠵᠤ ᠢᠳᠡᠭᠦ ᠪᠠᠷ ᠳᠡᠭᠦᠨ ᠤ ᠳᠡᠭᠡᠭᠦᠷ ᠬᠠᠯᠢᠨ ᠨᠢᠰᠤᠮᠤᠢ》   ᠭᠡᠵᠡᠢ᠃ ᠡᠭᠦᠨ ᠳᠤ ᠨᠠᠷᠠᠨ ᠮᠠᠠᠳᠤᠭᠰᠠᠨ᠂ ᠴᠡᠴᠡᠭ᠌ ᠳᠡᠯᠭᠡᠷᠡᠭ᠍ᠰᠡᠨ᠂ ᠰᠢᠭᠦᠳᠡᠷᠢ ᠭᠢᠯᠪᠢᠭᠡᠨᠡᠭ᠍ᠰᠡᠨ ᠪᠠᠢ᠌ᠭᠠᠯᠢ ᠶᠢᠨ ᠣᠷᠴᠢᠨ ᠢ ᠠᠶᠠᠳᠠᠢ ᠰᠠᠢ᠌ᠬᠠᠨ ᠳᠦᠷᠰᠤᠯᠠᠨ᠂ ᠰᠢᠪᠠᠭᠤᠨ ᠤ ᠠᠮᠢᠳᠤᠷᠠᠯ ᠤᠨ ᠳᠠᠢ᠌ᠪᠣᠩ ᠴᠢᠯᠦᠭᠡᠳᠤ ᠪᠠᠢ᠌ᠳᠠᠯ ᠢ ᠳᠤᠰᠬᠠᠵᠠᠢ᠃ ᠰᠢᠪᠠᠭᠤᠨ ᠤ ᠡᠷᠳᠡ ᠶᠢᠨ ᠠᠮᠢᠳᠤᠷᠠᠯ ᠤᠨ ᠳᠦᠷᠰᠤᠯᠠᠯ ᠨᠢ ᠮᠤᠩᠭ᠋ᠤᠯᠴᠤᠳ ᠤᠨ ᠦᠪᠡᠷ ᠤᠨ ᠳᠦᠷᠤ ᠳᠡᠦᠭᠡ ᠳᠡᠭᠡᠨ ᠡᠵᠡᠨ ᠰᠠᠭᠤᠵᠤ ᠪᠠᠢ᠌ᠬᠤ ᠦᠶ᠎ᠡ ᠶᠢᠨ ᠠᠮᠢᠳᠤᠷᠠᠯ ᠤᠨ ᠴᠢᠯᠦᠭᠡᠳᠤ ᠪᠠᠢ᠌ᠳᠠᠯ ᠢ ᠬᠠᠷᠠᠭᠤᠯᠤᠭᠰᠠᠨ ᠭᠡᠵᠤ ᠪᠣᠯᠤᠨ᠎ᠠ᠃

    ᠰᠢᠪᠭᠤᠨ ᠤ ᠦᠳᠡᠰᠢ ᠶᠢᠨ ᠠᠮᠢᠳᠤᠷᠠᠯ ᠢ ᠳᠦᠷᠰᠦᠯᠡᠭᠦ ᠳᠡᠭᠡᠨ᠄ 《ᠦᠳᠡᠰᠢ ᠶᠢᠨ ᠪᠦᠷᠦᠩᠭᠦᠢ ᠭᠦᠷᠴᠤ ᠢᠷᠡᠭᠡᠳ ᠣᠢ ᠬᠠᠷ᠎ᠠ ᠵᠤᠵᠠᠭᠠᠨ ᠭᠦᠪᠴᠢ ᠳᠤᠷ ᠣᠭ ᠡᠴᠠ ᠭᠦᠮᠤᠨ ᠨᠤᠬᠠᠢ ᠶᠢᠨ ᠳᠠᠭᠤᠨ ᠣᠭᠳᠤ ᠦᠭᠡᠶ᠂ ᠠᠷᠢᠶᠠᠳᠠᠨ ᠭᠦᠷᠦᠭᠡᠰᠤᠨ ᠭᠦᠷᠭᠢᠷᠡᠨ ᠳᠠᠭᠤᠷᠢᠰᠤᠯᠳᠤᠨ ᠨᠠᠭᠠᠳᠤᠮ ᠳᠤᠭᠯᠠᠭᠠᠮ ᠭᠢᠵᠤ ᠳᠡᠪᠭᠡᠴᠡᠯᠳᠦᠭᠡᠳ ᠰᠢᠪᠠᠭᠤᠨ ᠪᠣᠯᠵᠤᠮᠤᠷ ᠤᠳ ᠳᠤᠰ ᠳᠤᠰ ᠶᠢᠡᠨ ᠮᠤᠳᠤᠨ ᠤ ᠥᠵᠦᠭᠦᠷ ᠵᠢᠷᠭᠢᠯᠳᠤᠵᠤ ᠰᠠᠭᠤᠬᠤ ᠣᠷᠤᠨ ᠶᠢᠡᠨ ᠡᠷᠢᠯᠳᠦᠭᠦ ᠦᠶᠡᠰ᠂ ᠪᠢ ᠡᠯᠢᠶ᠎ᠡ ᠪᠦᠷᠭᠦᠤᠨ ᠲᠤᠷ ᠰᠢᠭᠦᠷᠡᠭ᠍ᠳᠡᠨ  ᠪᠠᠷᠢᠭᠳᠠᠬᠤ ᠡᠴᠠ ᠠᠶᠤᠵᠤ᠂ ᠨᠠᠢ᠌ᠯᠵᠠᠭᠤᠷ ᠮᠤᠳᠤᠨ ᠤ ᠥᠵᠦᠭᠦᠷ ᠡᠴᠠ ᠨᠢᠭᠡ ᠨᠠᠪᠴᠢᠨ ᠤ ᠳᠤᠤᠷ᠎ᠠ ᠪᠠᠶ᠎ᠠ ᠪᠠᠨ ᠳᠠᠯᠳᠠᠯᠠᠨ ᠨᠢᠭᠤᠮᠤᠢ》   ᠭᠡᠵᠡᠢ᠃ ᠡᠭᠦᠨ ᠳᠤ ᠦᠳᠡᠰᠢ ᠶᠢᠨ ᠪᠦᠷᠦᠩᠭᠦᠢ ᠳᠤ᠂ ᠭᠦᠮᠤᠨ᠂ ᠨᠤᠬᠠᠢ᠂ ᠠᠷᠢᠶᠠᠳᠠᠨ᠂ ᠭᠦᠷᠦᠭᠡᠰᠤᠨ᠂ ᠰᠢᠪᠠᠭᠤ ᠪᠣᠯᠤᠵᠤᠮᠤᠷ ᠤᠳ ᠰᠠᠭᠤᠬᠤ ᠣᠷᠤᠨ ᠶᠢᠡᠨ ᠡᠷᠢᠯᠳᠦᠭᠦᠶ᠎ᠡ᠂ ᠨᠢᠭᠡᠨ ᠡᠯᠢᠶ᠎ᠡ ᠪᠦᠷᠭᠦᠤᠨ ᠡᠴᠠ ᠠᠶᠤᠵᠤ ᠨᠠᠪᠴᠢᠨ ᠳᠤᠤᠷ᠎ᠠ ᠪᠠᠶ᠎ᠠ ᠳᠠᠯᠳᠠᠯᠠᠳᠠᠭ ᠪᠠᠢ᠌ᠪᠠ᠃ ᠡᠨᠡ ᠨᠢ ᠣᠷᠤᠰᠢᠯ ᠳᠤᠭᠳᠠᠨᠢᠯ ᠤᠨ ᠣᠷᠤᠨ ᠵᠠᠢ ᠳᠤ ᠣᠠᠳᠤᠤ ᠣᠯᠠᠨ ᠭᠦᠴᠦᠳᠡᠨ᠂ ᠭᠦᠴᠦᠷᠭᠡᠭᠯᠡᠨ ᠡᠵᠡᠯᠡᠭᠦ ᠦᠶ᠎ᠡ ᠳᠤ ᠮᠤᠩᠭ᠋ᠤᠯᠴᠤᠳ ᠵᠥᠪᠭᠡᠨ ᠮᠤᠳᠤᠨ ᠤ ᠥᠵᠦᠭᠦᠷ ᠤᠨ ᠨᠢᠭᠡᠨ ᠨᠠᠪᠴᠢᠨ ᠤ ᠲᠠᠳᠤᠢ ᠣᠷᠤᠨ ᠵᠠᠢ ᠲᠡᠶ ᠬᠤᠴᠤᠷᠤᠭᠰᠠᠨ ᠪᠠ ᠳᠠᠷᠠᠴᠢᠯᠠᠨ《ᠪᠢ》 ᠵᠢᠨ ᠠᠮᠢᠳᠤᠷᠠᠯ ᠤᠨ ᠬᠠᠪᠴᠢᠭᠳᠠᠯ ᠢ ᠬᠠᠷᠠᠭᠤᠯᠵᠢ᠃

    ᠪᠠᠯᠠᠷ ᠬᠠᠷᠠᠩᠭ᠋ᠤᠢ ᠳ᠋ᠠᠭᠢ ᠰᠢᠪᠠᠭᠤᠨ ᠤ ᠠᠮᠢᠳᠤᠠᠯ ᠢ ᠳᠦᠷᠰᠦᠯᠡᠭᠦ ᠳᠡᠭᠡᠨ 《ᠣᠭᠳᠠᠷᠭᠤᠢ ᠳᠤ ᠵᠢᠭᠰᠠᠭᠠᠭᠰᠠᠨ ᠣᠳᠤᠳ ᠤᠨ ᠴᠢᠭᠤᠯᠭᠠᠨ ᠠᠷᠢᠯᠤᠭᠠᠤᠨ᠂ ᠬᠠᠷᠠᠩᠭ᠋ᠤᠢ ᠡᠭᠦᠯᠡ ᠪᠦᠷᠭᠦᠵᠤ᠂ ᠴᠡᠩᠭᠡᠷ ᠴᠠᠭᠢᠯᠭᠠᠨ ᠵᠢᠷᠤᠪᠭᠢᠨ᠂ ᠠᠶᠤᠩᠭ᠋᠎ᠠ ᠶᠢᠨ ᠳᠠᠭᠤᠨ ᠳᠠᠴᠢᠭᠢᠨᠠᠵᠤ᠂ ᠬᠤᠷᠳᠤᠨ ᠪᠣᠷᠤᠭᠠᠨ ᠣᠷᠤᠭᠠᠤᠨ᠂ ᠬᠠᠷ᠎ᠠ ᠰᠠᠯᠭᠢᠨ ᠭᠢᠮᠤᠷᠠᠬᠤ ᠴᠢᠮᠡᠭᠡ ᠳᠠᠭᠤᠨ ᠣᠯᠠᠳᠠᠨ᠂ ᠮᠤᠳᠤᠨ ᠤ ᠮᠦᠴᠢᠷ ᠭᠡᠰᠢᠭᠦᠤᠨ ᠤᠨ ᠳᠠᠢ᠌ᠨ ᠳᠠᠢ᠌ᠪᠠᠯᠵᠠᠨ᠂ ᠨᠠᠪᠴᠢᠰ ᠠᠨᠤ ᠡ᠊ᠨᠳᠡ ᠳᠠᠠᠳᠠ ᠰᠢᠷᠭᠤᠯᠠᠨ ᠳᠤᠯᠭᠢᠰᠬᠤ ᠦᠶᠡᠰ᠂ ᠪᠢ ᠦᠪᠡᠷ ᠤᠨ ᠪᠠᠶ᠎ᠠ ᠪᠠᠨ ᠮᠠᠰᠢ ᠪᠠᠯᠠᠷ ᠬᠠᠷᠠᠩᠭ᠋ᠤᠢ ᠳᠤᠷ ᠦᠵᠡᠨ ᠦᠯᠦ ᠣᠯᠵᠤ᠂ ᠰᠠᠭᠤᠭᠰᠠᠨ ᠮᠤᠳᠤᠨ ᠤ ᠭᠡᠰᠢᠭᠦᠨ ᠳᠡᠳᠥᠢᠭᠡᠨ ᠵᠢᠦᠡᠭᠦᠨ ᠠᠳᠬᠤᠵᠤ ᠪᠠᠢ᠌ᠮᠤᠢ᠃ ᠡᠨᠡ ᠦᠶᠡᠰ ᠨᠠᠳᠤᠷ ᠣᠷᠴᠢᠯᠠᠩ ᠪᠦᠭᠦᠨ ᠡᠯᠢᠭᠡᠨ ᠦᠭᠡᠶ ᠮᠠᠳᠤ ᠰᠠᠨᠠᠭᠳᠠᠮᠤᠢ》   ᠭᠡᠵᠡᠢ᠃ ᠡᠭᠦᠨ ᠳᠤ ᠬᠠᠷᠠᠩᠭ᠋ᠤᠢ ᠡᠭᠦᠯᠡ᠂ ᠴᠠᠭᠢᠯᠭᠠᠨ ᠠᠶᠤᠩᠭ᠎ᠠ᠂ ᠪᠣᠷᠤᠭᠠᠨ ᠰᠠᠯᠭᠢᠨ ᠵᠡᠷᠭᠡ ᠪᠠᠢ᠌ᠭᠠᠯᠢ ᠶᠢᠨ ᠬᠤᠪᠢᠷᠠᠯᠳᠠ ᠪᠠᠷ ᠪᠠᠯᠭᠡᠳᠡᠨ《ᠪᠢ》  ᠵᠢᠨ ᠠᠮᠢᠳᠤᠷᠠᠯ ᠤᠨ ᠨᠠᠩ ᠭᠡᠴᠡᠭᠦᠳᠡᠯ ᠪᠠ《ᠣᠷᠴᠢᠯᠠᠩ ᠪᠦᠭᠦᠨ ᠡᠯᠢᠭᠡᠨ ᠦᠭᠡᠶ ᠮᠠᠳᠤ ᠰᠠᠨᠠᠭᠳᠠᠮᠤᠢ》   ᠭᠡᠬᠦ ᠰᠠᠨᠠᠭ᠎ᠠ ᠪᠠᠨ ᠭᠠᠷᠭᠠᠪᠠ᠃ ᠵᠤᠬᠢᠶᠠᠭᠴᠢ᠂ ᠢᠩᠭᠢᠵᠤ ᠰᠢᠪᠠᠭᠤᠨ ᠤ ᠠᠮᠢᠳᠤᠷᠠᠯ ᠤᠨ ᠭᠤᠷᠪᠠᠨ ᠴᠠᠭ ᠦᠶ᠎ᠡ ᠶᠢ ᠦᠵᠡᠯ ᠰᠠᠨᠠᠭ᠎ᠠ ᠲᠡᠶ ᠪᠠᠨ ᠴᠢᠩᠭ᠎ᠠ ᠠᠪᠴᠠᠯᠳᠤᠭᠤᠯᠵᠤ ᠴᠢᠳᠠᠭᠰᠠᠨ ᠪᠦᠭᠡᠳ ᠦᠷᠯᠦᠭᠡ ᠶᠢᠨ ᠭᠡᠷᠡᠯᠳᠤᠨ ᠭᠢᠯᠪᠢᠭᠡᠨᠡᠭᠦ ᠦᠶ᠎ᠡ ᠨᠢ ᠦᠳᠡᠰᠢ ᠶᠢᠨ ᠪᠦᠷᠦᠩᠭᠦᠢ ᠪᠣᠯᠤᠨ ᠰᠦᠨᠢ ᠶᠢᠨ ᠬᠠᠷᠠᠩᠭ᠋ᠤᠢ ᠳᠠᠭᠠᠨ ᠬᠠᠷᠢᠴᠠᠭᠤᠯᠤᠯ ᠪᠣᠯᠵᠤ᠂ ᠰᠢᠪᠠᠭᠤᠨ ᠤ ᠠᠮᠢᠳᠤᠷᠠᠯ ᠤᠨ ᠠᠶᠤᠯ ᠳᠦᠭ᠍ᠰᠢᠭᠦᠷᠢ ᠶᠢ ᠳᠤᠪᠣᠢ᠌ᠯᠭᠠᠵᠤ᠂ ᠰᠡᠳᠭᠢᠯ ᠤᠨ ᠥᠩᠭᠡ ᠪᠣᠯᠤᠨ ᠰᠠᠨᠠᠭᠠᠨ ᠤ ᠡᠷᠴᠢᠮ ᠶᠢᠡᠨ ᠢᠳᠡᠭ᠌ ᠢᠳᠡᠭ᠌ ᠶᠢᠡᠷ ᠴᠢᠩᠭ᠋ᠠᠯᠠᠭᠰᠠᠨ ᠪᠠ ᠠᠭᠤᠯᠭ᠎ᠠ ᠶᠢᠨ ᠭᠦᠡᠵᠡᠭᠡᠢ᠌ᠷᠡᠯ ᠦᠷᠭᠡᠵᠢᠯ ᠢ ᠨᠡᠪᠴᠢᠭᠡᠭ᠍ᠰᠡᠨ ᠪᠠᠢ᠌ᠨ᠎ᠠ᠃ 《ᠣᠢ》 ᠵᠢᠨ ᠨᠥᠭᠦᠭᠡ ᠨᠢᠭᠡ ᠣᠠᠴᠠᠯᠢᠭ ᠪᠣᠯ ᠶᠤᠭᠳᠠᠯᠠᠯ ᠢ ᠭᠡᠷᠡᠭᠯᠡᠵᠤ᠂ ᠰᠠᠨᠠᠭ᠎ᠠ ᠶᠢ ᠳᠠᠯᠳᠠ᠂ ᠪᠠᠭᠳᠠᠭᠠᠮᠵᠢ ᠶᠢ ᠦᠷᠭᠡᠨ ᠪᠣᠯᠭᠠᠵᠠᠢ᠃ ᠰᠢᠪᠠᠭᠤ ᠶᠢ ᠭᠦᠮᠦᠡᠴᠢᠯᠡᠨ《ᠪᠢ ᠢᠨᠤ ᠵᠢᠪᠠᠷ ᠲᠤᠷ ᠳᠦᠷᠦᠭ᠍ᠰᠡᠨ ᠵᠢᠭᠦᠷᠳᠡᠨ᠂ ᠵᠢᠷᠭᠠᠯ ᠳᠤᠷ ᠳᠦᠷᠦᠭ᠍ᠰᠡᠨ ᠭᠦᠮᠤᠨ ᠮᠢᠨᠤ ᠠᠮᠢᠳᠤᠷᠠᠯ ᠢ ᠮᠡᠳᠡᠭᠦ ᠥᠭᠡᠢ》   ᠭᠡᠵᠤ ᠡᠭᠢᠯᠡᠩᠭᠦᠳᠡ ᠳᠤᠰᠢᠶᠠᠭᠰᠠᠨ ᠨᠢ《ᠪᠢ》  ᠵᠢᠨ ᠠᠮᠢᠳᠤᠷᠠᠯ ᠢ ᠥᠭᠡᠷ᠎ᠡ ᠪᠣᠰᠤᠳ᠂ ᠦᠨᠡᠨ ᠵᠦᠪ ᠶᠢᠡᠷ ᠣᠢ᠌ᠯᠠᠭᠠᠬᠤ ᠦᠭᠡᠶ ᠶᠢᠨ ᠣᠴᠢᠷ᠂ 《ᠪᠢ ᠶᠢᠨ ᠬᠠᠷᠠᠩᠭ᠋ᠤᠢ ᠪᠦᠷᠦᠩᠭᠦᠢ ᠶᠢᠨ ᠳᠦᠭ᠍ᠰᠢᠭᠦᠷᠢ ᠶᠢ ᠴᠤ ᠰᠢ᠌ᠤᠠᠪᠣᠷᠢᠯᠠᠵᠤ ᠴᠢᠳᠠᠬᠤ ᠥᠭᠡᠢ》  ᠭᠡᠰᠡᠨ ᠰᠠᠨᠠᠭ᠎ᠠ ᠪᠠᠨ ᠢᠯᠡᠷᠭᠡᠢ᠌ᠯᠡᠵᠡᠢ᠃ ᠡᠨᠡ ᠭᠦ ᠵᠤᠬᠢᠶᠠᠭᠴᠢ ᠵᠢᠨ《ᠨᠢᠭᠡ ᠦᠨᠳᠦᠰᠦᠳᠠᠨ ᠦᠪᠡᠷ ᠤᠨ ᠪᠠᠶ᠎ᠠ ᠪᠠᠨ ᠯᠠ ᠲᠦᠰᠢᠪᠠᠯ ᠰᠠ‍‌ᠶᠢ ᠥᠭᠡᠳᠡᠯᠡᠨ ᠳᠡᠭ᠍ᠵᠢᠷᠡᠵᠤ ᠴᠢᠳᠡᠨ᠎ᠡ》  ᠭᠡᠵᠤ ᠥᠵᠡᠳᠡᠭ᠌ ᠤᠨ ᠳᠠᠯᠳᠠ ᠰᠠᠨᠠᠭ᠎ᠠ ᠪᠣᠶᠤ᠃ ᠡᠰᠡᠷᠭᠦᠴᠡᠯ ᠳᠠᠮᠠᠴᠠᠯ ᠤᠨ ᠨᠤᠮᠤ ᠳᠤ ᠭᠦᠪᠴᠢᠯᠡᠭ᠍ᠳᠡᠵᠤ᠂ ᠡᠷᠡᠨ ᠴᠠᠭ ᠤᠨ ᠰᠢᠠᠵᠢ ᠳᠤᠷᠳᠤᠭᠰᠠᠨ ᠡᠨᠡ ᠭᠦ ᠵᠤᠬᠢᠶᠠᠯ ᠨᠢ ᠮᠤᠩᠭ᠋ᠤᠯ ᠤᠨ ᠨᠡᠢ᠌ᠭᠡᠮ ᠤᠨ ᠠᠬᠤᠢ ᠶᠢ ᠠᠭᠰᠢᠭᠠᠨ ᠳᠤᠰᠬᠠᠵᠤ᠂ ᠦᠳᠦᠰᠤᠳᠠᠨ ᠶᠠᠰᠤᠳᠠᠨ ᠤ ᠳᠠᠨᠢᠯᠳᠠ ᠣᠬᠠᠮᠰᠠᠷ᠂ ᠴᠢᠨᠠᠷ ᠴᠢᠠᠰᠠᠭ᠎ᠠ ᠶᠢ ᠳᠡᠭᠡᠭ᠍ᠰᠢᠯᠡᠭᠦᠯᠭᠦ ᠳᠤ ᠶᠠᠷᠢᠶ᠎ᠠ ᠭᠡᠯᠯᠡᠴᠡᠭᠡᠨ ᠤ ᠪᠡᠯᠡᠳᠭᠡᠯ ᠪᠣᠯᠤᠭᠰᠠᠨ ᠪᠦᠭᠡᠳ ᠰᠤᠶᠤᠨ ᠰᠡᠩᠭᠡᠷᠡᠭᠦᠯᠭᠦ ᠣᠢ᠌ᠯᠠᠳᠤᠯ ᠥᠵᠡᠭᠦᠯᠵᠡᠢ᠃

    ᠵᠤᠬᠢᠶᠠᠭᠴᠢ ᠶᠢᠨ ᠪᠣᠳᠠᠳᠤ ᠠᠮᠢᠳᠤᠷᠠᠯ ᠢ ᠪᠢᠴᠢᠵᠤ ᠪᠣᠳᠤᠯ ᠤᠨ ᠰᠡᠩᠭᠡᠷᠡᠯ ᠢ ᠣᠷᠢᠶᠠᠯᠠᠭᠰᠠᠨ ᠳᠡᠭᠡᠷᠡᠭᠢ ᠵᠤᠬᠢᠶᠠᠯ ᠤᠳ ᠳᠤᠨᠢ ᠦᠨᠳᠦᠰᠦᠳᠠᠨ ᠤ ᠪᠠᠨ ᠪᠦᠳᠦᠭᠦᠯᠢᠭ᠌ ᠬᠤᠴᠤᠷᠤᠩᠭ᠋ᠤᠢ ᠶᠢ ᠳᠠᠨᠢᠨ ᠥᠭᠡᠷᠡᠴᠢᠯᠡᠵᠤ᠂ ᠦᠨᠳᠦᠰᠦᠳᠠᠨ ᠶᠢᠡᠨ ᠭᠦᠭ᠍ᠵᠢᠭᠦᠯᠵᠤ ᠮᠠᠠᠳᠤᠭᠤᠯᠬᠤ ᠶᠢᠨ ᠬᠠᠯᠠᠭᠤᠨ ᠰᠡᠳᠬᠢᠯᠭᠡ ᠳᠤᠤᠱᠢ ᠨᠠᠪᠴᠢᠵᠤ ᠪᠠᠢ᠌ᠳᠠᠭ᠃


    ᠭᠤᠷᠪᠠ᠂ ᠰᠤᠶᠤᠯ ᠰᠢᠡᠵᠢᠯᠡᠭᠦ ᠣᠬᠠᠭᠠᠨ ᠢ ᠳᠠᠨᠢᠯᠴᠠᠭᠤᠯᠤᠨ ᠰᠢᠨ᠎ᠡ ᠰᠤᠶᠤᠯ ᠪᠣᠯᠪᠠᠰᠤᠷᠠᠯ ᠢ ᠡᠷᠡᠮᠡᠯᠵᠡᠭ᠍ᠰᠡᠨ


    ᠵᠤᠬᠢᠶᠠᠭᠴᠢ ᠰᠢᠡᠵᠢᠯᠡᠭᠦ ᠣᠬᠠᠭᠠᠨ ᠳᠤ ᠰᠥᠰᠦᠭᠯᠡᠨ ᠮᠡᠳᠡᠯᠭᠡ ᠶᠢ ᠭᠦᠦᠷᠨᠢᠨ᠂ ᠪᠣᠰᠤᠳ ᠤᠨ ᠭᠦᠭ᠍ᠵᠢᠯ ᠪᠠᠳᠠᠷᠠᠯ ᠪᠠ ᠦᠪᠡᠷ ᠤᠨ ᠬᠤᠴᠤᠷᠤᠩᠭ᠋ᠤᠢ ᠪᠦᠳᠦᠭᠦᠯᠢᠭ᠌ ᠢ ᠠᠳᠠᠯᠢᠤᠠᠬᠠᠵᠤ᠂ ᠠᠳᠠᠯᠢᠤᠠᠬᠠᠯ ᠵᠦᠢᠷᠯᠠᠯ ᠤᠨ ᠳᠤᠮᠳᠠ ᠦᠪᠡᠷ ᠤᠨ ᠵᠤᠷᠢᠯᠳᠠ ᠪᠠᠨ ᠢᠯᠡᠳᠭᠡᠪᠡ᠃ ᠡᠨᠡ ᠰᠠᠳᠤᠪᠳᠤ ᠨᠠᠢ᠌ᠷᠭᠤᠯᠤᠯ ᠳ᠋ᠤᠨᠢ《ᠠᠳᠠᠯᠢ ᠥᠯᠢᠭᠡᠷ ᠴᠤᠭᠴᠠᠰ ᠤᠨ ᠠᠬᠤᠢ ᠶᠤᠰᠤᠨ ᠡᠡᠨᠤ》  ᠂ 《ᠲ᠋ᠡᠯᠡᠭᠡᠢ ᠶᠢᠨ ᠡᠡᠮᠢᠳᠡᠨ》  ᠂ 《ᠶᠡᠭᠡ ᠬᠤᠳᠠ ᠪᠠᠯᠭᠠᠤᠨ》  ᠂ 《ᠭᠠᠷᠤᠯᠳᠠ ᠭᠦᠷᠦᠩᠭᠡ》  ᠵᠡᠷᠭᠡ ᠨᠠᠢ᠌ᠷᠭᠤᠯᠤᠯ ᠤᠳ ᠪᠣᠢ᠃ ᠳᠦᠷᠦᠭᠦᠴᠢ ᠶᠢᠨ ᠬᠤᠶᠠᠷ ᠰᠠᠳᠤᠪ ᠲᠤ᠂ ᠦᠨᠳᠦᠰᠦᠳᠠᠨ ᠤ ᠪᠠᠨ ᠣᠯᠠᠮᠵᠢᠯᠠᠯᠳᠤ ᠵᠤᠷᠢᠭ᠂ ᠣᠶᠤᠨ ᠰᠠᠨᠠᠭ᠎ᠠ ᠶᠢ ᠣᠷᠢᠶᠠᠯᠠᠨ ᠳᠠᠭᠤᠳᠠᠵᠤ᠂ ᠪᠠᠭᠠᠳᠤᠷᠯᠠᠵᠤ ᠶᠠᠪᠣᠭᠰᠠᠨ ᠦᠴᠦᠭᠡᠳᠦᠷ ᠪᠠ ᠡᠮᠵᠡᠭ᠍ᠳᠤ ᠦᠨᠦᠳᠤᠷ ᠢ ᠠᠳᠠᠯᠢᠤᠠᠬᠠᠭᠰᠠᠨ ᠭᠡᠵᠤ ᠦᠵᠡᠪᠠᠯ᠂ ᠰᠢᠨ᠎ᠠ ᠰᠤᠶᠤᠯ ᠪᠣᠯᠪᠠᠰᠤᠷᠠᠯ ᠢ ᠡᠷᠡᠮᠡᠯᠵᠡᠭ᠍ᠰᠡᠨ ᠰᠠᠳᠤᠪᠳᠤ ᠨᠠᠢ᠌ᠷᠭᠤᠯᠤᠯ ᠳᠠᠭᠠᠨ ᠡᠳᠦᠭᠡ ᠶᠢᠨ ᠬᠤᠴᠤᠷᠤᠩᠭ᠋ᠤᠢ ᠶᠢᠨ ᠣᠭ ᠦᠨᠳᠦᠰᠦ ᠶᠢ ᠡᠷᠢᠨ ᠰᠥᠪᠭ᠍ᠴᠢᠯᠡᠵᠤ᠂ ᠰᠤᠶᠤᠯ ᠪᠣᠯᠪᠠᠰᠤᠷᠠᠯ᠂ ᠰᠢᠡᠵᠢᠯᠡᠭᠦ ᠣᠬᠠᠭᠠᠨ᠂ ᠳᠸᠭ᠍ᠨᠢᠭ᠌ ᠮᠡᠷᠭᠡᠵᠢᠯ ᠶᠢᠡᠷ ᠴᠤᠭᠴᠠᠯᠠᠭᠳᠠᠭᠰᠠᠨ ᠢᠷᠡᠭᠡᠳᠦᠢ ᠶᠢᠨ ᠮᠤᠩᠭ᠋ᠤᠯ ᠢ ᠭᠦᠰᠡᠨ ᠡᠷᠡᠮᠡᠯᠵᠡᠵᠤ᠂ 《ᠮᠤᠩᠭ᠋ᠤᠯᠴᠦᠳ᠂ ᠪᠣᠯᠪᠠᠰᠤᠷᠠᠯ ᠤᠨ ᠶᠠᠪᠣᠳᠠᠯ ᠢ ᠴᠢᠷᠮᠠᠢ᠌ᠪᠠᠰᠤ ᠵᠤᠭᠢᠮᠦᠢ》  ᠃ 《ᠰᠢᠡᠵᠢᠯᠡᠭᠦ ᠣᠬᠠᠭᠠᠨ ᠢ ᠰᠤᠷᠤᠭᠳᠤᠨ》   ᠭᠡᠵᠤ ᠴᠢᠩᠭ᠎ᠠ ᠣᠷᠢᠶᠠᠯᠠᠪᠠ᠃

    ᠶᠠᠮᠠᠷ ᠦᠶ᠎ᠡ ᠶᠢᠨ ᠵᠤᠷᠢᠭ ᠰᠠᠨᠠᠭ᠎ᠠ ᠪᠠᠢ᠌ᠪᠠᠯ ᠳᠠᠢ᠌ᠮᠤ ᠣᠷᠠᠨ ᠵᠤᠬᠢᠶᠠᠯ ᠪᠣᠢ ᠪᠣᠯᠳᠠᠭ᠃ 《  5.4》᠊ᠤ ᠦᠶ᠎ᠡ ᠭᠦᠷᠴᠤ ᠢᠷᠡᠭᠡᠳ ᠳᠤᠮᠳᠠᠳᠤ ᠣᠯᠤᠰ ᠲᠤ ᠰᠢᠡᠵᠢᠯᠡᠭᠦ ᠣᠬᠠᠭᠠᠨ ᠤ ᠵᠤᠷᠢᠭ ᠰᠠᠨᠠᠭ᠎ᠠ ᠭᠦᠮᠦᠰ ᠤᠨ ᠵᠢᠷᠦᠭᠡᠨ ᠳᠤ ᠠᠮᠢᠯᠠᠵᠤ ᠡᠭᠢᠯᠡᠭ᠍ᠰᠡᠨ ᠪᠠᠢ᠌ᠨ᠎ᠠ᠃ ᠡᠭᠦᠨ ᠳᠤ ᠬᠣᠪᠢᠰᠤᠯ ᠤᠨ ᠣᠨᠤᠯ᠂ ᠳᠤᠮᠳᠠᠳᠤ ᠣᠯᠤᠰ ᠤᠨ ᠰᠡᠭᠡᠭᠡᠳᠡᠳ ᠤᠨ ᠳᠤᠮᠳᠠ ᠶᠡᠭᠡ ᠨᠥᠯᠦᠭᠡ ᠲᠡᠶ ᠪᠠᠢ᠌ᠪᠠ᠃ ᠠᠮᠢ ᠨᠠᠰᠤᠨ ᠤ ᠡᠭᠦᠰᠦᠯ ᠤᠨ ᠣᠨᠤᠯ᠂ ᠠᠮᠢᠳᠤ ᠪᠣᠳᠠᠰ ᠤᠨ ᠬᠤᠪᠢᠰᠤᠯ ᠤᠨ ᠣᠨᠤᠯ᠂ ᠭᠦᠮᠤᠨ ᠤ ᠡᠭᠦᠰᠦᠯ ᠢ ᠰᠢᠡᠵᠢᠯᠡᠭᠦ ᠣᠬᠠᠭᠠᠠᠴᠢ ᠪᠠᠷ ᠳᠠᠢ᠌ᠯᠪᠣᠷᠢᠯᠠᠵᠤ ᠴᠢᠳᠠᠪᠠ᠃ ᠭᠦᠮᠤᠨ ᠤ ᠳᠤᠬᠠᠢ ᠡᠨᠡ ᠭᠦ ᠳᠠᠨᠢᠯᠳᠠ ᠶᠢᠨ ᠣᠯᠠᠮ ᠡᠴᠠ ᠭᠦᠮᠤᠨ ᠤ ᠨᠡᠢ᠌ᠭᠡᠮ ᠤᠨ ᠰᠢᠠᠵᠢ ᠶᠢᠨ ᠳᠤᠬᠠᠢ ᠳᠠᠨᠢᠯᠳᠠ ᠴᠤ ᠭᠦᠡᠵᠡᠭᠡᠢ᠌ᠷᠡᠪᠡ᠃

    ᠬᠠᠳᠠ ᠴᠤ《ᠳᠡᠯᠡᠭᠡᠢ ᠶᠢᠨ ᠡᠡᠮᠢᠳᠡᠨ》  ᠭᠡᠭᠦ ᠨᠠᠢ᠌ᠷᠭᠤᠯᠤᠯ ᠳ᠋ᠡᠭᠡᠨ《ᠠᠩᠭ᠍ᠯᠢ ᠣᠯᠤᠰ ᠤᠨ ᠳ᠋ᠠᠷᠸᠢᠨ ᠭᠡᠮᠡᠭᠦ ᠨᠢᠭᠡᠨ ᠡᠷᠳᠡᠮᠳᠡᠨ ᠭᠦᠮᠤᠨ᠂ 〈ᠦᠷᠠᠰ ᠤᠨ ᠡᠭᠦᠰᠦᠯ﹀ ᠭᠡᠮᠡᠭᠦ ᠪᠢᠴᠢᠭ᠌ ᠢ ᠵᠤᠬᠢᠶᠠᠵᠤ᠂ 〈ᠠᠶᠠᠠᠳᠠᠭᠠᠨ ᠤ ᠬᠠᠰᠤᠭᠳᠠᠯ﹀ ᠳ᠋ᠤ ᠵᠤᠬᠢᠶᠠᠭᠴᠢᠳ ᠠᠨᠤ ᠠᠮᠢᠳᠤᠷᠠᠮᠤᠢ ᠭᠡᠮᠡᠵᠦᠭᠦᠢ》   ᠭᠡᠰᠡᠨ ᠡᠴᠠ ᠥᠵᠡᠭᠦ ᠳᠤ ᠣᠷᠴᠢᠨ ᠭᠢᠭᠡᠳ ᠣᠷᠭᠠᠨᠢᠰᠰᠮ᠂ ᠣᠳᠤᠮᠰᠢᠯ ᠭᠢᠭᠡᠳ ᠬᠤᠪᠢᠰᠤᠯ ᠭᠡᠮᠡᠭᠦ ᠳᠠᠯ᠎ᠠ ᠨᠤᠭᠤᠳ ᠤᠨ ᠬᠤᠭᠤᠷᠤᠠᠳᠤᠭᠢ ᠵᠦᠷᠢᠴᠠᠯ ᠤᠨ ᠵᠦᠢ ᠳᠤᠭᠳᠠᠯ ᠢ ᠨᠡᠭᠡᠭᠡᠭ᠍ᠰᠡᠨ ᠠᠮᠢᠳᠤ ᠠᠮᠢᠳᠠᠨ ᠤ ᠭᠦᠭ᠍ᠵᠢᠯ ᠤᠨ ᠳᠤᠬᠠᠢ ᠠᠮᠢᠳᠤ ᠪᠠᠶᠠᠳᠤ ᠪᠦᠭᠦᠨ ᠣᠷᠴᠢᠨ ᠣᠷᠭᠠᠨᠢᠰᠰᠮ ᠬᠤᠶᠠᠷ ᠤᠨ ᠬᠤᠭᠤᠷᠤᠠᠳᠤᠭᠢ ᠵᠦᠢ ᠳᠤᠭᠳᠠᠯ ᠪᠣᠶᠤ ᠣᠷᠭᠠᠨᠢᠰᠰᠮ ᠨᠢ ᠣᠷᠴᠢᠨ ᠲᠡᠶ ᠪᠠᠨ ᠵᠤᠭᠢᠴᠠᠨ ᠠᠮᠢᠳᠤᠷᠠᠬᠤ᠂ ᠵᠤᠭᠢᠴᠠᠬᠤ ᠳᠤ ᠵᠠᠢ᠌ᠯᠠᠰᠢ ᠦᠭᠡᠶ ᠱᠠᠭᠠᠷᠳᠠᠭᠳᠠᠬᠤ ᠰᠢᠠᠵᠢ ᠴᠢᠨᠠᠷ ᠢ ᠣᠯᠤᠭᠰᠠᠨ ᠨᠢᠭᠡ ᠨᠢ ᠠᠮᠢᠳᠤᠷᠠᠵᠤ᠂ ᠡᠰᠡ ᠣᠯᠤᠭᠰᠠᠨ ᠨᠢ ᠳᠠᠷᠠ ᠭᠦ ᠰᠢᠯᠭᠠᠷᠠᠯ ᠢ ᠳᠠᠪᠠᠵᠤ ᠴᠢᠳᠠᠬᠤ ᠦᠭᠡᠶ ᠪᠠᠷ ᠥᠭᠦᠵᠤ ᠮᠥᠭᠦᠭᠦ ᠬᠠᠤᠯᠢ ᠳᠤ ᠵᠠᠭᠢᠷᠤᠭᠳᠠᠨ᠎ᠠ ᠭᠡᠰᠡᠨ ᠳ᠋ᠠᠷᠸᠢᠨ ᠤ ᠨᠡᠭᠡᠭᠡᠭ᠍ᠰᠡᠨ ᠪᠠᠢ᠌ᠭᠠᠯᠢ ᠶᠢᠨ ᠰᠢᠯᠭᠠᠷᠠᠯ ᠤᠨ ᠣᠨᠤᠯ ᠤᠨ ᠨᠥᠯᠦᠭᠡ ᠶᠢ ᠶᠡᠭᠡ ᠠᠪᠣᠭᠰᠠᠨ ᠢᠯᠡᠷᠭᠡᠢ᠃

    ᠨᠡᠢ᠌ᠭᠡᠮ ᠤᠨ ᠳᠤᠭᠳᠠᠯᠴᠠᠭ᠎ᠠ ᠥᠭᠡᠷᠡᠴᠢᠯᠡᠯᠳᠡ ᠲᠡᠶ ᠪᠣᠯᠵᠤ᠂ ᠵᠠᠰᠠᠭ ᠵᠠᠭᠢᠷᠭᠠᠨ ᠤ ᠪᠦᠳᠦᠴᠡ ᠣᠯᠠᠷᠢᠭᠰᠠᠨ ᠪᠠᠢ᠌ᠳᠠᠯ ᠳᠤ᠂ ᠳᠤᠬᠠᠢ ᠶᠢᠨ ᠮᠤᠩᠭ᠋ᠤᠯᠴᠤᠳ ᠲᠤ ᠬᠠᠮᠢᠭᠠᠰᠢᠯᠠᠬᠤ ᠶᠢᠨ ᠠᠠᠰᠠᠭᠤᠳᠠᠯ ᠳᠤᠯᠭᠠᠷᠠᠪᠠ᠃ ᠥᠭᠡᠷᠴᠢᠯᠡᠭ᠍ᠳᠡᠨ ᠬᠤᠪᠢᠷᠠᠵᠤ ᠪᠣᠢ ᠣᠷᠴᠢᠨ ᠲᠡᠶ ᠪᠠᠨ ᠵᠤᠭᠢᠴᠠᠬᠤ ᠳᠤ ᠵᠠᠢ᠌ᠯᠠᠰᠢ ᠦᠭᠡᠶ ᠱᠠᠭᠠᠷᠳᠠᠭᠳᠠᠬᠤ ᠳᠠᠷᠠ ᠰᠢᠠᠵᠢ ᠴᠢᠳᠠᠪᠣᠷᠢ ᠶᠢ ᠴᠠᠭ ᠠᠯᠳᠠᠯ ᠦᠭᠡᠶ ᠣᠯᠵᠤ ᠴᠢᠳᠠᠭᠰᠠᠨ ᠨᠢ ᠠᠮᠢᠳᠤᠷᠠᠳᠠᠭ᠃ ᠡᠰᠡ ᠴᠢᠳᠠᠭᠰᠠᠨ ᠨᠢ ᠥᠭᠦᠵᠤ ᠮᠥᠭᠦᠳᠡᠭ᠌ ᠬᠠᠳᠠᠭᠤ ᠵᠢᠮ᠎ᠠ ᠳᠠᠪᠢᠯᠠᠩ ᠮᠤᠩᠭ᠋ᠤᠯᠴᠤᠳ ᠲᠤ ᠳᠤᠯᠭᠠᠷᠠᠭᠰᠠᠨ ᠢ ᠰᠠᠷᠠᠵᠤ ᠮᠡᠳᠡᠭ᠍ᠰᠡᠨ ᠬᠠᠳᠠ᠂ ᠰᠢᠡᠵᠢᠯᠡᠭᠦ ᠣᠬᠠᠭᠠᠨ ᠢ ᠰᠤᠷᠪᠠᠯ ᠰᠠ‍‌ᠶᠢ ᠡᠨᠡ ᠭᠦ ᠠᠶᠠᠠᠳᠠᠭᠠᠨ ᠤ ᠬᠠᠰᠤᠭᠳᠠᠯ ᠳᠤ ᠵᠤᠭᠢᠴᠠᠨ ᠣᠷᠤᠰᠢᠵᠤ ᠴᠢᠳᠠᠨ᠎ᠠ ᠭᠡᠵᠤ ᠨᠢᠭᠤᠷ ᠴᠢᠷᠠᠢ ᠪᠠᠨ ᠣᠭᠢᠶᠠᠵᠤ᠂ ᠊ᠭ᠍‍ᠬᠢᠷ ᠳᠤᠭᠤᠰᠤᠨ ᠦᠭᠡᠶ ᠠᠮᠢᠳᠤᠷᠠᠬᠤ ᠶᠢᠨ ᠠᠷᠭ᠎ᠠ ᠵᠠᠮ ᠢ ᠬᠠᠢ᠌ᠵᠤ᠂ ᠰᠤᠶᠤᠯ ᠰᠢᠡᠵᠢᠯᠡᠭᠦ ᠣᠬᠠᠭᠠᠨ ᠢ ᠣᠠᠴᠠᠯᠠᠨ ᠴᠢᠬᠤᠯᠠᠴᠢᠯᠠᠪᠠ᠃

    《ᠳᠡᠯᠡᠭᠡᠢ ᠶᠢᠨ ᠠᠮᠢᠳᠠᠨ》   ᠭᠡᠳᠡᠭ᠌ ᠲᠡᠭᠡᠨ ᠭᠦᠮᠤᠨ ᠳᠦᠷᠤᠯᠭᠢᠳᠠᠨ ᠡᠴᠠ ᠣᠷᠭᠤᠮᠠᠯ᠂ ᠠᠷᠢᠶᠠᠳᠠᠨ ᠭᠦᠷᠦᠭᠡᠰᠤᠨ ᠡᠴᠠ ᠣᠰᠤᠨ ᠤ ᠠᠮᠢᠳᠠᠨ ᠭᠦᠷᠳᠡᠯ᠎ᠡ ᠠᠯᠢ ᠨᠢ ᠴᠤ ᠠᠮᠢ ᠵᠢᠭᠤᠬᠤᠢ ᠳᠤ ᠵᠠᠢ᠌ᠯᠠᠰᠢ ᠦᠭᠡᠶ ᠴᠢᠬᠤᠯᠠ ᠭᠡᠷᠡᠭ᠌ ᠲᠡᠶ ᠳᠡᠵᠢᠭᠡᠯ ᠤᠨ ᠨᠥᠭᠦᠴᠡᠯ ᠢᠨᠤ ᠨᠠᠷᠠᠨ ᠤ ᠢᠯᠴᠢ᠂ ᠭᠠᠵᠠᠷ ᠤᠨ ᠰᠢᠮ᠎ᠠ᠂ ᠣᠰᠤᠨ ᠤ ᠴᠢᠭᠢᠭ᠌᠂ ᠣᠭᠳᠠᠷᠭᠤᠢ ᠶᠢᠨ ᠭᠡᠢ ᠳᠤ ᠳᠦᠰᠢᠭᠯᠡᠨ ᠠᠮᠢᠳᠤᠷᠠᠳᠠᠭ《ᠵᠦᠢ᠌ ᠳᠤᠭᠳᠠᠯ》   ᠡᠴᠠ ᠴᠠᠭᠠᠰᠢ ᠤᠯᠡᠷᠢᠭᠤᠯᠤᠨ《ᠲ᠋ᠡᠯᠡᠭᠡᠢ ᠶᠢᠨ ᠠᠮᠢᠳᠠᠨ ᠪᠦᠭᠦᠨ ᠠᠮᠢᠳᠤᠷᠠᠯ ᠤᠨ ᠳᠡᠮᠡᠴᠡᠯᠳᠦᠭᠡᠨ ᠭᠢᠭᠦ ᠪᠦᠭᠡᠳ ᠴᠠᠭ ᠤᠨ ᠣᠯᠠᠷᠢᠯ ᠪᠠ ᠦᠪᠡᠷ ᠤᠨ ᠭᠦᠷᠢᠶᠡᠯᠡᠭ᠍ᠳᠡᠭ᠍ᠰᠡᠨ ᠳᠤᠭᠤᠷᠢᠭ ᠲᠠᠭᠠᠨ ᠵᠤᠭᠢᠯᠳᠤᠨ ᠴᠢᠳᠠᠭᠴᠢᠳ ᠰᠠ‍‌ᠶᠢ ᠠᠮᠢᠳᠤᠷᠠᠨ ᠳᠤᠭᠳᠠᠨᠢᠬᠤ》   ᠶᠤᠰᠤᠨ ᠢ ᠥᠭᠦᠯᠡᠵᠤ᠂ ᠭᠦᠮᠤᠨ ᠳᠦᠷᠤᠯᠭᠢᠳᠠᠨ ᠴᠤ ᠠᠮᠢᠳᠠᠨ ᠣᠷᠭᠤᠮᠠᠯ ᠲᠡᠶ ᠠᠳᠠᠯᠢ ᠪᠠᠢ᠌ᠭᠠᠯᠢ ᠨᠡᠢ᠌ᠭᠡᠮ ᠤᠨ ᠣᠷᠴᠢᠨ ᠳᠠᠭᠠᠨ ᠵᠤᠭᠢᠯᠳᠤᠨ᠂ ᠠᠯᠢᠪᠠ ᠠᠰᠢᠭ ᠭᠦᠷᠦᠩᠭᠡ ᠶᠢ ᠠᠰᠢᠭᠯᠠᠵᠤ ᠴᠢᠳᠠᠮᠠᠠᠵᠢᠨ ᠰᠠ‍‌ᠶᠢ ᠣᠷᠤᠠᠰᠢᠵᠤ ᠳᠤᠭᠳᠠᠨᠢᠵᠤ ᠣᠷᠤᠭᠰᠢᠯᠠᠨ ᠭᠦᠭ᠍ᠵᠢᠵᠤ ᠴᠢᠳᠠᠨ᠎ᠠ ᠭᠡᠰᠡᠨ ᠢ ᠳᠤᠳᠤᠷᠠᠬᠠᠢ᠌ᠯᠠᠭᠰᠠᠨ ᠨᠢ ᠮᠤᠩᠭ᠋ᠤᠯ ᠦᠨᠳᠦᠰᠦᠳᠠᠨ ᠤ ᠪᠠᠨ《ᠬᠤᠪᠢ ᠵᠠᠶᠠᠭ᠎ᠠ》ᠪᠠᠨ ᠭᠦᠯᠢᠶᠡᠵᠤ᠂ ᠪᠣᠷᠬᠠᠨ ᠳᠡᠭ᠍ᠷᠢ ᠳᠡᠭᠡᠨ ᠵᠠᠯᠪᠠᠷᠢᠨ ᠰᠠᠭᠤᠬᠤ ᠵᠠᠩ ᠶᠢᠡᠨ ᠬᠠᠯᠠᠨ᠂ ᠣᠷᠴᠢᠨ ᠠᠬᠤᠢ ᠳᠠᠭᠠᠨ ᠵᠤᠭᠢᠯᠳᠤᠨ ᠣᠷᠴᠢᠯᠠᠩ ᠤᠨ ᠠᠯᠬᠤᠮ ᠳᠠᠪᠰᠢᠯᠳᠠ ᠳᠤ ᠬᠤᠵᠢᠮᠳᠠᠯ ᠦᠭᠡᠶ ᠣᠷᠤᠭᠰᠢᠯᠠᠭᠤᠯᠬᠤ ᠭᠡᠰᠡᠨ ᠤ ᠳᠤᠯᠠᠳᠠ ᠶᠤᠮ᠃

    《ᠰᠢᠡᠵᠢᠯᠡᠭᠦ ᠣᠬᠠᠭᠠᠨ》   ᠭᠡᠭᠦ ᠨᠠᠢ᠌ᠷᠠᠭᠤᠯᠤᠯ ᠳ᠋ᠠᠭᠠᠨ《ᠣᠷᠤᠰᠢᠬᠤ ᠣᠷᠤᠨ ᠰᠠᠭᠤᠴᠠ ᠴᠤ ᠦᠭᠡᠶ᠂ ᠭᠦᠨᠡᠰᠤ ᠬᠤᠭᠤᠯᠠ᠂ ᠭᠦᠷᠦᠩᠭᠡ ᠬᠤᠭᠰᠢᠯ ᠴᠤ ᠦᠭᠡᠶ᠂ ᠠᠭᠤᠯᠠ ᠮᠦᠷᠡᠨ ᠶᠢᠡᠷ ᠭᠡᠷᠤᠨ ᠭᠡᠰᠦᠵᠤ ᠪᠠᠢ᠌ᠭᠰᠠᠨ ᠭᠦᠮᠤᠨ ᠳᠦᠷᠤᠯᠭᠢᠳᠠᠨ ᠴᠤ ᠭᠦᠭ᠍ᠵᠢᠯ ᠤᠨ ᠶᠠᠪᠣᠴᠠ ᠳᠠᠭᠠᠨ ᠰᠢᠡᠵᠢᠯᠡᠭᠦ ᠣᠬᠠᠭᠠᠨ ᠤ ᠶᠡᠭᠡ ᠭᠦᠴᠤᠨ ᠳᠤᠷ ᠰᠢᠳᠦᠭ᠍ᠳᠡᠨ》  ᠂ 《ᠤᠭᠳᠠᠷᠭᠤᠢ ᠳᠤᠷ ᠳᠤᠯᠤᠮᠠᠷ ᠣᠷᠳᠤ ᠬᠠᠷᠰᠢ ᠶᠢ ᠪᠦᠳᠦᠭᠡᠨ᠂ ᠬᠠᠷᠠᠩᠭ᠋ᠤᠢ ᠳᠠᠯᠠᠢ ᠳᠤᠷ ᠬᠠᠷ᠎ᠠ ᠳᠠᠮᠤᠷ ᠣᠩᠭ᠋ᠤᠴᠠ ᠶᠢ ᠣᠢ᠌ᠯᠠᠳᠤᠨ᠂ ᠭᠦᠷᠦᠯᠴᠡᠰᠢ ᠦᠭᠡᠶ ᠬᠤᠯᠠ ᠶᠢ ᠥᠵᠡᠭ᠍ᠴᠢ ᠳᠤᠷᠠᠨ ᠠᠪᠠᠢ ᠪᠠᠷ ᠣᠭᠳᠠᠷᠭᠤᠢ ᠶᠢᠨ ᠣᠳᠤᠨ ᠢ ᠳᠠᠨᠢᠭᠠᠤᠨ᠂ ᠳᠤᠳᠤᠤᠠᠬᠠᠭᠴᠢ ᠰᠢᠯ ᠢ ᠡᠭᠦᠳᠤᠨ ᠥᠵᠡᠭ᠍ᠳᠡᠰᠢ ᠦᠭᠡᠶ ᠨᠠᠷᠢᠨ ᠬᠤᠮᠠᠭᠢ ᠶᠢᠨ ᠬᠤᠷᠤᠬᠠᠢ ᠶᠢ ᠮᠡᠳᠡᠭᠡᠳ᠂ ᠷᠢᠡᠳᠡᠢ᠌ᠭᠡᠨ ᠭᠡᠳᠡᠭ᠌ ᠰᠢᠯ ᠢ ᠣᠢ᠌ᠯᠠᠳᠤᠨ᠂ ᠭᠦᠮᠤᠨ ᠤ ᠶᠠᠰᠤ ᠮᠢᠬ᠎ᠠ ᠶᠢ ᠨᠠᠪᠳᠠ ᠦᠵᠡᠵᠤ᠂ ᠪᠣᠯᠤᠳ ᠳᠠᠮᠤᠷ ᠤᠨ ᠣᠨᠢᠰᠤᠨ ᠭᠦᠷᠳᠦᠳᠤ ᠪᠣᠯᠪᠠᠰᠤᠨ ᠤ ᠠᠪᠢᠶ᠎ᠠ ᠴᠢᠮᠡᠭᠡ ᠶᠢ ᠠᠭᠤᠯᠠ ᠣᠰᠤᠨ ᠶᠢᠡᠷ ᠳᠠᠭᠤᠷᠢᠰᠬᠠᠵᠤ᠂ ᠭᠠᠵᠠᠷ ᠤᠨ ᠳᠡᠭᠡᠷ᠎ᠡ ᠳᠤᠤᠷ᠎ᠠ ᠪᠠᠷ ᠳᠠᠪᠰᠢᠨ ᠭᠦᠶ‍ᠦᠭ᠍ᠴᠢ ᠳᠠᠮᠤᠷ ᠵᠠᠮᠳᠤ ᠭᠠᠯ ᠳᠡᠷᠭᠡ ᠪᠠ ᠣᠭᠳᠠᠷᠭᠤᠢ ᠶᠢᠨ ᠠᠶᠠᠨ ᠤ ᠠᠭᠠᠷ ᠤᠨ ᠵᠠᠮ ᠳᠡᠭᠦᠰ ᠳᠡᠯᠭᠡᠷᠡᠭᠡᠳ ᠭᠠᠵᠠᠷ ᠤᠨ ᠪᠦᠮᠪᠦᠷᠴᠡᠭ᠌ ᠢ ᠳᠤᠭᠤᠷᠢᠨ ᠣᠷᠢᠶᠠᠵᠤ᠂ ᠳᠡᠯᠡᠭᠡᠢ ᠶ‍ᠢᠷᠳᠢᠠᠴᠤ ᠶᠢ ᠢᠪᠴᠤᠤ ᠪᠣᠯᠭᠠᠪᠠ᠃ ᠨᠠᠩ ᠢᠯᠠᠩᠭ᠋ᠤᠶ᠎ᠠ ᠠᠭᠠᠷ ᠤᠨ ᠮᠡᠳᠡᠭᠡ᠂ ᠴᠠᠭᠢᠯᠭᠠᠨ ᠣᠳᠠᠰᠤ᠂ ᠪᠦᠭᠦ ᠳᠡᠯᠡᠭᠡᠢ ᠶᠢ ᠵᠡᠷᠭᠡᠯᠳᠡᠭᠡ ᠠᠢ᠌ᠯ ᠮᠠᠳᠤ ᠪᠣᠯᠭᠠᠨ ᠬᠤᠯᠪᠣᠭᠰᠠᠨ》   ᠪᠠᠢ᠌ᠳᠠᠯ ᠢ ᠳᠤᠭᠠᠴᠢᠨ᠂ ᠰᠢᠡᠵᠢᠯᠡᠭᠦ ᠣᠬᠠᠭᠠᠨ ᠤ ᠭᠦᠭ᠍ᠵᠢᠯᠳᠡ ᠶᠢᠨ ᠪᠠᠢ᠌ᠳᠠᠯ ᠢ ᠢᠩᠭᠢᠵᠤ ᠳᠠᠯ᠎ᠠ ᠪᠦᠷᠢ ᠡᠴᠠ ᠮᠤᠩᠭ᠋ᠤᠯᠴᠤᠳ ᠲᠠᠭᠠᠨ ᠳᠠᠨᠢᠯᠴᠠᠭᠤᠯᠤᠭᠰᠠᠨ ᠪᠦᠭᠡᠳ《ᠰᠢᠡᠵᠢᠯᠡᠭᠦ ᠣᠬᠠᠭᠠᠨ ᠢ ᠰᠤᠷᠤᠭᠳᠤᠨ》   ᠭᠡᠵᠤ ᠴᠢᠩᠭ᠎ᠠ ᠣᠷᠢᠶᠠᠯᠠᠪᠠ᠃

    ᠬᠠᠳᠠ ᠪᠣᠯ ᠮᠤᠩᠭ᠋ᠤᠯ ᠦᠨᠳᠦᠰᠦᠳᠠᠨ ᠤ ᠮᠡᠳᠡᠯᠭᠡ ᠲᠡᠶ ᠰᠡᠭᠡᠭᠡᠳᠡᠳ ᠤᠨ ᠨᠢᠭᠡ ᠶᠤᠮ᠃ ᠳᠡᠭᠦᠨ ᠤ ᠨᠠᠢ᠌ᠷᠠᠭᠤᠯᠤᠯ ᠤᠨ ᠴᠢᠬᠤᠯᠠ ᠨᠢᠭᠡᠨ ᠣᠠᠴᠠᠯᠢᠭ ᠪᠣᠯ ᠨᠢᠳᠤᠨ ᠤ ᠬᠠᠷᠠᠭ᠎ᠠ ᠬᠤᠯᠠ ᠳᠤᠰᠴᠤ᠂ ᠮᠡᠳᠡᠯᠭᠡ ᠰᠢᠭᠡᠭᠡᠭ᠍ᠰᠡᠨ ᠳᠠᠯ᠎ᠠ ᠪᠣᠯᠤᠨ᠎ᠠ᠃ ᠳᠤᠰ ᠳᠦᠷᠤᠯ ᠤᠨ ᠨᠠᠢ᠌ᠷᠠᠭᠤᠯᠤᠯ ᠤᠨ ᠭᠢᠨᠢ ᠲᠦᠯᠦᠭᠡᠯᠡᠭᠦ ᠵᠤᠬᠢᠶᠠᠯ ᠪᠤᠯ《ᠶᠡᠭᠡ ᠬᠤᠳᠠ ᠪᠠᠯᠭᠠᠤᠨ》   ᠶᠤᠮ᠃ ᠳᠤᠰ ᠨᠠᠢ᠌ᠷᠠᠭᠤᠯᠤᠯ ᠳᠡᠯᠡᠭᠡᠢ ᠶᠢᠨ ᠶᠡᠭᠡ ᠬᠤᠳᠠ ᠪᠠᠯᠭᠠᠤᠨ ᠢ ᠳᠠᠨᠢᠯᠴᠠᠭᠤᠯᠬᠤ ᠪᠠᠷ ᠳᠠᠮᠵᠢᠭᠤᠯᠵᠤ᠂ ᠮᠤᠩᠭ᠋ᠤᠯᠴᠤᠳ᠂ ᠨᠢᠳᠤᠨ ᠶᠢᠡᠨ ᠨᠡᠭᠡᠭᠡᠵᠤ᠂ ᠪᠦᠳᠦᠭᠦᠯᠢᠭ᠌ ᠳᠤᠷᠤᠢ ᠪᠠᠢ᠌ᠳᠠᠯ ᠶᠢᠡᠨ ᠥᠭᠡᠷᠡᠴᠢᠯᠡᠭᠦ ᠶᠢ ᠰᠠᠨᠠᠭᠠᠴᠢᠯᠠᠭᠰᠠᠨ ᠰᠡᠩᠭᠡᠷᠡᠭᠦᠯᠦᠯ ᠤᠨ ᠪᠢᠴᠢᠭ᠌ ᠭᠡᠵᠤ ᠪᠣᠯᠬᠤ ᠶᠤᠮ᠃

    ᠲ᠋ᠤᠰ ᠨᠠᠢ᠌ᠷᠠᠭᠤᠯᠤᠯ ᠤᠨ ᠵᠤᠬᠢᠶᠠᠮᠵᠢ ᠪᠠᠢ᠌ᠷᠢᠯᠠᠭᠤᠯᠤᠯ ᠳᠤᠳᠤᠷᠬᠠᠢ ᠪᠦᠭᠡᠳ ᠠᠪᠴᠠᠯᠳᠤᠩᠭ᠋ᠤᠢ᠂ ᠶᠡᠭᠡ ᠬᠤᠳᠠ ᠪᠠᠯᠭᠠᠤᠨ ᠪᠣᠯᠤᠨ ᠮᠤᠩᠭ᠋ᠤᠯ ᠣᠷᠤᠨ ᠢ ᠣᠷᠭᠠᠨᠢᠭ ᠰᠠᠢ᠌ᠬᠠᠨ ᠬᠤᠯᠪᠣᠵᠠᠢ᠃ ᠵᠤᠬᠢᠶᠠᠯ ᠡᠭᠢᠯᠡᠮᠡᠭ᠍ᠴᠡ《ᠡᠳᠦᠭᠡ ᠴᠠᠭ ᠤᠨ ᠬᠤᠳᠠ ᠪᠠᠯᠭᠠᠤᠨ ᠤᠨ ᠪᠠᠢ᠌ᠳᠠᠯ ᠳᠦᠷᠰᠤ ᠢᠨᠤ ᠡᠯᠡᠰᠤ ᠭᠤᠪᠢ ᠳ᠋ᠠᠭᠢ ᠮᠠᠨ ᠤ ᠮᠤᠩᠭ᠋ᠤᠯ ᠤᠨ ᠠᠢ᠌ᠯ ᠨᠤᠳᠤᠭ ᠯᠤᠭ᠎ᠠ ᠠᠳᠠᠯᠢᠤᠠᠬᠠᠪᠠᠰᠤ ᠶᠡᠭᠡᠳᠡ ᠣᠠᠳᠤᠤ ᠪᠤᠯᠡᠢ》  ᠭᠡᠵᠤ ᠥᠭᠦᠯᠡᠨ ᠡᠨᠡ ᠭᠦ《ᠤᠨᠳᠦᠤ》   ᠡᠴᠠ ᠮᠠᠰᠢ ᠶᠡᠭᠡ ᠡᠪᠯᠢᠭ᠌ ᠬᠤᠳᠠ ᠳᠤ ᠰᠢᠯᠵᠢᠵᠠᠢ᠃ ᠶᠡᠭᠡ ᠬᠤᠳᠠ ᠪᠠᠯᠭᠠᠤᠨ ᠢ ᠳᠠᠨᠢᠯᠴᠠᠭᠤᠯᠬᠤ ᠳᠠᠭᠠᠨ ᠶᠠᠭᠤᠨ ᠤ ᠡᠮᠤᠨ᠎ᠡ ᠦᠷᠭᠡᠨ ᠵᠡᠭᠡᠯᠢ ᠦᠨᠳᠦᠷ ᠪᠠᠢ᠌ᠭᠤᠯᠭ᠎ᠠ᠂ ᠥᠵᠡᠰᠭᠦᠯᠡᠩ ᠤᠨ ᠭᠦᠷᠢᠶᠡᠯᠡᠩ ᠵᠡᠷᠭᠡ ᠶᠡᠷᠦᠩᠭᠡᠢ ᠪᠠᠢ᠌ᠳᠠᠯ ᠢ ᠳᠠᠨᠢᠴᠠᠭᠤᠯᠤᠨ᠂ ᠳᠠᠷᠠᠭ᠎ᠠ ᠪᠠᠷ ᠨᠢ ᠠᠷᠠᠯᠵᠢᠶ᠎ᠠ ᠬᠤᠳᠠᠯᠳᠤᠭ᠎ᠠ ᠶᠢᠨ ᠳᠠᠰᠤᠯᠭ᠎ᠠ ᠨᠤᠭᠤᠳ ᠢ ᠨᠠᠷᠢᠨ ᠳᠡᠮᠳᠡᠭᠯᠡᠨ ᠳᠤᠭᠠᠴᠠᠭᠰᠠᠨ ᠪᠠᠢ᠌ᠨ᠎ᠠ᠃ ᠡᠭᠦᠨ ᠤ ᠪᠠᠨ ᠳᠠᠷᠠᠭ᠎ᠠ ᠪᠠᠷ ᠬᠤᠳᠠ ᠶᠢᠨ ᠭᠦᠮᠦᠰ ᠤᠨ ᠠᠮᠢᠳᠤᠷᠠᠯ ᠢ ᠳᠤᠪᠴᠢ ᠳᠠᠨᠢᠯᠴᠠᠭᠤᠯᠬᠤ ᠳ᠋ᠠᠭᠠᠨ《ᠶᠠᠷᠤ ᠬᠤᠳᠠ ᠭᠠᠵᠠᠷ ᠤᠨ ᠭᠦᠮᠦᠰ ᠶᠠᠭᠠᠷᠠᠮᠳᠠᠭᠠᠢ ᠪᠦᠭᠡᠳ ᠴᠠᠭ ᠮᠦᠴᠡ ᠶᠢ ᠴᠢᠬᠤᠯᠠ ᠪᠣᠯᠭᠠᠵᠤ ᠠᠵᠤ ᠠᠬᠤᠢ ᠶᠢ ᠡᠷᠭᠢᠮᠯᠡᠮᠦᠢ》   ᠭᠡᠵᠤ ᠣᠨᠤᠪᠴᠢᠳᠠᠢ ᠣᠠᠴᠠᠯᠢᠭ ᠢ ᠨᠢ ᠳᠤᠪᠣᠢ᠌ᠯᠭᠠᠵᠤ᠂ ᠰᠡᠩᠭᠡᠷᠡᠭᠦᠯᠦᠯ ᠤᠨ ᠭᠦᠴᠤᠨ ᠲᠡᠶ ᠪᠢᠴᠢᠵᠠᠢ᠃ ᠡᠴᠦᠰ ᠲᠤ ᠡᠳᠦᠭᠡ ᠴᠠᠭ ᠤᠨ ᠶᠡᠭᠡ ᠬᠤᠳᠠ ᠪᠠᠯᠭᠠᠤᠨ ᠪᠣᠯ ᠳᠡᠯᠡᠭᠡᠢ ᠶᠢᠨ ᠬᠠᠷᠢᠯᠴᠠᠭᠠᠨ ᠤ ᠭᠦᠢᠰᠤ ᠭᠡᠵᠤ ᠳᠦᠷᠰᠤᠯᠠᠨ ᠳᠡᠮᠳᠡᠭᠯᠡᠭᠦ ᠶᠢᠨ ᠬᠠᠮᠳᠤ᠂ 《ᠡᠭᠦᠨ ᠯᠦᠭᠡ ᠠᠳᠠᠯᠢᠳᠬᠠᠪᠠᠰᠤ᠂ ᠮᠠᠨ ᠤ ᠭᠤᠪᠢ ᠭᠠᠵᠠᠷ ᠤᠨ ᠠᠢ᠌ᠯ ᠪᠠᠯᠴᠢᠭᠡᠷ᠂ ᠨᠤᠳᠤᠭ ᠣᠷᠤᠨ ᠠᠨᠤ ᠳᠤᠩ ᠴᠤ ᠪᠦᠳᠦᠭᠦᠯᠢᠭ᠌᠂ ᠳᠤᠩ ᠴᠤ ᠵᠢᠵᠢᠭ᠍‍ᠬᠡᠨ᠂ ᠳᠤᠩ ᠴᠤ ᠳᠤᠷᠤᠢ ᠠᠨᠤ ᠦᠨᠡᠨ ᠮᠠᠭᠠᠤᠨ ᠮᠠᠳᠤ ᠰᠠᠨᠠᠭᠳᠠᠬᠤ ᠶᠢᠨ ᠳᠤᠯᠠ ᠵᠤᠷᠢᠭᠳᠤ ᠮᠤᠩᠭ᠋ᠤᠯᠴᠤᠳ ᠨᠢᠳᠤᠨ ᠶᠢᠡᠨ ᠨᠡᠭᠡᠭᠡᠵᠤ ᠠᠩᠬᠠᠷᠤᠭᠳᠤᠨ》  ᠭᠡᠮᠡᠭᠡᠳ ᠵᠤᠬᠢᠶᠠᠯ ᠶᠢᠡᠨ ᠳᠡᠭᠦᠰᠭᠡᠵᠡᠢ᠃ ᠡᠨᠡ ᠮᠠᠳᠤ ᠡᠭᠢᠯᠡᠯᠳᠡ ᠳᠡᠭᠦᠰᠭᠡᠯ ᠲᠡᠶ ᠶᠡᠭᠡ ᠬᠤᠳᠠ ᠶᠢ ᠪᠦᠭᠦ ᠳᠠᠯ᠎ᠠ ᠪᠠᠷ ᠳᠠᠨᠢᠯᠴᠠᠭᠤᠯᠤᠭᠰᠠᠨ ᠨᠢ《ᠵᠤᠷᠢᠭᠳᠤ ᠮᠤᠩᠭ᠋ᠤᠯᠴᠤᠳ ᠤᠨ ᠨᠢᠳᠤᠨ ᠶᠢᠡᠨ ᠨᠡᠭᠡᠭᠡᠵᠤ ᠠᠩᠬᠠᠷᠠᠬᠤ》  ᠵᠢ᠌ ᠭᠦᠰᠡᠭ᠍ᠰᠡᠨ ᠭᠤᠤᠯ ᠦᠵᠡᠯ ᠰᠠᠨᠠᠭ᠎ᠠ ᠪᠠᠨ ᠢᠯᠡᠳᠭᠡᠭᠦ ᠶᠢᠨ ᠲᠦᠯᠦᠭᠡ ᠶᠤᠮ᠃

   《᠁  ᠣᠠᠴᠠᠯᠠᠨ ᠭᠦᠭ᠍ᠵᠢᠯᠳᠡᠢ ᠶᠠᠪᠣᠭᠳᠠᠵᠤ ᠪᠠᠢ᠌ᠭ᠎ᠠ ᠣᠢ᠌ᠯᠠᠳᠪᠣᠷᠢ ᠬᠤᠳᠠᠯᠳᠤᠭ᠎ᠠ》  ᠭᠦᠷᠳᠡᠯ᠎ᠡ ᠪᠠᠶᠠᠯᠢᠭ ᠭᠡᠯᠡ ᠭᠡᠯᠡᠯᠭᠡ ᠪᠠᠷ ᠨᠠᠷᠢᠨ ᠳᠤᠳᠤᠷᠠᠬᠠᠢ ᠳᠡᠮᠳᠡᠭᠯᠡᠨ ᠳᠤᠭᠠᠴᠢᠵᠤ ᠪᠠᠢ᠌ᠭ᠎ᠠ ᠵᠤᠬᠢᠶᠠᠭᠴᠢ ᠶᠢᠨ ᠭᠤᠤᠯ ᠦᠵᠡᠯᠳᠠ ᠪᠣᠯ《ᠭᠠᠷᠤᠯᠳᠠ ᠭᠦᠷᠦᠩᠭᠡ ᠳᠤ ᠪᠣᠯᠪᠠᠰᠤᠷᠭᠠᠳᠤᠢ ᠣᠭ ᠭᠠᠷᠤᠯᠳᠠ ᠪᠠ ᠪᠣᠯᠪᠠᠰᠤᠷᠠᠭᠤᠯᠤᠭᠰᠠᠨ ᠪᠠᠯᠠᠨ ᠡᠳ᠋ ᠳᠠᠸᠠᠷ ᠡᠯᠪᠠᠭ᠌ ᠳᠡᠯᠪᠠᠭ᠌ ᠶᠢᠡᠷ ᠳᠦᠷᠦᠭᠦᠯᠡᠨ ᠪᠦᠳᠦᠭᠡᠵᠤ ᠴᠢᠳᠠᠬᠤ ᠠᠪᠠᠰᠤ᠂ ᠳᠠᠷᠤᠢ ᠴᠢᠭᠢᠷᠠᠭ ᠪᠠᠶᠠᠨ ᠭᠦᠴᠦᠳᠡᠢ ᠮᠠᠠᠳᠤᠵᠤ ᠪᠠᠢ᠌ᠬᠤ ᠶᠢᠨ ᠳᠡᠮᠳᠡᠭ᠌ ᠮᠦᠨ ᠪᠣᠯᠤᠮᠤᠢ》  ᠂ 《ᠮᠤᠩᠭ᠋ᠤᠯᠴᠤᠳ ᠪᠣᠯᠪᠠᠰᠤᠷᠠᠯ ᠤᠨ ᠶᠠᠪᠣᠳᠠᠯ ᠢ ᠴᠢᠷᠮᠠᠢ᠌ᠪᠠᠰᠤ ᠵᠤᠭᠢᠮᠦᠢ》  ᠭᠡᠳᠡᠭ᠌ ᠲᠤ ᠪᠠᠢ᠌ᠨ᠎ᠠ᠃

    ᠵᠤᠬᠢᠶᠠᠭᠴᠢ《ᠡᠷᠳᠡᠮ ᠪᠣᠯᠪᠠᠰᠤᠷᠠᠯ》  ᠳ᠋ᠠᠭᠠᠨ ᠪᠠᠰᠠ《ᠭᠡᠷᠪᠡ ᠰᠥᠨᠦᠭᠦᠢ ᠶᠢᠨ ᠬᠠᠭᠠᠯᠭᠠᠨ ᠡᠴᠠ ᠠᠩᠭᠢᠵᠢᠷᠠᠵᠤ᠂ ᠭᠦᠭ᠍ᠵᠢᠭᠦᠢ ᠶᠢᠨ ᠭᠦᠷᠢᠶᠡᠨ ᠳᠤᠷ ᠳᠠᠪᠰᠢᠰᠤᠭᠠᠢ ᠭᠡᠮᠡᠪᠠᠰᠤ᠂ ᠶᠠᠭᠤᠨ ᠤ ᠡᠮᠤᠨ᠎ᠡ ᠡᠷᠳᠡᠮ ᠪᠣᠯᠪᠠᠰᠤᠷᠠᠯ ᠶᠢᠡᠷ ᠦᠨᠳᠦᠰᠦ ᠰᠠᠭᠤᠷᠢ ᠪᠣᠯᠭᠠᠬᠤ ᠦᠭᠡᠶ ᠪᠦᠭᠡᠰᠤ ᠪᠣᠯᠬᠤ ᠦᠭᠡᠶ᠂ ᠡᠷ᠎ᠡ ᠭᠢᠭᠡᠳ ᠡᠳ᠋ ᠪᠠᠢ᠌ᠪᠠᠴᠤ ᠡᠷᠳᠡᠮ ᠦᠭᠡᠶ ᠪᠦᠭᠡᠰᠤ ᠶᠠᠪᠣᠳᠠᠯ ᠢ ᠪᠦᠷᠢᠳᠭᠡᠵᠤ ᠴᠢᠳᠠᠬᠤ ᠦᠭᠡᠶ᠂ ᠡᠳ᠋ ᠭᠢᠭᠡᠳ ᠡᠷᠳᠡᠮ ᠪᠠᠢ᠌ᠪᠠᠴᠤ ᠡᠪ ᠦᠭᠡᠶ ᠪᠣᠯᠪᠠᠰᠤ ᠭᠡᠷᠡᠭ᠌ ᠢ ᠪᠦᠳᠦᠭᠡᠵᠤ ᠪᠣᠯᠬᠤ ᠦᠭᠡᠶ ᠶᠢᠨ ᠳᠤᠯᠠ ᠡᠷᠳᠡᠮ ᠡᠴᠠ ᠡᠪ ᠰᠠ‍‌ᠶᠢ ᠡᠭᠦᠰᠦᠨᠡᠮ᠂ ᠡᠪ ᠡᠷᠳᠡᠮ ᠬᠤᠶᠠᠷ ᠢ ᠪᠦᠷᠢᠳᠭᠡᠪᠠᠰᠤ ᠡᠯᠳᠡᠪ ᠵᠣᠢ᠌ᠯ ᠤᠨ ᠭᠡᠷᠡᠭ᠌ ᠣᠢ᠌ᠯᠠᠰ ᠢ ᠰᠠ‍‌ᠶᠢ ᠪᠦᠳᠦᠭᠡᠨ ᠴᠢᠳᠠᠬᠤ ᠠᠮᠤᠢ᠃ ᠡᠷᠳᠡᠮ ᠭᠡᠷᠡᠭ᠍ᠳᠡᠢ᠂ ᠡᠳ᠋ ᠭᠡᠷᠡᠭ᠍ᠳᠡᠢ᠂ ᠡᠷ᠎ᠡ ᠭᠡᠷᠡᠭ᠍ᠳᠡᠢ》   ᠭᠡᠰᠡᠨ ᠬᠠᠳᠠ᠂ ᠰᠤᠶᠤᠯ ᠰᠢᠡᠵᠢᠯᠡᠭᠦ ᠣᠬᠠᠭᠠᠨ ᠢ ᠡᠵᠡᠮᠰᠢᠵᠤ ᠡᠷᠳᠡᠮ ᠶᠢᠡᠷ ᠰᠠᠭᠤᠷᠢᠯᠠᠬᠤ ᠳᠤ ᠡᠩ ᠳᠡᠷᠢᠭᠦᠨ ᠳᠤ ᠥᠭᠡ ᠭᠡᠯᠡ᠂ ᠥᠰᠦᠭ᠌ ᠪᠢᠴᠢᠭ᠌ ᠰᠤᠷᠬᠤ ᠰᠤᠷᠭᠠᠭᠤᠯᠢ ᠭᠡᠷᠡᠭ᠍ᠳᠡᠢ ᠭᠡᠵᠤ ᠳᠠᠨᠢᠨ ᠦᠪᠡᠷ ᠤᠨ ᠪᠣᠳᠠᠳᠤ ᠠᠵᠢᠯᠯᠠᠭ᠎ᠠ ᠪᠠᠷ ᠶᠢᠡᠨ ᠰᠤᠷᠭᠠᠭᠤᠯᠢ ᠭᠢᠴᠢᠶᠠᠯ ᠪᠠᠢ᠌ᠭᠤᠯᠵᠤ᠂ 《ᠭᠦᠴᠤᠨ ᠡᠷᠭᠡᠳᠤ ᠮᠤᠩᠭ᠋ᠤᠯ ᠤᠨ ᠵᠠᠰᠠᠭ ᠪᠠᠷᠢᠭᠴᠢ ᠪᠠ ᠭᠦᠭᠡᠷᠦᠭᠦᠢ ᠡᠨᠡᠷᠢᠯᠳᠤ ᠰᠡᠳᠭᠢᠯᠳᠠᠨ ᠮᠤᠩᠭ᠋ᠤᠯ ᠤᠨ ᠪᠠᠶᠠᠴᠤᠳ ᠳᠠᠨ᠎ᠠ᠂ ᠰᠥᠰᠦᠭᠯᠡᠨ ᠡᠷᠡᠮᠯᠡᠵᠡᠵᠤ ᠭᠦᠰᠡᠭᠦ ᠳᠤ ᠰᠦᠨᠤᠨ ᠪᠦᠭᠦᠢ ᠮᠤᠩᠭ᠋ᠤᠯ ᠠᠢ᠌ᠮᠠᠭ ᠤᠨ ᠨᠢᠭᠡᠨ ᠰᠠᠯᠳᠠ ᠪᠣᠯᠬᠤ ᠳᠤᠯᠠ ᠳᠠᠨᠠᠷ ᠶᠢᠠᠷ ᠣᠬᠠᠭᠠᠨ ᠪᠣᠯᠪᠠᠰᠤᠷᠠᠯ ᠦᠭᠡᠶ ᠶᠢᠨ ᠣᠴᠢᠷ ᠣᠷᠰᠢᠭ ᠶᠢᠡᠷ ᠣᠭᠰᠠᠭ᠎ᠠ ᠠᠢ᠌ᠮᠠᠭ ᠮᠢᠨᠤ ᠮᠥᠭᠦᠭᠦᠢ ᠳᠤᠷ ᠤᠢ᠌ᠷᠠᠳᠤᠭᠠᠤᠨ ᠣᠷᠤᠭᠰᠢ ᠳᠡᠪᠰᠢᠬᠤᠢ ᠶᠢᠨ ᠡᠳᠦᠷ ᠴᠠᠭ ᠦᠭᠡᠶ ᠡᠨᠡ ᠡᠷᠢᠨ᠎ᠡ᠂ ᠣᠯᠠᠮ ᠣᠯᠠᠮ ᠶᠢᠡᠷ ᠳᠤᠷᠣᠢ᠌ᠳᠠᠨ ᠪᠠᠢ᠌ᠬᠤ ᠪᠠᠢ᠌ᠳᠠᠯ ᠢ ᠮᠢᠨᠤ ᠨᠢᠭᠡᠨ ᠴᠠᠭ᠂ ᠨᠢᠭᠡᠨ ᠮᠦᠴᠡ ᠳᠤ ᠬᠤᠭᠤᠰᠤᠨ ᠬᠠᠵᠠᠭᠤ ᠡᠴᠠ ᠬᠠᠷᠠᠵᠤ ᠥᠩᠭᠡᠷᠡᠭᠦᠯᠭᠦ ᠦᠭᠡᠶ ᠪᠠᠷ ᠭᠦᠴᠤᠨ ᠰᠦᠷ ᠪᠠ ᠭᠦᠷᠦᠩᠭᠡ ᠡᠳ᠋ ᠶᠢᠡᠨ ᠬᠠᠢ᠌ᠷᠠᠯᠠᠨ ᠨᠤᠭᠤᠷᠠᠯ ᠦᠭᠡᠶ ᠪᠠᠷ ᠳᠠᠶᠠᠭᠳᠠᠨ ᠭᠠᠷᠭᠠᠵᠤ᠂ ᠭᠠᠵᠠᠷ ᠪᠦᠷᠢ ᠰᠤᠷᠭᠠᠭᠤᠯᠢ ᠪᠠᠢ᠌ᠭᠤᠯᠤᠨ᠂ ᠭᠦᠮᠤᠨ ᠪᠦᠭᠦᠳᠡ ᠶᠢ ᠭᠦᠮᠦᠵᠢᠭᠦᠯᠤᠨ ᠰᠤᠷᠭᠠᠵᠤ᠂ ᠬᠠᠷᠠᠩᠭ᠋ᠤᠢ ᠡᠴᠠ ᠮᠢᠨᠤ ᠭᠡᠭᠡᠷᠭᠦᠯᠤᠨ᠂ ᠬᠠᠳᠠᠭᠤ ᠡᠴᠠ ᠮᠢᠨᠤ ᠵᠠᠢ᠌ᠯᠠᠭᠤᠯᠤᠨ᠂ ᠭᠠᠰᠠᠯᠠᠩᠳᠤ ᠮᠤᠩᠭ᠋ᠤᠯ ᠤᠨ ᠠᠷᠠᠤᠨ ᠲᠦᠮᠡᠨ ᠢ ᠮᠢᠨᠢ ᠭᠠᠰᠢᠭᠤᠨ ᠵᠤᠪᠠᠯᠠᠩ ᠡᠴᠠ ᠭᠡᠳᠦᠯᠭᠡᠨ᠂ ᠭᠠᠢ᠌ᠬᠠᠮᠰᠢᠳᠤ ᠰᠠᠢ᠌ᠬᠠᠨ ᠵᠢᠷᠭᠠᠯ ᠴᠡᠩᠭᠡᠯ ᠤᠨ ᠵᠠᠮ ᠢ ᠣᠯᠭᠤᠭᠤᠯᠬᠤ ᠶᠢᠨ ᠳᠤᠯᠠ ᠭᠠᠪᠰᠢᠭᠠᠢ᠌ᠯᠠᠨ ᠴᠢᠷᠮᠠᠢ᠌ᠵᠤ ᠵᠢᠦᠡᠭᠦᠭᠦ ᠪᠣᠯᠪᠠᠤ》   ᠭᠡᠵᠤ ᠮᠤᠩᠭ᠋ᠤᠯ ᠤᠨ ᠵᠠᠰᠠᠭ ᠪᠠᠷᠢᠭᠴᠢ᠂ ᠮᠤᠩᠭ᠋ᠤᠯ ᠪᠠᠶᠠᠴᠤᠳ ᠲᠠᠭᠠᠨ᠂ ᠮᠤᠩᠭ᠋ᠤᠯ ᠤᠨ ᠶᠢᠡᠨ ᠲᠦᠯᠦᠭᠡᠨ᠎ᠡ ᠰᠥᠭᠦᠷᠡᠨ ᠭᠤᠶᠤᠭᠰᠠᠨ ᠪᠠᠢ᠌ᠳᠠᠭ᠃ ᠬᠠᠳᠠ ᠨᠠᠢ᠌ᠷᠠᠭᠤᠯᠤᠯ ᠳᠠᠭᠠᠨ ᠡᠷᠳᠡᠨ ᠤ ᠳᠡᠦᠭᠡ ᠶᠢ ᠪᠢᠴᠢᠵᠤ᠂ ᠡᠳᠦᠭᠡ ᠶᠢ ᠳᠤᠯᠢᠳᠬᠠᠬᠤ ᠳᠠᠭᠠᠨ ᠦᠨᠦᠳᠤᠷ ᠤᠨ ᠮᠡᠷᠭᠡᠵᠢᠯ ᠠᠬᠤᠢ ᠶᠢ ᠳᠤᠰᠬᠠᠵᠤ᠂ ᠣᠬᠠᠭᠠᠷᠠᠯ ᠢ ᠣᠷᠢᠶᠠᠯᠠᠬᠤ ᠳᠠᠭᠠᠨ ᠴᠤ ᠰᠢᠨ᠎ᠠ ᠰᠤᠶᠤᠯ ᠪᠣᠯᠪᠠᠰᠤᠷᠠᠯ ᠢ ᠡᠷᠮᠡᠯᠵᠡᠵᠤ᠂ ᠰᠢᠡᠵᠢᠯᠡᠭᠦ ᠣᠬᠠᠭᠠᠨ ᠢ ᠴᠢᠬᠤᠯᠠᠴᠢᠯᠠᠬᠤ ᠳᠠᠭᠠᠨ ᠪᠠ ᠠᠵᠢᠯ ᠠᠯᠪᠠ᠂ ᠠᠮᠢᠳᠤᠷᠠᠯ ᠤᠨ ᠶᠢᠡᠨ ᠠᠯᠢ ᠣᠯᠠᠨ ᠵᠣᠢ᠌ᠯᠠᠰ ᠲᠤ ᠦᠨᠳᠦᠰᠦᠳᠠᠨ ᠶᠢᠡᠨ ᠭᠡᠭᠦ ᠦᠵᠡᠯ ᠣᠬᠠᠮᠰᠠᠷ ᠤᠨ ᠵᠢᠯᠤᠭᠤᠳᠤᠯᠭ᠎ᠠ ᠲᠡᠶ᠂ ᠡᠭᠦᠨ ᠢ ᠪᠠᠨ ᠰᠢᠩᠭᠡᠭᠡᠵᠤ᠂ ᠨᠡᠪᠴᠢᠭᠡᠵᠤ᠂ ᠳᠤᠤᠱᠯᠠᠭᠤᠯᠵᠤ ᠶᠠᠪᠣᠭᠰᠠᠨ ᠶᠤᠮ᠃

    ᠵᠤᠬᠢᠶᠠᠭᠴᠢ ᠳᠡᠭᠡᠷᠡᠭᠢ ᠣᠤᠠᠬ᠎ᠠ ᠠᠭᠤᠯᠭ᠎ᠠ ᠪᠠᠨ ᠠᠢ᠌ᠵᠠᠮ ᠴᠤᠭᠢᠯᠭ᠎ᠠ ᠪᠠᠷ ᠴᠢᠩᠭ᠎ᠠ ᠣᠢ᠌ᠯᠠᠭᠠᠮᠵᠢᠳᠠᠢ ᠣᠷᠤᠰᠤᠮ᠎ᠠ ᠭᠡᠯᠡᠯᠭᠡ ᠪᠠᠷ ᠬᠠᠶᠠ ᠵᠠᠷᠢᠮ ᠳᠠᠭᠠᠨ ᠳᠠᠯᠳᠠ ᠳᠠᠮ ᠠᠷᠭ᠎ᠠ ᠪᠠᠷ ᠢᠳᠡᠯᠢᠭ᠌ ᠡᠷᠴᠢᠮᠳᠡᠢ ᠢᠯᠡᠳᠭᠡᠭ᠍ᠰᠡᠨ ᠪᠠᠢ᠌ᠨ᠎ᠠ᠃ ᠬᠠᠳᠠ ᠡᠢ᠌ᠨ ᠭᠦ ᠣᠬᠤᠷ ᠰᠢᠷᠪᠤᠰᠦᠯᠢᠭ᠌ ᠰᠢᠯᠢᠳᠡᠭ᠌ ᠨᠠᠢ᠌ᠷᠠᠭᠤᠯᠤᠯ ᠶᠢᠡᠷ ᠶᠢᠡᠨ ᠣᠷᠴᠢᠨ ᠦᠶ᠎ᠡ ᠶᠢᠨ ᠮᠤᠩᠭ᠋ᠤᠯ ᠣᠷᠠᠨ ᠵᠤᠬᠢᠶᠠᠯ ᠳᠤ ᠨᠠᠮᠠᠷᠠᠢ ᠬᠠᠠᠳᠢᠪ ᠣᠷᠤᠭᠤᠯᠵᠠᠢ᠃

    ᠰᠡᠭᠦᠯ ᠤᠨ ᠦᠶ᠎ᠡ ᠳᠤ᠂ ᠠᠵᠢᠯ ᠳᠦᠷᠤᠯ ᠤᠨ ᠬᠠᠷᠭ᠎ᠠ ᠡᠴᠠ ᠭᠡᠭᠦ ᠦᠦ ᠡᠯᠳᠡᠪ ᠭᠦᠳᠡᠯᠭᠡᠭᠡᠨ ᠡᠴᠠ ᠰᠢᠳᠠᠭᠠᠯᠠᠭᠳᠠᠭᠰᠠᠨ ᠴᠤ ᠭᠡᠭᠦ ᠦᠦ︖ ᠣᠷᠠᠨ ᠵᠤᠬᠢᠶᠠᠯ ᠪᠢᠴᠢᠵᠤ ᠨᠡᠢ᠌ᠳᠠᠯᠠᠭᠦᠯᠦᠭ᠍ᠰᠡᠨ ᠴᠤ ᠣᠯᠠᠳᠠᠵᠤ ᠬᠤᠴᠤᠷᠤᠭᠰᠠᠨ ᠨᠢ ᠪᠠᠷᠤᠭ ᠦᠭᠡᠶ ᠰᠢᠬᠠᠮ ᠪᠣᠯᠪᠠᠴᠤ᠂ ᠵᠤᠯ ᠶᠢᠡᠷ ᠣᠯᠳᠠᠭᠰᠠᠨ《ᠢᠮᠢᠨ ᠭᠤᠤᠯ ᠤᠨ ᠳᠠᠭᠤᠯᠠᠯ》   ᠭᠡᠳᠡᠭ᠌ ᠰᠢᠯᠦᠭ᠌ ᠡᠴᠠ ᠦᠵᠡᠪᠠᠯ᠂ ᠣᠷᠠᠨ ᠵᠤᠬᠢᠶᠠᠯ ᠶᠢᠡᠨ ᠦᠷᠭᠦᠯᠵᠢᠯᠡᠨ ᠣᠷᠤᠯᠳᠤᠵᠤ ᠪᠠᠢ᠌ᠭᠰᠠᠨ ᠨᠢ ᠢᠯᠡᠷᠭᠡᠢ ᠪᠦᠭᠡᠳ ᠨᠠᠢ᠌ᠷᠠᠭᠤᠯᠤᠯ ᠶᠢᠡᠷ ᠭᠤᠤᠯᠳᠠᠵᠤ᠂ ᠪᠣᠰᠤᠳ ᠰᠲ᠋ᠢᠯᠢ ᠶᠢᠨ ᠵᠤᠬᠢᠶᠠᠯ ᠴᠤ ᠪᠢᠴᠢᠵᠤ ᠪᠠᠢ᠌ᠭᠰᠠᠨ ᠨᠢ ᠳᠤᠳᠤᠷᠬᠠᠢ᠃ ᠡᠢ᠌ᠮᠤ ᠡᠴᠠ ᠭᠦᠡᠳᠦᠳᠤ ᠵᠤᠬᠢᠶᠠᠯᠴᠢᠳ ᠤᠨ ᠶᠢᠡᠨ ᠭᠦᠷᠦᠩᠭᠡ ᠵᠤᠬᠢᠶᠠᠯ ᠢ ᠱᠠᠯᠠᠪᠳᠠᠨ ᠡᠮᠭᠢᠯᠡᠵᠤ ᠴᠤᠭᠯᠠᠭᠤᠯᠵᠤ᠂ ᠴᠢᠨᠠᠭᠰᠢ ᠨᠢ ᠣᠢ᠌ᠯᠠᠭᠠᠵᠤ ᠰᠤᠳᠤᠯᠵᠤ ᠰᠤᠶᠤᠯ ᠤᠨ ᠶᠢᠡᠨ ᠦᠪ ᠢ ᠬᠠᠮᠠᠭᠠᠯᠠᠬᠤ ᠨᠢ ᠮᠠᠨ ᠤ ᠡᠭᠦᠷᠭᠡ ᠪᠣᠶᠤ᠃


ᠵᠤᠬᠢᠶᠠᠭᠴᠢ ᠶᠢᠨ ᠬᠠ‍‌ᠶᠢᠭ᠄ ᠬᠦᠯᠦᠨ ᠪᠤᠢᠷ ᠳᠡᠭᠡᠳᠦ ᠰᠤᠷᠭᠠᠭᠤᠯᠢ

ᠵᠤᠬᠢᠶᠠᠭᠴᠢ᠄ ᠰᠤᠶᠤᠯᠮ᠎ᠠ
ᠢᠷᠡᠯᠲᠡ᠄ ᠦᠭᠡᠯᠡᠳ ᠵᠮᠠᠰᠠ ᠢᠷᠡᠭᠦᠯᠪᠡ
ᠬᠠᠷᠢᠶ᠎ᠠ᠄ ᠥᠭᠥᠯᠡᠯ ᠰᠢᠭᠦᠮᠵᠢ
ᠳᠠᠷᠤᠮ᠄ 12102
ᠴᠠᠭ᠄ 2011 ᠤᠨ ᠤ 02 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ